ᠠᠯᠠᠱᠠ ᠬᠤᠰᠢᠭᠤᠨ ᠤ ᠦᠨᠳᠤᠰᠤᠨ ᠱᠠᠳᠤᠨ ᠤ ᠵᠤᠭᠢᠶᠠᠨ ᠪᠡᠶᠢᠭᠤᠯᠤᠯᠳᠠ
ᠨᠡᠶᠢᠲᠡᠯᠡᠭᠰᠡᠨ ᠴᠠᠭ᠄
2024/9/10
       ᠬᠤᠰᠢᠭᠤ ᠠᠩᠬ᠎ᠠ ᠪᠡᠶᠢᠭᠤᠯᠤᠭᠳᠠᠬᠤ ᠳᠤ ᠠᠷᠪᠠᠨ ᠡᠷᠤᠭᠡ ᠪᠠᠷ ᠨᠢᠭᠡᠴᠢ ᠪᠤᠯᠭᠠᠨ ᠨᠢᠭᠡ ᠠᠷᠪᠠᠳᠤ ᠪᠤᠯᠭᠠᠵᠤ ᠂ ᠠᠷᠪᠠᠳᠤ ᠶᠢᠨ ᠳᠠᠷᠤᠭ᠎ᠠ ᠭᠡᠬᠦ ᠬᠦᠮᠤᠨ ᠢ ᠳᠤᠮᠢᠯᠠᠨ ᠠᠷᠪᠠᠨ ᠡᠷᠤᠭᠡ ᠶᠢᠨ ᠭᠡᠷᠡᠭ ᠢ ᠬᠠᠮᠢᠶᠠᠷᠤᠭᠤᠯᠳᠠᠭ ᠪᠠᠶᠢᠵᠡᠢ᠃ ᠰᠡᠬᠦᠯᠡᠷ ᠨᠢ ᠪᠤᠯᠵᠤ ᠨᠡᠢᠮᠠᠨ ᠰᠤᠮᠤ ᠪᠠᠷ ᠨᠢᠭᠡᠴᠡᠯᠡᠭᠰᠡᠨ ᠵᠤᠭᠢᠶᠠᠨ ᠪᠡᠶᠢᠭᠤᠯᠤᠯᠳᠠ ᠶᠢᠨ ᠳᠦᠷᠢᠮ ᠢ ᠭᠡᠷᠡᠭᠵᠢᠬᠦᠯᠵᠤ᠂ ᠡᠨᠡ ᠰᠤᠮᠤ ᠨᠢ ᠠᠩᠬᠠᠨ ᠳᠠᠭᠠᠨ ᠴᠡᠷᠢᠭ ᠤᠨ ᠵᠤᠭᠢᠶᠠᠨ ᠪᠡᠶᠢᠭᠤᠯᠤᠯᠳᠠ ᠶᠢᠨ ᠰᠢᠨᠵᠢ ᠲᠠᠢ ᠪᠡᠶᠢᠵᠤ᠂ 18 ᠨᠠᠰᠤᠨ ᠠᠴᠠ 55 ᠨᠠᠰᠤᠨ ᠤ ᠬᠠᠷ᠎ᠠ ᠬᠦᠮᠤᠨ ᠢ ᠴᠡᠷᠢᠭ ᠢᠶᠠᠷ ᠳᠠᠩᠰᠠᠯᠠᠵᠤ᠂ ᠰᠤᠮᠤ ᠪᠦᠷᠢ ᠶᠢᠨ ᠭᠤᠷᠪᠠᠨ ᠡᠷᠡᠴᠤᠳ ᠤᠨ ᠳᠤᠮᠳᠠ ᠨᠢᠭᠡ ᠴᠡᠷᠢᠭ ᠤᠯᠭᠤᠵᠤ᠂ ᠰᠤᠮᠤ ᠪᠦᠷᠢ ᠶᠢᠨ ᠬᠤᠶᠠᠭ ᠤᠨ ᠳᠤᠭ᠎ᠠ ᠨᠢ ᠮᠤᠷᠢᠳᠤ ᠴᠡᠷᠢᠭ  50 ᠬᠦᠮᠤᠨ᠂ ᠰᠤᠯᠠ ᠴᠡᠷᠢᠭ 100 ᠬᠦᠮᠤᠨ ᠪᠠᠶᠢᠵᠤ᠂ ᠰᠤᠮᠤ ᠪᠦᠷᠢ ᠨᠡᠶᠢᠳᠠ 150 ᠴᠡᠷᠢᠭ᠂ ᠪᠦᠬᠦᠳᠡ 1200 ᠴᠡᠷᠢᠭ ᠲᠤ ᠬᠦᠷᠴᠤ ᠪᠠᠶᠢᠭᠰᠠᠨ ᠪᠠᠶᠢᠨ᠎ᠠ᠃ ᠳᠡᠭᠷᠢ ᠳᠡᠳᠬᠦᠭᠴᠢ ᠶᠢᠨ ᠭᠤᠴᠢᠨ ᠳᠤᠯᠤᠳᠤᠭᠠᠷ ᠤᠨ ︵1772 ᠤᠨ︶ ᠳᠤ ᠯᠤᠪᠰᠠᠩᠳᠤᠷᠵᠢ ᠨᠤᠶᠠᠨ ︽ᠮᠠᠨ ᠤ ᠬᠤᠰᠢᠭᠤᠨ ᠤ ᠨᠤᠳᠤᠭ ᠭᠠᠵᠠᠷ ᠦᠷᠭᠡᠨ ᠠᠭᠤᠳᠠᠮ᠂ ᠵᠠᠮ ᠨᠡᠪᠳᠡᠷᠡᠯᠭᠡ ᠬᠤᠯᠠ ᠳᠤᠯᠠ ᠬᠤᠰᠢᠭᠤᠨ ᠤ ᠠᠯᠢᠪᠠ ᠪᠠᠴᠢᠮ ᠭᠡᠷᠡᠭ ᠢ ᠵᠠᠭᠢᠷᠤᠨ ᠰᠶᠢᠳᠭᠡᠬᠦ ᠳᠤᠷ ᠳᠦᠬᠦᠮ ᠢ ᠪᠤᠳᠤᠵᠤ᠂ ᠬᠠᠷᠢᠶᠠᠳᠤ ᠭᠠᠵᠠᠷ ᠢ ᠭᠡᠰᠡᠭᠯᠡᠨ ᠬᠤᠪᠢᠶᠠᠵᠤ᠂ ᠵᠠᠬ᠎ᠠ ᠳᠠᠭᠠᠭᠠᠭᠰᠠᠨ ᠳᠦᠰᠢᠮᠠᠯ ᠢ ᠳᠤᠮᠢᠯᠠᠨ ᠵᠠᠭᠢᠷᠤᠭᠤᠯᠬᠤ︾ ᠪᠠᠷ ᠵᠠᠭᠢᠶ᠎ᠠ ᠪᠠᠭᠤᠵᠤ ᠪᠦᠬᠦ ᠬᠤᠰᠢᠭᠤ ᠪᠠᠨ ᠡᠮᠤᠨ᠎ᠡ ᠵᠠᠬ᠎ᠠ ᠶᠢᠨ ᠭᠡᠰᠡᠭ᠂ ᠵᠡᠬᠦᠨ ᠵᠠᠬ᠎ᠠ ᠶᠢᠨ ᠭᠡᠰᠡᠭ᠂ ᠵᠡᠬᠦᠨ ᠬᠤᠶᠢᠳᠤ ᠵᠠᠬ᠎ᠠ ᠶᠢᠨ ᠭᠡᠰᠡᠭ᠂ ᠬᠤᠶᠢᠳᠤ ᠵᠠᠬ᠎ᠠ ᠶᠢᠨ ᠭᠡᠰᠡᠭ᠂ ᠪᠠᠷᠠᠭᠤᠨ ᠬᠤᠶᠢᠳᠤ ᠵᠠᠬ᠎ᠠ ᠶᠢᠨ ᠭᠡᠰᠡᠭ ᠪᠤᠯᠤᠨ ᠪᠠᠷᠠᠭᠤᠨ ᠵᠠᠬ᠎ᠠ ᠶᠢᠨ ᠭᠡᠰᠡᠭ ᠭᠡᠵᠤ ᠵᠢᠷᠭᠤᠭᠠᠨ ᠭᠡᠰᠡᠭ ᠲᠤ ᠬᠤᠪᠢᠶᠠᠨ ᠬᠠᠮᠢᠶᠠᠷᠬᠤ ᠪᠤᠯᠵᠤ᠂ ᠳᠤᠰ ᠳᠤᠰ ᠬᠤᠶᠠᠷ ᠳᠦᠰᠢᠮᠠᠯ ᠳᠤᠮᠢᠯᠡᠵᠤ᠂ ᠬᠠᠮᠢᠶᠠᠷᠬᠤ ᠭᠡᠪᠴᠢᠶᠠᠨ ᠳᠤᠳᠤᠷᠠᠭᠢ ᠭᠡᠷᠡᠭ ᠤᠴᠢᠷ ᠤᠳ ᠢ ᠰᠶᠢᠳᠭᠡᠨ ᠵᠤᠭᠢᠴᠠᠭᠤᠯᠬᠤ ᠪᠤᠯᠤᠭᠰᠠᠨ ᠪᠠᠶᠢᠨ᠎ᠠ᠃ ᠮᠠᠬᠠᠪᠠᠯᠠ ᠨᠤᠶᠠᠨ ᠰᠡᠶᠢᠰᠢᠶᠠᠯᠳᠤ ᠢᠷᠤᠭᠡᠯᠳᠤ ᠶᠢᠨ ᠬᠤᠷᠢᠳᠤᠭᠠᠷ ᠤᠨ ︵1815 ᠤᠨ︶ ᠳᠤ ᠤᠤᠯ ᠤᠨ ︽ᠵᠢᠷᠭᠤᠭᠠᠨ ᠭᠡᠰᠡᠭ ᠪᠤᠯᠭᠠᠨ ᠬᠤᠪᠢᠶᠠᠨ ᠳᠤᠭᠳᠠᠭᠠᠭᠰᠠᠨ ᠳᠦᠷᠢᠮ ᠢ ᠬᠤᠪᠢᠷᠠᠭᠤᠯᠵᠤ᠂ ᠪᠦᠬᠦ ᠬᠤᠰᠢᠭᠤᠨ ᠳᠤ ᠭᠤᠴᠢᠨ ᠳᠦᠷᠪᠡᠨ ᠪᠠᠭ ᠪᠤᠯᠭᠠᠨ ᠬᠤᠪᠢᠶᠠᠭᠰᠠᠨ ᠤ ᠳᠠᠷᠠᠭ᠎ᠠ 1821 ᠤᠨ ᠳᠤ ᠭᠤᠴᠢᠨ ᠵᠢᠷᠭᠤᠭᠠᠨ ᠪᠠᠭ ᠪᠤᠯᠭᠠᠨ  ᠳᠠᠩᠰᠠᠯᠠᠵᠤ︾᠂ ︽ᠬᠤᠰᠢᠭᠤᠨ ᠠᠴᠠ ᠪᠠᠭ ᠪᠦᠷᠢ ᠳᠤ ᠠᠬᠠᠮᠠᠳ ᠳᠠᠭᠠᠭᠠᠮᠠᠯ ᠨᠢᠭᠡ ᠨᠠᠷ᠎ᠠ᠂ ᠳᠡᠳ᠋ ︵ᠪᠠᠭ᠋ᠠᠯᠠᠭᠤᠷ︶ ᠳᠠᠭᠠᠭᠠᠮᠠᠯ ᠨᠢᠭᠡ ᠨᠠᠷ᠎ᠠ ᠠᠴᠠ ᠭᠠᠳᠠᠨ᠎ᠠ ᠪᠠᠭ ᠤᠨ ᠶᠡᠭᠡ ᠪᠠᠭ᠎ᠠ᠂ ᠠᠶᠢᠯ ᠠᠷᠠᠳ ᠤᠨ ᠤᠯᠠᠨ ᠴᠦᠭᠡᠨ ᠢ ᠦᠨᠳᠤᠰᠤᠯᠠᠵᠤ᠂ ᠭᠤᠷᠪᠠ ᠠᠴᠠ ᠠᠷᠪᠠᠨ ᠨᠠᠷ᠎ᠠ ᠬᠠᠪᠰᠤᠷᠠᠭ᠎ᠠ ᠳᠠᠭᠠᠭᠠᠮᠠᠯ︾ ᠢ ᠰᠢᠭᠤᠳ ᠳᠤᠮᠢᠯᠠᠵᠤ ᠠᠯᠢᠪᠠ ᠠᠯᠪᠠᠨ ᠭᠡᠷᠡᠭ ᠢ ᠬᠠᠮᠢᠶᠠᠷᠭᠤᠯᠳᠠᠭ ᠪᠤᠯᠵᠡᠢ᠃ ︽ᠪᠠᠭ ᠪᠤᠯ ᠬᠤᠰᠢᠭᠤ ᠶᠢ ᠪᠦᠷᠢᠯᠳᠤᠬᠦᠯᠬᠦ ᠦᠴᠤᠭᠡᠨ ᠳᠤᠭᠤᠷᠢᠭ ᠮᠦᠨ ᠪᠦᠭᠡᠳ ᠳᠤᠭᠳᠠᠭᠰᠠᠨ ᠨᠢᠭᠡᠨ ᠤᠷᠤᠨ ᠳᠤ ᠤᠳᠤᠷ ᠨᠡᠬᠦᠳᠡᠯ ᠤᠨ ᠠᠵᠤ ᠠᠬᠤᠢ ᠡᠷᠭᠢᠯᠡᠭᠰᠡᠨ ᠮᠠᠯᠴᠢᠨ ᠠᠶᠢᠯ ᠤᠳ ᠤᠨ ᠪᠦᠯᠤᠭ᠌ ᠮᠦᠨ᠃ ᠶᠡᠷᠤ ᠶᠢᠨ ᠪᠡᠶᠢᠳᠠᠯ ᠳᠤᠤᠷ᠎ᠠ ᠳᠠᠪᠢ ᠵᠢᠷᠠᠨ ᠡᠷᠤᠭᠡ ᠪᠡᠶᠢᠵᠤ᠂ ᠳᠦᠷᠤᠬᠦᠤ ᠶᠢ ᠨᠢ ᠪᠠᠭ ᠤᠨ ᠳᠠᠷᠤᠭ᠎ᠠ ᠭᠡᠮᠡᠨ ᠳᠠᠭᠤᠳᠠᠬᠤ ᠪᠦᠭᠡᠳ ᠵᠠᠰᠠᠭ ᠵᠠᠭᠢᠷᠭ᠎ᠠ ᠶᠢᠨ ᠭᠡᠷᠡᠭ ᠶᠠᠪᠤᠳᠠᠯ᠂ ᠢᠯᠠᠩᠭᠤᠶ᠎ᠠ ᠭᠠᠶᠢᠯᠢ ᠭᠤᠪᠴᠢᠭᠤᠷ ᠳᠠᠳᠠᠪᠤᠷᠢᠯᠠᠬᠤ ᠪᠤᠶᠤ ᠠᠯᠪᠠᠨ ᠡᠬᠦᠷᠭᠡ ᠳᠠᠭᠠᠭᠠᠯᠭᠠᠬᠤ ᠠᠵᠢᠯ ᠢ ᠬᠦᠢᠴᠡᠳᠭᠡᠳᠡᠭ︾ ᠤᠴᠢᠷ ᠪᠠᠭ ᠪᠡᠶᠢᠭᠤᠯᠤᠭᠳᠠᠬᠤ ᠦᠶ᠎ᠠ ᠳᠤ ᠬᠤᠰᠢᠭᠤ ᠨᠤᠶᠠᠨ ᠠᠴᠠ ᠪᠠᠭ ᠤᠨ ᠳᠠᠭᠠᠭᠠᠮᠠᠯᠴᠢᠳ ᠤᠨ ᠡᠬᠦᠷᠭᠡ ᠪᠠ ᠡᠷᠭᠡ ᠶᠢ ︽ᠪᠠᠴᠢᠮ ᠳᠦᠭᠰᠢᠬᠦᠷᠢᠳᠡᠢ ᠴᠠᠭ ᠦᠶ᠎ᠠ ᠳᠤᠷ ᠴᠡᠷᠢᠭ ᠢ ᠵᠠᠷᠯᠠᠵᠤ ᠬᠤᠷᠢᠶᠠᠬᠤ ᠪᠠ ᠳᠡᠭᠡᠳᠤ ᠱᠠᠳᠤᠨ ᠤ ᠵᠠᠷᠯᠠᠯ ᠵᠠᠭᠢᠶ᠎ᠠ ᠶᠢ ᠰᠤᠨᠤᠷᠳᠠᠭᠤᠯᠤᠨ ᠨᠡᠪᠳᠡᠷᠡᠬᠦᠯᠬᠦ᠂ ᠠᠯᠪᠠᠨ ᠳᠤᠰᠢᠶᠠᠯ ᠢ ᠬᠦᠢᠴᠡᠳᠭᠡᠬᠦ᠂ ᠨᠤᠶᠠᠳ ᠳᠦᠰᠢᠮᠠᠳ ᠠᠯᠪᠠᠨ ᠭᠡᠷᠡᠭ ᠢᠶᠠᠷ ᠶᠠᠪᠤᠬᠤ ᠳᠤ ᠤᠨᠤᠯᠭ᠎ᠠ᠂ ᠦᠷᠳᠡᠭᠡ ᠪᠠᠵᠠᠭᠠᠬᠤ᠂ ᠭᠠᠳᠠᠷ ᠬᠤᠰᠢᠭᠤ ᠰᠢᠶᠠᠨ ᠤ ᠨᠡᠬᠦᠳᠡᠯᠴᠢᠨ ᠳᠠᠨᠤᠬᠦᠯᠴᠢᠨ ᠠᠷᠠᠳ ᠳᠤᠷ᠎ᠠ ᠮᠡᠳᠡᠨ ᠴᠦᠮᠤᠷᠠᠨ ᠢᠷᠡᠬᠦ ᠶᠢ ᠪᠠᠶᠢᠴᠠᠭᠠᠨ ᠴᠠᠭᠳᠠᠬᠤ᠂ ᠬᠤᠯᠠᠭᠠᠢ ᠳᠡᠭᠡᠷᠡᠮ ᠢ ᠰᠡᠷᠭᠡᠶᠢᠯᠡᠨ ᠴᠠᠭᠠᠵᠠᠯᠠᠵᠤ᠂ ᠬᠠᠷᠢᠶᠠᠳᠤ ᠪᠠᠭ ᠤᠨ ᠮᠠᠯᠴᠢᠳ ᠤᠨ ᠠᠯᠢᠪᠠ ᠭᠠᠴᠢᠭᠳᠠᠯ ᠵᠦᠳᠡᠬᠦᠷᠢ ᠶᠢ ᠠᠪᠤᠷᠠᠬᠤ᠂ ᠳᠤᠳᠤᠷ᠎ᠠ ᠵᠠᠭᠤᠷ᠎ᠠ ᠶᠢᠨ ᠵᠦᠷᠢᠯᠳᠤᠭᠡᠨ ᠢ ᠡᠶᠡᠳᠡᠬᠦᠯᠬᠦ ᠪᠤᠶᠤ ᠳᠠᠰᠤᠯᠤᠨ ᠰᠢᠬᠦᠬᠦ ᠡᠷᠭᠡ ᠲᠠᠢ᠂ ᠬᠠᠷᠢᠶᠠᠯᠠᠭᠳᠠᠬᠤ ᠳᠡᠶᠢᠵᠢ ᠳᠠᠪᠤᠨᠠᠩ᠂ ᠰᠡᠶᠢᠳ ᠳᠦᠰᠢᠮᠠᠳ ᠳᠤᠷ᠎ᠠ ᠵᠤᠷᠢᠭ ᠢᠶᠠᠷ ᠡᠷᠭᠡ ᠳᠤ ᠤᠷᠤᠯᠴᠠᠨ ᠮᠡᠳᠡᠷᠭᠡᠬᠦ ᠶᠢ ᠡᠷᠡᠰ ᠴᠠᠭᠠᠵᠠᠯᠠᠨ᠎ᠠ᠃ ᠳᠡᠳᠡ ᠨᠠᠷ ᠢ ᠡᠩ ᠤᠨ ᠠᠷᠠᠳ ᠲᠠᠢ ᠠᠳᠠᠯᠢ ᠳᠡᠶᠢᠴᠢᠯᠠᠬᠤ ᠪᠤᠳᠤᠯᠭ᠎ᠠ ᠶᠢ ᠶᠠᠪᠤᠭᠤᠯᠤᠨ᠎ᠠ᠃ ᠡᠬᠦᠷᠢᠳᠠ ᠵᠠᠬ᠎ᠠ ᠭᠢᠯᠢ ᠶᠢᠨ ᠠᠮᠤᠷ ᠳᠡᠶᠢᠪᠤᠩ ᠢ ᠡᠷᠭᠢᠮᠯᠡᠵᠤ᠂ ᠰᠢᠳᠤᠷᠭᠤ ᠪᠠᠷ ᠦᠢᠯᠡᠴᠢᠯᠡᠬᠦ ᠭᠡᠷᠡᠭᠳᠡᠢ᠃ ᠳᠤᠭᠳᠠᠭᠠᠯ ᠠᠴᠠ ᠭᠠᠳᠠᠭᠤᠷᠭᠢ ᠭᠡᠷᠡᠭ ᠶᠠᠪᠤᠳᠠᠯ ᠢ ᠬᠤᠰᠢᠭᠤᠨ ᠤ ᠳᠠᠮᠠᠭ᠎ᠠ ᠶᠢᠨ ᠭᠠᠵᠠᠷ ᠲᠤ ᠮᠡᠳᠡᠬᠦᠯᠵᠤ ᠰᠶᠢᠳᠪᠤᠷᠢᠯᠡᠬᠦᠯᠬᠦ ᠭᠡᠷᠡᠭᠳᠡᠢ︾ ᠭᠡᠵᠤ ᠵᠠᠷᠯᠠᠨ ᠳᠤᠭᠳᠠᠭᠠᠵᠡᠢ᠃
 
ᠢᠷᠡᠯᠲᠡ᠄ ᠠᠯᠠᠱᠠ ᠵᠡᠭᠦᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号