︽ᠳ᠋ᠢᠩ ᠶᠤᠸᠠᠨ ᠢᠩ ᠤᠨ ᠳᠤᠷᠤᠨ᠎ᠠ ᠡᠳᠡᠭᠡᠳ ᠡᠾᠧ ᠯᠠᠨ ᠱᠠᠨ ᠠᠭᠤᠯᠠ ᠶᠢᠨ ᠰᠢᠯᠢ ᠬᠦᠷᠳᠡᠯ᠎ᠡ | ᠪᠠᠷᠠᠭᠤᠨ ᠪᠠᠯ᠂ ᠪᠤᠭᠤᠳᠤ᠂ ᠤᠳᠤ᠂ ᠵᠠᠬᠦᠨ ᠪᠠᠯ ᠵᠡᠷᠭᠡ ᠳᠦᠷᠪᠡᠨ ᠪᠠᠭ ᠪᠤᠢ︔ ᠳ᠋ᠢᠩ ᠶᠤᠸᠡᠨ ᠢᠩ ᠤᠨ ᠪᠠᠷᠠᠭᠤᠨ | ᠡᠳᠡᠭᠡᠳ ᠲᠤ ᠱᠠᠩ ᠤᠨ ᠳᠠᠯᠠᠢ᠂ ᠬᠤᠶᠠᠷᠬᠤᠳᠳᠤᠭ᠂ ᠬᠦᠪᠡᠭᠡᠨᠨᠠᠮᠤᠭ᠂ ᠴᠠᠭᠠᠨᠪᠤᠯᠠᠭ᠂ ᠳᠤᠩᠬᠤ᠂ ᠵᠠᠬ᠎ᠠ ᠳᠤᠯᠤᠭᠠᠨ | ᠂ ᠡᠷᠭᠡᠬᠠᠰᠢᠬ᠎ᠠ᠂ ᠳᠤᠤᠯᠠᠨᠳᠡᠢ ᠵᠡᠷᠭᠡ ᠨᠡᠢᠮᠡᠨ ᠪᠠᠭ ᠪᠤᠢ︔ ᠳ᠋ᠢᠩ ᠶᠤᠸᠡᠨ ᠢᠩ ᠤᠨ ᠬᠤᠶᠢᠳᠤ ᠡᠳᠡᠭᠡᠳ ᠲᠤ | ᠰᠢᠷᠠᠪᠦ᠋ᠷᠢᠳᠤ᠂ ᠬᠦᠭᠡᠪᠦ᠋ᠷᠢᠳᠤ᠂ ᠪᠠᠶᠠᠨᠪᠦ᠋ᠷᠢᠳᠤ᠂ ᠪᠠᠶᠠᠨᠨᠢᠷᠤᠭᠤᠨ᠂ ᠪᠠᠶ᠋ᠬᠠᠠᠭᠤᠯᠠ᠂ ᠴᠠᠭᠠᠨᠨᠠᠭᠤᠷ᠂ ᠶᠠᠪᠠᠷᠡᠢ᠂ | ᠡᠷᠪᠡᠭᠡᠢ᠂ ᠪᠠᠳᠡᠢ ᠶᠢᠨ ᠵᠢᠷᠠᠨ᠂ ᠽᠤᠨ᠂ ᠰᠢᠭᠤᠢ᠂ ᠭᠤᠶᠢᠽᠠ᠂ ᠪᠠᠷᠠᠭᠤᠨ ᠱᠠᠷᠽᠠ᠂ ᠵᠡᠬᠦᠨ ᠱᠠᠷᠽᠠ ᠵᠡᠷᠭᠡ ᠠᠷᠪᠠᠨ | ᠳᠦᠷᠪᠡᠨ ᠪᠠᠭ ᠪᠤᠢ︔ ᠳ᠋ᠢᠩ ᠶᠤᠸᠠᠨ ᠢᠩ ᠤᠨ ᠵᠡᠬᠦᠨ ᠡᠳᠡᠭᠡᠳ ᠲᠤ ᠰᠦᠮᠠᠳᠤ᠂ ᠵᠢᠷᠠᠳᠡᠢ᠂ ᠬᠤᠩᠭᠤᠷᠡᠦ᠋ᠯᠤᠩ᠂ | ᠳᠦᠬᠦᠮ᠂ ᠬᠠᠷᠤᠤᠨ᠎ᠠ᠂ ᠬᠦᠢᠪᠤᠷᠢ᠂ ᠱᠠᠵᠢᠨᠳᠤᠬᠤᠢ᠂ ᠬᠠᠷᠠᠬᠤᠨᠢᠳᠤ᠂ ᠳᠤᠯᠤᠭᠠᠨᠰᠤᠬᠠᠢ᠂ ᠳ᠋ᠧᠩᠺᠸᠤ ᠵᠡᠷᠭᠡ ᠠᠷᠪᠠᠨ | ᠪᠠᠭ ᠪᠤᠢ︾ ᠭᠡᠵᠤ ᠳᠤᠳᠤᠷᠬᠠᠢ ᠳᠡᠮᠳᠡᠭᠯᠡᠭᠰᠡᠨ ᠪᠠᠶᠢᠳᠠᠭ᠃ ᠠᠯᠠᠱᠠ ᠬᠤᠰᠢᠭᠤᠨ ᠤ ᠪᠠᠭ ᠤᠨ ᠵᠤᠭᠢᠶᠠᠨ | ᠪᠡᠶᠢᠭᠤᠯᠤᠯᠳᠠ 1958 ᠤᠨ ᠤ ᠬᠤᠷᠰᠢᠶᠡᠵᠢᠯ ᠪᠤᠯᠬᠤ ᠳᠤ ᠳᠡᠤᠭᠡᠳᠤ ᠡᠬᠦᠷᠭᠡ ᠪᠠᠨ ᠪᠡᠶᠡᠯᠡᠬᠦᠯᠤᠭ᠍ᠰᠡᠨ ᠶᠤᠮ᠃ | ᠠᠯᠠᠱᠠ ᠬᠤᠰᠢᠭᠤᠨ ᠤ ᠦᠨᠳᠤᠰᠤᠨ ᠱᠠᠳᠤᠨ ᠤ ᠵᠤᠭᠢᠶᠠᠨ ᠪᠠᠶᠢᠭᠤᠯᠤᠯᠳᠠ ᠨᠢ ᠠᠷᠪᠠᠳᠤ ᠶᠢᠨ ᠳᠦᠷᠢᠮ᠂ ᠰᠤᠮᠤᠨ ᠤ | ᠳᠦᠷᠢᠮ᠂ ᠪᠠᠭ ᠤᠨ ᠳᠦᠷᠢᠮ ᠭᠡᠬᠦᠴᠢᠯᠡᠨ ᠬᠤᠪᠢᠷᠠᠵᠤ ᠪᠠᠶᠢᠭᠰᠠᠨ ᠪᠤᠯᠪᠠᠴᠤ ᠴᠡᠷᠢᠭ ᠤᠨ ᠶᠠᠪᠤᠳᠠᠯ ᠤᠨ ᠰᠢᠨᠵᠢ | ᠴᠢᠨᠠᠷ ᠲᠠᠢ ᠰᠤᠮᠤᠨ ᠤ ᠳᠦᠷᠢᠮ ᠴᠢᠯᠤᠭᠡᠯᠡᠭᠳᠡᠬᠦ ᠪᠤᠯᠳᠠᠯ᠎ᠠ ᠦᠢᠯᠡᠳᠤᠯ ᠢᠶᠠᠨ ᠦᠵᠡᠬᠦᠯᠵᠤ ᠪᠠᠶᠢᠭᠰᠠᠨ ᠶᠤᠮ᠃ | |