ᠬᠤᠰᠢᠭᠤ ᠳᠤᠰᠠᠯᠠᠭᠴᠢ
ᠨᠡᠶᠢᠲᠡᠯᠡᠭᠰᠡᠨ ᠴᠠᠭ᠄
2024/9/10
       ᠵᠢᠩᠭᠢᠨᠢ᠂ ᠠᠷᠠᠭᠰᠠᠨ ᠳᠤᠰ ᠪᠦᠷᠢ ᠨᠢᠭᠡ ᠬᠤᠰᠢᠭᠤ ᠳᠤᠰᠠᠯᠠᠭᠴᠢ ᠪᠠᠶᠢᠬᠤ ᠠᠴᠠ ᠭᠠᠳᠠᠨ᠎ᠠ ᠨᠡᠷ᠎ᠡ ᠳᠡᠮᠳᠡᠭᠯᠡᠭᠰᠡᠨ ᠳᠤᠰᠠᠯᠠᠭᠴᠢ ᠨᠢᠭᠡ ᠬᠦᠮᠤᠨ ᠪᠠᠶᠢᠳᠠᠭ᠃ ᠴᠢᠩ ᠤᠯᠤᠰ ᠤᠨ ᠦᠶ᠎ᠡ ᠪᠤᠯᠤᠨ ᠢᠷᠭᠡᠨ ᠤᠯᠤᠰ ᠤᠨ ᠦᠶ᠎ᠡ ᠳᠤ ᠠᠯᠠᠱᠠ ᠬᠤᠰᠢᠭᠤᠨ ᠤ ᠵᠠᠰᠠᠭ ᠵᠠᠭᠢᠷᠭᠠᠨ ᠤ ᠳᠤᠰᠢᠶᠠᠯᠳᠠᠳ ᠲᠤ ᠵᠠᠰᠠᠭ ᠨᠤᠶᠠᠨ ᠢ ᠭᠠᠷᠭᠠᠪᠠᠯ ᠬᠤᠰᠢᠭᠤ ᠳᠤᠰᠠᠯᠠᠭᠴᠢ ᠭᠡᠳᠡᠭ ᠵᠠᠰᠠᠭ ᠨᠤᠶᠠᠨ ᠢ ᠬᠠᠪᠰᠤᠷᠤᠨ ᠬᠤᠰᠢᠭᠤᠨ ᠤ ᠠᠯᠢᠪᠠ ᠠᠯᠪᠠᠨ ᠶᠠᠪᠤᠳᠠᠯ ᠢ ᠭᠤᠤᠯᠯᠠᠨ ᠬᠠᠷᠢᠭᠤᠴᠠᠳᠠᠭ ᠬᠠᠮᠤᠭ ᠤᠨ ᠳᠡᠭᠡᠳᠤ ᠳᠤᠰᠢᠶᠠᠯᠳᠠᠨ ᠪᠤᠯᠤᠨ᠎ᠠ᠃ ᠳᠠᠷᠡ ᠨᠢ ᠵᠠᠰᠠᠭ ᠨᠤᠶᠠᠨ ᠭᠠᠳᠠᠭᠰᠢ ᠭᠠᠷᠤᠭᠰᠠᠨ ᠪᠤᠶᠤ ᠤᠷᠤ ᠨᠢ ᠰᠤᠯᠠ ᠪᠠᠶᠢᠭ᠎ᠠ ᠦᠶ᠎ᠡ ᠳᠤ ᠵᠠᠰᠠᠭ ᠤᠨ ᠡᠷᠭᠡ ᠶᠢ ᠤᠷᠤᠯᠠᠨ ᠬᠦᠢᠴᠡᠳᠭᠡᠨ᠎ᠡ᠃ ᠬᠤᠰᠢᠭᠤ ᠳᠤᠰᠠᠯᠠᠭᠴᠢ ᠶᠢ ᠵᠠᠰᠠᠭ ᠨᠤᠶᠠᠨ ᠠᠴᠠ ᠰᠤᠯᠠ ᠸᠠᠩ ᠬᠦᠩ ᠪᠤᠶᠤ ᠳᠡᠶᠢᠵᠢ ᠨᠠᠷ ᠤᠨ ᠳᠤᠳᠤᠷ᠎ᠠ ᠠᠴᠠ ᠰᠢᠯᠢᠨ ᠰᠤᠩᠭᠤᠵᠤ᠂ ᠭᠠᠳᠠᠭᠠᠳᠤ ᠮᠤᠩᠭᠤᠯ ᠤᠨ ᠳᠦᠷᠤ ᠶᠢ ᠵᠠᠰᠠᠬᠤ ᠶᠠᠪᠤᠳᠠᠯ ᠤᠨ ᠶᠠᠮᠤᠨ ᠳᠤ ᠮᠡᠳᠡᠬᠦᠯᠤᠭ᠍ᠰᠡᠨ ᠢ ᠭᠢᠨᠠᠵᠤ ᠠᠯᠪᠠᠨ ᠶᠤᠰᠤᠭᠠᠷ ᠳᠤᠮᠢᠯᠠᠨ᠎ᠠ᠃ ᠡᠶᠢᠮᠤ ᠠᠴᠠ ᠬᠤᠰᠢᠭᠤ ᠳᠤᠰᠠᠯᠠᠭᠴᠢ ᠪᠤᠯᠬᠤ ᠬᠦᠮᠤᠨ ᠵᠠᠪᠠᠯ ᠪᠤᠷᠵᠢᠭᠢᠨ ᠤᠪᠤᠭᠳᠤ ᠳᠠᠶᠢᠵᠠᠢ ᠢᠵᠠᠭᠤᠷᠳᠠᠨ ᠪᠠᠶᠢᠬᠤ ᠭᠡᠷᠡᠭᠳᠡᠢ᠃ ᠬᠤᠰᠢᠭᠤ ᠳᠤᠰᠠᠯᠠᠭᠴᠢ ᠶᠢᠨ ᠳᠤᠰᠢᠶᠠᠯ ᠢ ᠨᠠᠰᠤᠨ ᠳᠤᠷᠰᠢ ᠬᠦᠢᠴᠡᠳᠭᠡᠵᠤ ᠪᠤᠯᠬᠤ ᠪᠤᠯᠪᠠᠴᠤ ᠦᠶ᠎ᠡ ᠤᠯᠠᠷᠢᠨ ᠵᠠᠯᠭᠠᠮᠵᠢᠯᠠᠳᠠᠭ ᠦᠭᠡᠢ᠃ ᠨᠡᠷ᠎ᠡ ᠳᠡᠮᠳᠡᠭᠯᠡᠭᠰᠡᠨ ᠳᠤᠰᠠᠯᠠᠭᠴᠢ ᠪᠤᠯ ᠪᠡᠯᠡᠳᠭᠡᠯ ᠳᠤᠰᠢᠶᠠᠯ ᠪᠤᠯᠬᠤ ᠶᠤᠮ᠃
 
ᠢᠷᠡᠯᠲᠡ᠄ ᠠᠯᠠᠱᠠ ᠵᠡᠭᠦᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号