ᠰᠡᠳᠡᠷ ᠮᠤᠳᠤᠨ ︵ᠠᠭᠠᠷᠤ ᠳᠢᠰᠢᠩ︶
ᠨᠡᠶᠢᠲᠡᠯᠡᠭᠰᠡᠨ ᠴᠠᠭ᠄
2024/9/30
     ︽ᠰᠡᠳᠡᠷ ᠮᠤᠳᠤᠨ︾ ᠪᠤᠶᠤ ︽ᠠᠭᠠᠷᠤ ᠳᠢᠰᠢᠩ︾᠎ ᠨᠢ ᠵᠦᠪᠭᠡᠨ ᠨᠧᠫᠡᠯ ᠤᠯᠤᠰ ᠪᠤᠯᠤᠨ ᠠᠯᠠᠱᠠ ᠶᠢᠨ ᠳᠡᠭᠷᠢ ᠡᠯᠡᠰᠤᠨ ᠤ ᠬᠤᠶᠢᠳᠤ ᠪᠤᠭᠤᠷᠤᠯ ᠤᠨ ᠭᠤᠤᠯ ᠳᠤ ᠯᠠ ᠪᠠᠶᠢᠳᠠᠭ ᠢᠶᠠᠷ ᠢᠶᠠᠨ ᠳᠡᠯᠡᠭᠡᠢ ᠶᠢᠨ ᠬᠤᠪᠤᠷ ᠦᠨᠡᠳᠤ ᠤᠷᠭᠤᠮᠠᠯ ᠪᠤᠯᠳᠠᠭ᠃
     ᠵᠢᠮᠢᠰ ᠰᠠᠭᠤᠳᠠᠭ ᠦᠭᠡᠢ᠂ ᠦᠨᠳᠤᠰᠤ ᠪᠠᠷ ᠢᠶᠠᠨ ᠦᠷᠡᠵᠢᠳᠡᠭ ᠳᠦᠷᠤᠯ ᠤᠨ ᠮᠤᠳᠤᠨ ᠳᠤ ᠪᠠᠭᠳᠠᠵᠤ᠂ ᠰᠤᠬᠠᠢ᠂ ᠰᠢᠷ᠎ᠠ ᠬᠠᠷᠠᠭᠠᠨ᠎ᠠ ᠶᠢᠨ ᠭᠢᠷᠢ ᠦᠨᠳᠤᠷ᠂ ᠨᠠᠪᠴᠢ ᠨᠢ ᠬᠠᠶᠢᠯᠠᠰᠤᠨ ᠮᠤᠳᠤᠨ ᠤ ᠨᠠᠪᠴᠢ ᠲᠠᠢ ᠠᠳᠠᠯᠢ ᠪᠤᠯᠪᠠᠴᠤ ᠳᠡᠬᠦᠨ ᠠᠴᠠ ᠨᠢᠮᠭᠡᠨ ᠪᠦᠭᠡᠳ ᠰᠢᠷᠠᠪᠳᠤᠷ ᠦᠩᠭᠡ ᠲᠠᠢ᠂ ᠴᠡᠴᠡᠭ ᠤᠨ ᠭᠡᠯᠳᠡᠰ ᠨᠢ ᠵᠦᠪᠭᠡᠨ ᠪᠤᠭᠤᠳᠡᠢ ᠶᠢᠨ ᠭᠢᠷᠢ ᠪᠡᠶᠢᠵᠤ᠂ ᠴᠡᠴᠡᠭᠯᠡᠬᠦ ᠶᠢᠨ ᠡᠭᠢᠨ ᠳᠤ ᠬᠦᠭᠡ ᠴᠡᠩᠭᠡᠷ ᠦᠩᠭᠡ ᠲᠠᠢ ᠪᠤᠯᠵᠤ ᠴᠡᠴᠡᠭ ᠵᠤᠯᠭᠠᠷᠠᠬᠤ ᠶᠢᠨ ᠦᠶ᠎ᠠ ᠪᠠᠷ ᠪᠤᠷᠤ ᠬᠦᠷᠡᠩ ᠦᠩᠭᠡ ᠲᠠᠢ ᠪᠤᠯᠵᠤ ᠬᠤᠪᠢᠷᠠᠳᠠᠭ ᠪᠡᠶᠢᠨ᠎ᠠ᠃
     ᠵᠢᠯ ᠪᠦᠷᠢ ᠶᠢᠨ ᠪᠢᠯᠢᠭ ᠤᠨ ᠤᠯᠠᠷᠢᠯ ᠤᠨ ᠳᠦᠷᠪᠡᠨ ᠰᠡᠷ᠎ᠡ ᠶᠢᠨ 15᠎ ᠤ ᠡᠳᠤᠷ ᠠᠴᠠ ᠬᠤᠶᠢᠰᠢ ᠴᠡᠴᠡᠭ ᠤᠨ ᠴᠤᠮᠤᠷᠯᠢᠭ ᠨᠢᠳᠤᠯᠡᠵᠤ᠂ ᠳᠠᠪᠤᠨ ᠰᠡᠷ᠎ᠡ ᠶᠢᠨ ᠰᠢᠨᠠᠳ ᠪᠤᠯᠬᠤ ᠳᠤ ᠬᠦᠢᠴᠡᠳ ᠰᠡᠶᠢᠬᠠᠨ ᠳᠡᠯᠭᠡᠷᠡᠵᠤ ᠬᠦᠢᠴᠡᠳᠡᠭ᠃
     ᠴᠡᠴᠡᠭ ᠳᠡᠯᠭᠡᠷᠡᠬᠦ ᠬᠤᠭᠤᠴᠠᠭ᠎ᠠ ᠨᠢ 15 — 20 ᠡᠳᠤᠷ ᠪᠤᠯᠤᠨ᠎ᠠ᠃
     ᠴᠠᠴᠡᠭ ᠨᠢ ᠤᠨᠴᠠ ᠶᠢᠨ ᠰᠡᠶᠢᠬᠠᠨ ᠦᠨᠤᠷ ᠲᠠᠢ᠂ ᠨᠠᠪᠴᠢ ᠴᠠᠴᠡᠭ ᠨᠢ ᠪᠦᠷ ᠡᠮ ᠳᠤ ᠤᠷᠤᠳᠠᠭ᠃
     ᠤᠳᠤ ᠰᠦᠮ᠎ᠠ ᠠᠴᠠ ᠬᠦᠷᠢᠶ᠎ᠠ ᠪᠠᠷᠢᠵᠤ ᠪᠢᠳᠡᠬᠦᠮᠵᠢᠯᠡᠨ ᠬᠠᠮᠠᠭᠠᠯᠠᠵᠤ ᠪᠡᠶᠢᠬᠤ ᠪᠦᠭᠡᠳ ︽ᠰᠡᠳᠡᠷ ᠮᠤᠳᠤᠨ︾᠎ ᠤ ᠳᠠᠭᠢᠯᠭ᠎ᠠ ᠪᠠᠨ ᠰᠡᠷᠬᠦᠭᠡᠵᠤ ᠤᠤᠯ ᠶᠤᠰᠤᠭᠠᠷ ᠳᠤᠭᠳᠠᠭᠰᠠᠨ ᠬᠤᠭᠤᠴᠠᠭ᠎ᠠ ᠲᠠᠢ ᠪᠠᠷ ᠳᠠᠭᠢᠬᠤ ᠪᠤᠯᠤᠭᠰᠠᠨ ᠪᠡᠶᠢᠨ᠎ᠠ᠃
 
ᠢᠷᠡᠯᠲᠡ᠄ ᠠᠯᠠᠱᠠ ᠵᠡᠭᠦᠨ ᠬᠤᠰᠢᠭᠤᠨ ᠤ ᠵᠠᠰᠠᠭ ᠤᠨ ᠣᠷᠳᠣᠨ ᠤ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号