ᠠᠯᠠᠱᠠ ᠶᠢᠨ ᠣᠨᠴᠠᠯᠢᠭᠲᠤ ᠢᠳᠡᠭᠡᠨ ᠪᠤᠯᠬᠤ ᠵᠦᠷᠮ᠎ᠡ
ᠨᠡᠶᠢᠲᠡᠯᠡᠭᠰᠡᠨ ᠴᠠᠭ᠄
2024/9/30
           ᠡᠨᠡ ᠳ᠋ᠤᠭᠠᠷ ᠢᠶᠠᠷ ᠠᠯᠠᠱᠠ ᠶᠢᠨ ᠣᠨᠴᠠᠯᠢᠭᠲᠤ ᠢᠳᠡᠭᠡᠨ ᠪᠤᠯᠬᠤ ᠵᠦᠷᠮ᠎ᠡ ᠣᠷᠢᠶᠠᠬᠤ ᠠᠷᠭ᠎ᠠ ᠶᠢ ᠲᠠᠨᠢᠯᠴᠠᠭᠤᠯᠵᠤ ᠪᠠᠶᠢᠨ᠎ᠠ᠃              ᠵᠦᠷᠮ᠎ᠡ ᠣᠷᠢᠶᠠᠬᠤ ᠶᠠᠪᠤᠴᠠ᠄               1. ᠮᠠᠯ ᠤᠨ ᠨᠠᠷᠢᠨ ᠭᠡᠳᠡᠰᠦ᠂ ᠭᠦᠵᠡᠭᠡ᠂ ᠠᠭᠤᠰᠬᠢ᠂ ᠲᠣᠭᠤᠷᠢᠩᠬᠠᠢ ᠶᠢᠨ ᠥᠭᠡᠬᠦ ᠵᠡᠷᠭᠡ ᠶᠢ ᠪᠡᠯᠡᠳᠦᠨ᠎ᠡ᠃              2. ᠪᠡᠯᠡᠳᠦᠭᠰᠡᠨ ᠨᠠᠷᠢᠨ ᠭᠡᠳᠡᠰᠦ ᠪᠠᠨ ᠤᠬᠢᠶᠠᠨ ᠴᠡᠪᠡᠷᠯᠡᠵᠦ᠂ ᠥᠩᠭᠦᠷ ᠢ ᠨᠢ ᠠᠷᠢᠯᠭᠠᠨ᠎ᠠ᠃              3. ᠭᠦᠵᠡᠭᠡ ᠪᠠᠨ ᠥᠷᠭᠡᠨ ᠰᠢᠭ ᠵᠦᠰᠦᠵᠦ᠂ ᠠᠭᠤᠰᠬᠢ ᠪᠣᠯᠣᠨ ᠲᠣᠭᠤᠷᠢᠩᠬᠠᠢ ᠶᠢᠨ ᠥᠭᠡᠬᠦ ᠶᠢ ᠨᠠᠷᠢᠨ ᠰᠢᠭ᠋ ᠵᠦᠰᠦᠨ᠎ᠡ᠃              4.ᠵᠦᠰᠦᠭᠰᠡᠨ ᠠᠭᠤᠰᠬᠢ ᠪᠣᠯᠣᠨ ᠲᠣᠭᠤᠷᠢᠩᠬᠠᠢ ᠶᠢᠨ ᠥᠭᠡᠬᠦ ᠪᠠᠨ ᠭᠦᠵᠡᠭᠡᠨ ᠳᠤ ᠪᠣᠭᠤᠵᠤ᠂ ᠨᠠᠷᠢᠨ ᠭᠡᠳᠡᠰᠦ ᠪᠠᠷ ᠣᠷᠢᠶᠠᠨ᠎ᠠ᠃              ᠵᠦᠷᠮ᠎ᠡ ᠣᠷᠢᠶᠠᠬᠤ ᠠᠷᠭ᠎ᠠ ᠶᠢ ᠪᠠᠶᠠᠨᠬᠤᠲᠠ ᠶᠢᠨ ᠬᠠᠢ ᠶᠠᠩ ᠬᠤᠸᠠ ᠶᠤᠸᠠᠨ ᠲᠣᠭᠤᠷᠢᠭ ᠤᠨ ᠪᠠᠷᠠᠭᠤᠨ ᠡᠭᠦᠳᠡᠨ ᠳᠤ ᠪᠠᠶᠢᠭ᠎ᠠ ᠠᠯᠳᠠᠨ ᠲᠣᠣᠷᠠᠢ ᠮᠣᠩᠭᠤᠯ ᠵᠣᠭᠤᠭ ᠤᠨ ᠭᠠᠵᠠᠷ ᠤᠨ ᠡᠵᠡᠨ ᠰᠠᠷᠠᠨ᠎ᠠ ᠲᠠᠶᠢᠯᠪᠤᠷᠢᠯᠠᠨ ᠶᠠᠷᠢᠪᠠ᠃                              
 
ᠢᠷᠡᠯᠲᠡ᠄ ᠠᠯᠠᠱᠠ ᠵᠡᠭᠦᠨ ᠬᠤᠰᠢᠭᠤᠨ ᠤ ᠵᠠᠰᠠᠭ ᠤᠨ ᠣᠷᠳᠣᠨ ᠤ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号