ᠬᠥᠮᠥᠨ ᠬᠥᠭᠵᠢᠮ - ᠬᠥᠭᠡᠮᠡᠢ ᠤᠷᠠᠯᠢᠭ ᠢᠶᠠᠨ ᠤᠯᠠᠮᠵᠢᠯᠠᠵᠤ ᠶᠠᠪᠤᠬᠤ ᠶᠢᠨ ᠤᠴᠢᠷ
ᠨᠡᠶᠢᠲᠡᠯᠡᠭᠰᠡᠨ ᠴᠠᠭ᠄
2024/9/30
                       ● ᠰᠡᠴᠡᠨ  ᠂ ᠡᠷᠳᠡᠨᠢᠬᠦᠦ            ᠬᠥᠭᠡᠮᠡᠢ ᠪᠣᠯ ᠮᠣᠩᠭᠤᠯ ᠦᠨᠳᠦᠰᠦᠲᠡᠨ ᠤ ᠢᠵᠠᠭᠤᠷ ᠡᠷᠲᠡᠨ ᠤ ᠳᠠᠭᠤᠯᠠᠬᠤ ᠤᠷᠠᠯᠢᠭ ᠤᠨ ᠨᠢᠭᠡ ᠭᠡᠯᠪᠡᠷᠢ ᠪᠠᠶᠢᠵᠤ᠂ ᠲᠡᠷᠡ ᠨᠢ ᠶᠠᠮᠠᠷᠴᠤ ᠬᠥᠭᠵᠢᠮᠳᠡᠭᠦᠷ ᠤᠨ ᠬᠠᠪᠰᠤᠷᠤᠯ ᠦᠭᠡᠢ ᠪᠠᠷ ᠬᠥᠮᠥᠨ ᠤ ᠬᠤᠭᠤᠯᠠᠢ ᠶᠢᠨ ᠡᠷᠬᠡᠲᠡᠨ ᠠᠴᠠ ᠨᠢᠭᠡᠨ ᠮᠥᠴᠡ ᠳᠤ ᠵᠡᠷᠭᠡ ᠪᠠᠷ ᠭᠠᠷᠬᠤ ᠬᠤᠶᠠᠷ ᠪᠤᠶᠤ ᠬᠤᠶᠠᠷ ᠠᠴᠠ ᠳᠡᠭᠡᠭᠰᠢᠬᠢ ᠤᠯᠠᠨ ᠵᠦᠢᠯ ᠤᠨ ᠲᠠᠭᠤ ᠠᠪᠢᠶ᠎ᠠ ᠶᠢ ᠨᠡᠷᠡᠯᠡᠳᠡᠭ᠃ ᠤᠷᠳᠤ ᠶᠢᠨ ᠳᠠᠭᠤᠤ ᠲᠠᠢ ᠠᠳᠠᠯᠢ ᠪᠠᠷ ︽ᠮᠣᠩᠭᠤᠯ ᠦᠨᠳᠦᠰᠦᠲᠡᠨ ᠤ ᠠᠷᠠᠳ ᠤᠨ ᠢᠵᠠᠭᠤᠷ ᠤᠷᠠᠯᠢᠭ ᠤᠨ ᠠᠮᠢᠳᠤ ᠴᠢᠯᠠᠭᠤᠵᠢᠮᠠᠯ︾ ᠬᠡᠮᠡᠭᠳᠡᠭᠰᠡᠨ ᠬᠥᠭᠡᠮᠡᠢ ᠤᠷᠠᠯᠢᠭ ᠢᠶᠠᠨ ᠥᠪᠯᠡᠵᠦ ᠤᠯᠠᠮᠵᠢᠯᠠᠵᠤ ᠶᠠᠪᠤᠭ᠎ᠠ ᠦᠶ᠎ᠡ ᠪᠦᠯᠦ ᠠᠬ᠎ᠠ ᠳᠡᠭᠦᠦ ᠬᠤᠶᠠᠷ ᠬᠥᠭᠡᠮᠡᠶᠢᠴᠢᠨ ᠶᠢᠨ · ᠲᠠᠯᠠᠢ ᠪᠣᠯᠣᠨ ᠰᠦᠷᠦᠩᠵᠠᠪ ᠠᠴᠠ ᠰᠣᠷᠪᠤᠯᠵᠢᠯᠠᠭ᠎ᠠ ᠠᠪᠴᠤ᠂ ᠬᠥᠭᠡᠮᠡᠢ ᠤᠷᠠᠯᠢᠭ ᠨᠢ ᠠᠯᠠᠱᠠ ᠠᠶᠢᠮᠠᠭ ᠲᠤ ᠬᠡᠵᠢᠶ᠎ᠡ ᠣᠷᠣᠵᠤ ᠢᠷᠡᠭᠰᠡᠨ᠂ ᠬᠢᠷᠢ ᠵᠡᠷᠭᠡ ᠤᠯᠠᠮᠵᠢᠯᠠᠭᠳᠠᠵᠤ ᠪᠠᠶᠢᠭ᠎ᠠ ᠶᠢ ᠣᠶᠢᠯᠠᠭᠠᠵᠤ ᠪᠢᠯᠡ᠃              ᠬᠥᠭᠡᠮᠡᠢ ᠭᠡᠳᠡᠭ ᠤᠷᠠᠯᠢᠭ ᠮᠠᠨ ᠤ ᠬᠢᠨ ᠳᠤ ᠬᠡᠵᠢᠶ᠎ᠡ ᠢᠷᠡᠪᠡ︖               ᠠᠯᠠᠱᠠ ᠠᠶᠢᠮᠠᠭ ᠤᠨ ᠰᠣᠶᠣᠯ ᠤᠨ ᠣᠷᠳᠣᠨ ᠳᠤ ᠠᠵᠢᠯᠯᠠᠳᠠᠭ ᠶᠢᠨ · ᠲᠠᠯᠠᠢ ᠪᠣᠯ ᠣᠳᠣᠬᠠᠨ ᠳᠤ ᠠᠯᠠᠱᠠ ᠠᠶᠢᠮᠠᠭ ᠤᠨ ᠬᠥᠭᠡᠮᠡᠢ ᠤᠷᠠᠯᠢᠭ ᠢ ᠤᠯᠠᠮᠵᠢᠯᠠᠨ ᠵᠢᠭᠠᠬᠤ ᠠᠵᠢᠯ ᠢ ᠭᠤᠣᠯᠴᠠᠭᠤ ᠭᠠᠷᠳᠠᠨ ᠬᠢᠵᠦ ᠪᠠᠶᠢᠭ᠎ᠠ ᠬᠥᠮᠥᠨ᠃ ᠲᠡᠷᠡ ᠮᠠᠨᠢ ᠳᠠᠭᠤᠤ ᠤᠷᠠᠯᠢᠭ ᠲᠤ ᠳᠤᠷ᠎ᠠ ᠪᠠᠬ᠎ᠠ ᠲᠠᠢ ᠠᠪᠤ ᠡᠵᠢ ᠶᠢᠨ ᠢᠶᠠᠨ ᠨᠥᠯᠥᠭᠡ ᠪᠠᠷ ᠬᠠᠷᠠᠬᠠᠨ ᠪᠠᠭ᠎ᠠ ᠠᠴᠠ ᠪᠠᠨ ᠳᠠᠭᠤᠤ ᠤᠷᠠᠯᠢᠭ ᠤᠨ ᠲᠠᠯ᠎ᠠ ᠪᠠᠷ ᠮᠡᠳᠡᠷᠡᠮᠵᠢ ᠰᠠᠶᠢᠲᠠᠢ ᠨᠢᠭᠡᠨ ᠪᠠᠶᠢᠵᠠᠢ᠃ 2001 ᠣᠨ ᠤ ᠦᠶᠡᠰ ᠳᠠᠭᠤᠤ ᠶᠢᠨ ᠪᠦᠰᠡ ᠳᠡᠭᠡᠷ᠎ᠡ ᠠᠴᠠ ᠬᠥᠭᠡᠮᠡᠢ ᠶᠢᠨ ᠠᠶᠠᠯᠭᠤ ᠶᠢ ᠠᠩᠬ᠎ᠠ ᠤᠳᠠᠭ᠎ᠠ ᠪᠠᠨ ᠰᠣᠨᠣᠰᠴᠤ᠂ ︽ᠬᠥᠭᠡᠮᠡᠢ ᠭᠡᠵᠦ ᠶᠠᠮᠠᠷ ᠭᠠᠶᠢᠬᠠᠯᠲᠠᠢ ᠤᠷᠠᠯᠢᠭ ᠪᠤᠢ︖︾ ᠭᠡᠵᠦ ᠶᠡᠬᠡᠳᠡ ᠱᠣᠬᠤᠭᠤᠷᠬᠠᠨ ᠰᠣᠨᠢᠭᠤᠴᠢᠯᠠᠵᠤ᠂ ᠬᠥᠭᠡᠮᠡᠢ ᠶᠢᠨ ᠠᠶᠠᠯᠭᠤ ᠳᠤ ᠰᠡᠳᠬᠢᠯ ᠳᠣᠭᠳᠣᠯᠵᠤ ᠪᠠᠶᠢᠭᠰᠠᠨ ᠭᠡᠳᠡᠭ᠃ ᠲᠤᠬᠠᠢ ᠶᠢᠨ ᠦᠶᠡᠰ ᠲᠤ ᠠᠯᠠᠱᠠ ᠠᠶᠢᠮᠠᠭ ᠲᠡᠷᠡᠴᠢᠯᠡᠨ ᠪᠦᠭᠦ ᠥᠪᠥᠷ ᠮᠣᠩᠭᠤᠯ ᠳᠤ ᠬᠥᠭᠡᠮᠡᠶᠢᠯᠡᠵᠦ ᠴᠢᠳᠠᠳᠠᠭ ᠬᠥᠮᠥᠨ ᠬᠤᠪᠣᠷ ᠪᠠᠶᠢᠭᠰᠠᠨ ᠲᠤᠯᠠ᠂ ᠬᠥᠭᠡᠮᠡᠢ ᠤᠷᠠᠯᠢᠭ ᠢ ᠰᠤᠷᠬᠤ ᠨᠥᠬᠦᠴᠡᠯ ᠦᠭᠡᠢ᠂ ᠵᠦᠭᠡᠷ ᠯᠠ ᠳᠠᠭᠤᠤ ᠶᠢᠨ ᠪᠦᠰᠡ ᠳᠠᠭᠤᠷᠢᠶᠠᠯᠭᠠᠨ ᠭᠡᠯᠡ ᠪᠠᠨ ᠡᠪᠯᠡᠭᠦᠯᠵᠦ ᠬᠤᠭᠤᠯᠠᠢ ᠪᠠᠨ ᠰᠢᠬᠠᠨ ᠬᠠᠴᠢᠨ ᠵᠢᠭᠲᠡᠢ ᠲᠠᠭᠤ ᠭᠠᠷᠭᠠᠵᠤ᠂ ᠬᠠᠶᠠ ᠨᠢᠭᠡ ᠢᠰᠭᠡᠷᠦᠭᠡ ᠲᠠᠢ ᠣᠶᠢᠷᠠᠲᠤᠭᠰᠠᠨ ᠲᠠᠭᠤ ᠭᠠᠷᠬᠤ ᠳᠤ ᠬᠠᠭ᠎ᠠ ᠪᠠᠶᠠᠷᠯᠠᠨ᠂ ︽ᠬᠡᠷᠪᠡ ᠨᠠᠳᠠᠳᠤ ᠬᠥᠭᠡᠮᠡᠢ ᠵᠢᠭᠠᠳᠠᠭ ᠪᠠᠭᠰᠢ ᠪᠠᠶᠢᠭᠰᠠᠨ ᠰᠠᠨ ᠪᠣᠯ ᠡᠭᠦᠨ ᠢ ᠪᠢ ᠯᠠᠪᠲᠠᠢ ᠰᠤᠷᠤᠭᠠᠳ ᠠᠪᠴᠢᠬᠠᠵᠤ ᠴᠢᠳᠠᠨ᠎ᠠ︾ ᠭᠡᠰᠡᠨ ᠬᠦᠰᠡᠯ ᠡᠪᠦᠷᠯᠡᠵᠦ ᠪᠠᠶᠢᠵᠠᠢ᠃ ︽ᠰᠠᠨᠠᠵᠤ ᠶᠠᠪᠤᠪᠠᠯ ᠪᠦᠳᠦᠨ᠎ᠡ᠂ ᠰᠠᠵᠢᠯᠠᠵᠦ ᠶᠠᠪᠤᠪᠠᠯ ᠭᠦᠷᠦᠨ᠎ᠡ︾ ᠭᠡᠳᠡᠭ ᠤᠨ ᠤᠴᠢᠷ ᠪᠢᠵᠡ᠃ 2004 ᠣᠨ ᠳᠤ ᠲᠤᠬᠠᠢ ᠶᠢᠨ ᠦᠶ᠎ᠡ ᠳᠤ ᠠᠯᠠᠱᠠ ᠵᠡᠭᠦᠨ ᠬᠤᠰᠢᠭᠤᠨ ᠤ ᠰᠣᠶᠣᠯ ᠤᠨ ᠣᠷᠳᠣᠨ ᠳᠤ ᠠᠵᠢᠯᠯᠠᠵᠤ ᠪᠠᠶᠢᠭᠰᠠᠨ ᠠᠯᠠᠱᠠ ᠨᠤᠲᠤᠭ ᠤᠨ ᠰᠣᠶᠣᠯ ᠤᠨ ᠵᠢᠳᠬᠦᠯᠲᠡᠨ ᠡ᠊ · ᠪᠣᠯᠣᠳ ᠭᠤᠸᠠᠢ᠂ ᠥᠪᠥᠷ ᠮᠣᠩᠭᠤᠯ ᠤᠨ ᠠᠯᠳᠠᠷᠲᠤ ᠬᠥᠭᠵᠢᠮ ᠤᠨ ᠵᠣᠬᠢᠶᠠᠯᠴᠢ᠂ ᠤᠯᠤᠰ ᠤᠨ ᠨᠢᠭᠡᠳᠦᠭᠡᠷ ᠲᠡᠰ ᠤᠨ ᠠᠶᠠᠯᠭᠤ ᠵᠣᠬᠢᠶᠠᠭᠴᠢ ᠰᠰ᠊ · ᠡ᠊ᠩᠭᠡᠪᠠᠶᠠᠷ ᠲᠠᠢ ᠬᠠᠮᠲᠤᠷᠠᠨ ᠮᠣᠩᠭᠤᠯ ᠤᠯᠤᠰ ᠤᠨ ᠨᠡᠷᠡᠳᠦ ᠬᠥᠭᠡᠮᠡᠢ ᠤᠷᠠᠯᠢᠭ ᠤᠨ ᠪᠠᠭᠰᠢ ᠤᠳᠤᠰᠦ᠋ᠷᠦᠩ ᠢ ᠠᠯᠠᠱᠠ ᠳᠤ ᠤᠷᠢᠵᠤ ᠠᠪᠴᠢᠷᠠᠨ ᠬᠤᠷᠢᠨ ᠬᠡᠳᠦᠨ ᠡᠳᠦᠷ ᠤᠨ ᠬᠥᠭᠡᠮᠡᠢ ᠶᠢᠨ ᠪᠣᠯᠪᠠᠰᠤᠷᠠᠯ ᠡᠷᠭᠢᠯᠡᠭᠦ ᠮᠡᠳᠡᠭᠳᠡᠯ ᠭᠠᠷᠬᠤ ᠳᠤ ᠶᠢᠨ · ᠲᠠᠯᠠᠢ ᠨᠡᠷ᠎ᠡ ᠪᠠᠨ ᠮᠡᠳᠡᠭᠦᠯᠵᠦ ᠬᠥᠭᠡᠮᠡᠢ ᠭᠡᠰᠡᠨ ᠤᠷᠠᠯᠢᠭ ᠲᠠᠢ ᠵᠢᠩᠬᠢᠨᠢ ᠪᠠᠷ ᠲᠠᠨᠢᠯᠴᠠᠬᠤ ᠨᠢ ᠲᠡᠷᠡ᠃              ᠬᠥᠭᠡᠮᠡᠢ ᠭᠡᠭᠴᠢ ᠮᠠᠰᠢ ᠬᠦᠨᠳᠦ ᠤᠷᠠᠯᠢᠭ᠃ ᠬᠥᠭᠡᠮᠡᠢ ᠶᠢᠨ ᠬᠢᠷᠬᠢᠷᠡᠭᠡ᠂ ᠬᠠᠷᠭᠢᠷᠠᠭ᠎ᠠ᠂ ᠢᠰᠭᠡᠷᠦᠭᠡ ᠂ ᠦᠶᠡᠯᠵᠡᠭᠡ᠂ ᠰᠢᠯᠤᠭᠤᠨ ᠢᠰᠭᠡᠷᠦᠭᠡ᠂ ᠲᠡᠨᠳᠡᠷᠡᠭᠡ ᠢᠰᠭᠡᠷᠦᠭᠡ᠂ ᠬᠠᠮᠠᠷ ᠤᠨ ᠢᠰᠭᠡᠷᠦᠭᠡ ᠵᠡᠷᠭᠡ ᠤᠯᠠᠨ ᠵᠦᠢᠯ ᠤᠨ ᠬᠥᠭᠡᠮᠡᠶᠢᠯᠡᠬᠦ ᠠᠷᠭ᠎ᠠ ᠶᠢ ᠪᠦᠭᠦᠳᠡ ᠰᠤᠷᠴᠤ ᠡᠵᠡᠮᠰᠢᠨ᠎ᠡ ᠭᠡᠪᠡᠯ ᠮᠠᠰᠢ ᠤᠳᠠᠭᠠᠨ ᠴᠠᠭ ᠬᠤᠭᠤᠴᠠᠭ᠎ᠠ ᠵᠠᠷᠤᠬᠤ ᠠᠭᠠᠳ ᠰᠤᠷᠴᠤ ᠪᠠᠶᠢᠭ᠎ᠠ ᠬᠥᠮᠥᠨ ᠤ ᠤᠷᠠᠯᠢᠭ ᠤᠨ ᠮᠡᠳᠡᠷᠡᠮᠵᠢ ᠮᠠᠰᠢ ᠴᠢᠬᠤᠯᠠ ᠬᠡᠷᠡᠭᠴᠡᠭᠡ ᠲᠠᠢ᠃ ᠪᠦᠭᠦᠶᠢᠯᠡ 21 ᠡᠳᠦᠷ ᠤᠨ ᠰᠤᠷᠤᠯᠴᠠᠯᠭ᠎ᠠ ᠳᠠᠭᠤᠰᠬᠤ ᠳᠤ ᠨᠢᠭᠡ ᠲᠠᠭᠤ ᠴᠤ ᠭᠠᠷᠭᠠᠵᠤ ᠴᠢᠳᠠᠬᠤ ᠦᠭᠡᠢ ᠰᠤᠷᠤᠯᠭᠠᠲᠠᠨ ᠪᠠᠶᠢᠬᠤ ᠳᠤ ᠶᠢᠨ · ᠲᠠᠯᠠᠢ ᠬᠠᠷᠢᠨ ᠬᠤᠭᠤᠯᠠᠢ ᠶᠢᠨ ᠮᠡᠳᠡᠷᠡᠮᠵᠢ ᠪᠠᠷ ᠮᠠᠰᠢ ᠰᠠᠶᠢᠨ ᠨᠢᠭᠡ ᠨᠢ ᠪᠠᠶᠢᠵᠠᠢ᠃ ᠤᠤᠯ ᠠᠴᠠ ᠪᠠᠨ ᠬᠥᠭᠡᠮᠡᠢ ᠶᠢᠨ ᠠᠩᠬᠠᠨ ᠤ ᠰᠠᠭᠤᠷᠢ ᠶᠢ ᠥᠪᠡᠷ ᠤᠨ ᠬᠠᠷ᠎ᠠ ᠤᠬᠠᠭᠠᠨ ᠢᠶᠠᠷ ᠢᠶᠠᠨ ᠲᠤᠩᠭᠠᠵᠤ᠂ ᠢᠰᠭᠡᠷᠦᠭᠡ ᠭᠠᠷᠭᠠᠵᠤ ᠰᠤᠷᠤᠬᠰᠠᠨ ᠠᠴᠠ 21 ᠡᠳᠦᠷ ᠤᠨ ᠪᠣᠯᠪᠠᠰᠤᠷᠠᠯ ᠨᠢ ᠲᠡᠭᠦᠨ ᠳᠤ ᠮᠠᠰᠢ ᠶᠡᠭᠡ ᠳᠡᠮᠵᠢᠯᠭᠡ ᠪᠣᠯᠤᠭᠰᠠᠨ ᠪᠠᠶᠢᠯ᠎ᠠ᠃ ᠬᠤᠶᠠᠷ ᠵᠢᠯ ᠳᠠᠷᠠᠭᠠᠯᠠᠨ ᠶᠠᠪᠤᠭᠳᠠᠭᠰᠠᠨ ᠪᠣᠯᠪᠠᠰᠤᠷᠠᠯ ᠢ ᠥᠩᠭᠡᠷᠡᠭᠡᠭᠡᠳ ᠤᠳᠤᠰᠦ᠋ᠷᠦᠩ ᠪᠠᠭᠰᠢ ︽ᠬᠥᠭᠡᠮᠡᠢ ᠭᠡᠰᠡᠨ ᠢᠵᠠᠭᠤᠷ ᠤᠷᠠᠯᠢᠭ ᠠᠯᠠᠱᠠᠴᠤᠳ ᠤᠨ ᠴᠢᠰᠤ ᠮᠢᠬᠠᠨ ᠳᠤᠨᠢ ᠪᠠᠶᠢᠭ᠎ᠠ ᠶᠤᠮ ᠪᠠᠶᠢᠨ᠎ᠠ᠃ ᠠᠯᠠᠱᠠ ᠨᠤᠲᠤᠭ ᠲᠤ ᠪᠠᠰᠠ ᠬᠥᠭᠡᠮᠡᠶᠢᠴᠢᠨ ᠭᠠᠷᠬᠤ ᠶᠤᠮ ᠪᠠᠶᠢᠨ᠎ᠠ︾ ᠭᠡᠰᠡᠨ ᠥᠨᠳᠥᠷ ᠦᠨᠡᠯᠡᠯᠲᠡ ᠥᠭᠴᠦ ᠪᠠᠶᠢᠯ᠎ᠠ ᠭᠡᠳᠡᠭ᠃              ᠮᠥᠨ ᠡᠨᠡ ᠬᠦ ᠵᠣᠷᠢᠭᠵᠢᠭᠤᠯᠤᠯ ᠢᠶᠠᠷ ᠶᠢᠨ · ᠲᠠᠯᠠᠢ ᠭᠤᠸᠠᠢ 2005 ᠣᠨ ᠠᠴᠠ ᠡᠬᠢᠯᠡᠨ ᠮᠣᠩᠭᠤᠯ ᠤᠯᠤᠰ ᠤᠨ ᠰᠣᠶᠣᠯ ᠤᠷᠠᠯᠢᠭ ᠤᠨ ᠶᠡᠭᠡ ᠰᠤᠷᠭᠠᠭᠤᠯᠢ ᠶᠢᠨ ᠬᠥᠭᠡᠮᠡᠢ ᠶᠢᠨ ᠠᠩᠭᠢ᠂ ᠮᠣᠩᠭᠤᠯ ᠤᠯᠤᠰ ᠤᠨ ᠶᠡᠭᠡ ᠰᠤᠷᠭᠠᠭᠤᠯᠢ ᠶᠢᠨ ᠤᠷᠠᠯᠢᠭ ᠰᠤᠳᠤᠯᠤᠯ ᠤᠨ ᠮᠡᠷᠭᠡᠵᠢᠯ ᠳᠤ ᠬᠥᠭᠡᠮᠡᠢ ᠤᠷᠠᠯᠢᠭ ᠢ ᠰᠢᠰᠲ᠋ᠧᠮ ᠲᠠᠢ ᠰᠤᠷᠤᠯᠴᠠᠵᠦ᠂ 2012 ᠣᠨ ᠳᠤ ᠮᠡᠷᠭᠡᠵᠢᠯ ᠤᠨ ᠬᠥᠭᠡᠮᠡᠶᠢᠴᠢᠨ ᠴᠣᠯᠠ ᠬᠠᠮᠠᠭᠠᠯᠠᠭᠠᠳ ᠬᠠᠷᠢᠵᠤ ᠢᠷᠡᠨ ᠠᠯᠠᠱᠠ ᠠᠶᠢᠮᠠᠭ ᠤᠨ ᠰᠣᠶᠣᠯ ᠤᠨ ᠣᠷᠳᠣᠨ ᠤ ᠬᠥᠭᠡᠮᠡᠢ ᠤᠷᠠᠯᠢᠭ ᠢ ᠤᠯᠠᠮᠵᠢᠯᠠᠨ ᠵᠢᠭᠠᠬᠤ ᠪᠠᠭᠰᠢ ᠪᠠᠷ ᠠᠵᠢᠯᠯᠠᠵᠠᠢ᠃              ᠬᠥᠭᠡᠮᠡᠢ ᠤᠷᠠᠯᠢᠭ ᠠᠯᠠᠱᠠ ᠳᠤ ᠬᠢᠷᠢ ᠵᠡᠷᠭᠡ ᠬᠥᠭᠵᠢᠵᠦ ᠪᠠᠶᠢᠭ᠎ᠠ ᠪᠣᠯ︖               ᠶᠡᠷᠦᠨᠢ ᠬᠥᠭᠡᠮᠡᠢ ᠤᠷᠠᠯᠢᠭ ᠨᠢ ᠰᠤᠷᠴᠤ ᠡᠵᠡᠮᠰᠢᠬᠦ ᠳᠤ ᠮᠠᠰᠢ ᠬᠦᠴᠢᠷ ᠪᠣᠯᠬᠤᠷ ᠨᠢᠭᠡᠨ ᠦᠶ᠎ᠡ ᠳᠡᠯᠡᠬᠡᠢ ᠶᠢᠨ ᠬᠡᠪᠴᠢᠶᠡᠨ ᠳᠤ ᠴᠤ ᠭᠡᠭᠡᠭᠳᠡᠵᠦ ᠣᠷᠬᠢᠭᠳᠠᠬᠤ ᠬᠡᠮᠵᠢᠶᠡᠨ ᠳᠤ ᠬᠦᠷᠴᠦ ᠪᠠᠶᠢᠭᠰᠠᠨ ᠢᠶᠠᠨ ᠰᠣᠶᠣᠯ ᠢᠶᠠᠨ ᠭᠡᠰᠡᠨ ᠤᠷᠠᠯᠢᠭᠴᠢᠳ ᠤᠨ ᠴᠢᠷᠮᠠᠶᠢᠯᠭ᠎ᠠ ᠪᠠᠷ ᠣᠳᠣᠬᠠᠨ ᠳᠤ ᠨᠡᠯᠢᠶᠡᠳ ᠬᠥᠭᠵᠢᠯᠲᠡ ᠲᠠᠢ ᠪᠣᠯᠤᠭᠰᠠᠨ ᠪᠠᠶᠢᠳᠠᠭ᠃ ᠶᠠᠭᠤ ᠴᠤ ᠪᠣᠯᠤᠭᠰᠠᠨ ᠬᠠᠮᠢᠭ᠎ᠠ ᠭᠠᠵᠠᠷ ᠬᠤᠷᠢᠮ ᠤᠨ ᠶᠣᠰᠣᠯᠠᠯ᠂ ᠨᠠᠶᠢᠷ ᠨᠠᠭᠠᠳᠤᠮ ᠳᠤ ᠣᠷᠤᠯᠴᠠᠬᠤ ᠳᠤ ᠭᠠᠶᠢᠭᠤᠢ ᠰᠠᠶᠢᠬᠠᠨ ᠬᠥᠭᠡᠮᠡᠶᠢᠯᠡᠳᠡᠭ ᠤᠷᠠᠯᠢᠭᠴᠢᠨ ᠨᠡᠯᠢᠶᠡᠳ ᠣᠯᠠᠰᠢᠷᠠᠵᠤ᠂ ︽ᠬᠥᠮᠥᠨ ᠬᠥᠭᠵᠢᠮ︾ ᠭᠡᠭᠳᠡᠭᠰᠡᠨ ᠬᠥᠭᠡᠮᠡᠢ ᠤᠷᠠᠯᠢᠭ ᠮᠠᠨᠢ ᠠᠯᠠᠱᠠ ᠨᠤᠲᠤᠭ ᠲᠤ ᠵᠢᠯ ᠠᠴᠠ ᠵᠢᠯ ᠥᠷᠨᠢᠨ ᠬᠥᠭᠵᠢᠵᠦ ᠡᠬᠢᠯᠡᠭᠰᠡᠨ᠃ ᠡᠨᠡ ᠨᠢ ᠶᠠᠷᠢᠶᠠᠨ ᠦᠭᠡᠢ ᠦᠨᠳᠦᠰᠦᠲᠡᠨ ᠤ ᠢᠵᠠᠭᠤᠷ ᠤᠷᠠᠯᠢᠭ ᠢᠶᠠᠨ ᠰᠡᠷᠭᠦᠭᠡᠶ᠎ᠡ᠂ ᠤᠯᠠᠮᠵᠢᠯᠠᠶ᠎ᠠ ᠬᠡᠮᠡᠨ ᠴᠢᠷᠮᠠᠶᠢᠭᠰᠠᠨ ᠦᠢ ᠤᠯᠠᠨ ᠬᠥᠮᠥᠰ ᠤᠨ ᠭᠦᠳᠡᠯᠮᠦᠷᠢ ᠵᠢᠳᠬᠦᠯ ᠪᠤᠶ᠎ᠠ᠃               ᠶᠢᠨ · ᠲᠠᠯᠠᠢ ᠠᠵᠢᠯ ᠤᠨ ᠪᠠᠶᠢᠷᠢᠨ ᠳᠤ ᠭᠠᠷᠤᠭᠰᠠᠨ ᠤ ᠲᠠᠷᠠᠭ᠎ᠠ 2014 ᠣᠨ ᠠᠴᠠ ᠡᠬᠢᠯᠡᠨ ᠵᠢᠯ ᠪᠣᠯᠭᠠᠨ 2 - 3 ᠤᠳᠠᠭᠠᠨ ᠤ ᠬᠥᠭᠡᠮᠡᠢ ᠶᠢᠨ ᠪᠣᠯᠪᠠᠰᠤᠷᠠᠯ ᠤᠨ ᠠᠩᠭᠢ ᠡᠷᠭᠢᠯᠡᠵᠦ᠂ ᠡᠳᠦᠭᠡ ᠪᠤᠯᠳᠠᠯ᠎ᠠ 300 ᠭᠠᠷᠤᠢ ᠬᠥᠮᠥᠨ ᠳᠤ ᠬᠥᠭᠡᠮᠡᠢ ᠤᠷᠠᠯᠢᠭ ᠢ ᠤᠯᠠᠮᠵᠢᠯᠠᠨ ᠵᠢᠭᠠᠵᠤ᠂ ᠬᠥᠭᠡᠮᠡᠢ ᠤᠷᠠᠯᠢᠭ ᠤᠨ ᠠᠶᠢᠮᠠᠭ ᠤᠨ ᠲᠡᠰ ᠤᠨ ᠪᠣᠳᠠᠰ ᠤᠨ ᠪᠤᠰᠤ ᠰᠣᠶᠣᠯ ᠤᠨ ᠥᠪ ᠢ ᠥᠪᠯᠡᠨ ᠤᠯᠠᠮᠵᠢᠯᠠᠭᠴᠢ ᠪᠣᠯᠤᠭᠰᠠᠨ ᠪᠠᠶᠢᠨ᠎ᠠ᠃ ︽ᠠᠩ ᠠᠮᠢᠳᠠᠨ ᠪᠤᠶᠤ ᠬᠥᠮᠥᠨ ᠤ ᠬᠤᠭᠤᠯᠠᠢ ᠠᠴᠠ ᠴᠡᠭᠡᠵᠢ ᠬᠦᠷᠬᠦ ᠬᠡᠰᠡᠭ ᠢ ᠬᠥᠭᠡᠮᠡᠢ ᠭᠡᠳᠡᠭ ᠪᠣᠯᠬᠤᠷ ᠢᠶᠠᠨ ᠬᠥᠭᠡᠮᠡᠢ ᠭᠡᠰᠡᠨ ᠦᠭᠡ ᠨᠢ ᠬᠥᠮᠥᠨ ᠤ ᠬᠤᠭᠤᠯᠠᠢ ᠶᠢᠨ ᠬᠡᠰᠡᠭ ᠢ ᠵᠢᠭᠠᠵᠤ ᠪᠠᠶᠢᠭ᠎ᠠ ᠤᠴᠢᠷ ᠲᠠᠢ᠃ ᠡ᠊ᠩ ᠤᠨ ᠳᠠᠭᠤᠤ ᠤᠷᠠᠯᠢᠭᠴᠢᠳ ᠠᠶᠠᠯᠭᠤᠯᠠᠨ ᠳᠠᠭᠤᠯᠠᠬᠤ ᠳᠠᠭᠠᠨ ᠨᠢᠭᠡᠨ ᠬᠤᠪᠢ ᠶᠢᠨ ᠬᠦᠴᠦ ᠭᠠᠷᠭᠠᠬᠤ ᠪᠣᠯ ᠬᠥᠭᠡᠮᠡᠢ ᠤᠷᠠᠯᠢᠭᠴᠢᠨ ᠪᠣᠯ ᠲᠡᠭᠦᠨ ᠠᠴᠠ ᠨᠢᠭᠡ ᠲᠠᠭᠢᠨ ᠬᠦᠴᠦ ᠭᠠᠷᠭᠠᠵᠤ᠂ ᠪᠦᠭᠦ ᠪᠡᠶ᠎ᠡ ᠳᠡᠭᠡᠨ ᠰᠢᠬᠠᠯᠲᠠ ᠥᠭᠭᠦᠨ ᠳᠤᠤᠭᠠᠷᠭᠠᠵᠤ ᠬᠥᠭᠡᠮᠡᠶᠢᠯᠡᠳᠡᠭ᠃ ᠲᠡᠶᠢᠮᠤ ᠳᠡᠭᠡᠨ ᠬᠥᠭᠡᠮᠡᠢ ᠶᠢ ᠬᠥᠮᠥᠨ ᠪᠣᠯᠭᠠᠨ ᠰᠤᠷᠴᠤ ᠡᠵᠡᠮᠰᠢᠬᠦ ᠪᠣᠯᠣᠮᠵᠢ ᠦᠭᠡᠢ᠃ ᠠᠮᠢᠰᠬᠤᠯ᠂ ᠬᠤᠭᠤᠯᠠᠢ᠂ ᠭᠡᠯᠡ᠂ ᠪᠦᠭᠦ ᠪᠡᠶ᠎ᠡ ᠪᠠᠨ ᠤᠳᠤᠷᠢᠳᠴᠤ ᠵᠣᠬᠢᠴᠠᠭᠤᠯᠵᠤ ᠪᠠᠶᠢᠮᠠᠨᠵᠢᠨ ᠰᠠᠶ᠋ᠢ ᠬᠥᠭᠡᠮᠡᠢ ᠶᠢ ᠲᠣᠭᠯᠠᠵᠤ ᠴᠢᠳᠠᠳᠠᠭ᠃ ᠣᠳᠣᠬᠠᠨ ᠳᠤ ᠮᠠᠨ ᠤ ᠠᠯᠠᠱᠠ ᠶᠢᠨ ᠭᠤᠷᠪᠠᠨ ᠬᠤᠰᠢᠭᠤᠨ ᠳᠤ ᠠᠷᠪᠠ ᠭᠠᠷᠤᠢ ᠰᠠᠶᠢᠨ ᠬᠥᠭᠡᠮᠡᠶᠢᠴᠢᠨ ᠭᠠᠷᠤᠭᠠᠳ ᠪᠤᠢ︾ ᠭᠡᠵᠦ ᠶᠢᠨ · ᠲᠠᠯᠠᠢ ᠬᠥᠭᠡᠮᠡᠢ ᠤᠷᠠᠯᠢᠭ ᠢ ᠶᠠᠭᠠᠬᠢᠭᠠᠳ ᠬᠦᠨᠳᠦ ᠤᠷᠠᠯᠢᠭ ᠭᠡᠵᠦ ᠨᠡᠷᠡᠯᠡᠳᠡᠭ ᠤᠨ ᠲᠤᠬᠠᠢ ᠶᠠᠷᠢᠯ᠎ᠠ᠃              ᠲᠡᠭᠦᠨ ᠲᠠᠢ ᠬᠠᠮᠲᠤ ᠬᠥᠭᠡᠮᠡᠢ ᠶᠢᠨ ᠪᠣᠯᠪᠠᠰᠤᠷᠠᠯ ᠤᠨ ᠠᠩᠭᠢ ᠳᠤ ᠬᠠᠮᠲᠤ ᠰᠤᠷᠤᠯᠴᠠᠬᠰᠠᠨ ᠰᠦᠷᠦᠩᠵᠠᠪ ᠭᠤᠸᠠᠢ ᠲᠤᠬᠠᠢ ᠶᠢᠨ ᠦᠶᠡᠰ ᠤᠯᠠᠭᠠᠨᠮᠥ᠋ᠴᠢᠷ ᠤᠨ ︽ᠨᠢᠭᠡ ᠳᠤ ᠴᠠᠭᠠᠷᠠᠵᠤ᠂ ᠤᠯᠠᠨ ᠲᠠᠯ᠎ᠠ ᠳᠤ ᠮᠡᠷᠭᠡᠰᠢᠬᠦ︾ ᠠᠵᠢᠯ ᠤᠨ ᠱᠠᠭᠠᠷᠳᠠᠯᠭ᠎ᠠ ᠪᠠᠷ ᠬᠥᠭᠡᠮᠡᠢ ᠰᠤᠷᠴᠤ᠂ ᠮᠡᠷᠭᠡᠵᠢᠯ ᠪᠣᠯᠪᠠᠰᠤᠷᠠᠯ ᠢᠶᠠᠨ ᠲᠠᠰᠤᠷᠠᠯᠳᠠ ᠦᠭᠡᠢ ᠳᠡᠭᠡᠭᠰᠢᠯᠡᠭᠦᠯᠦᠨ᠂ ᠮᠣᠷᠢᠨ ᠬᠤᠭᠤᠷ᠂ ᠮᠠᠭᠲᠠᠭᠠᠯ ᠵᠡᠷᠭᠡ ᠳᠤ ᠬᠥᠭᠡᠮᠡᠢ ᠬᠠᠪᠰᠤᠷᠭᠠᠨ ᠲᠣᠭᠯᠠᠵᠤ᠂ ᠤᠷᠢᠳ ᠬᠤᠵᠢᠳ ᠹᠷᠠᠨᠼᠢ᠂ ᠭᠧᠷᠮᠠᠨ᠂ ᠺᠤᠷᠢᠶᠠ ᠵᠡᠷᠭᠡ ᠤᠯᠤᠰ ᠪᠠ ᠮᠠᠨ ᠤ ᠤᠯᠤᠰ ᠤᠨ ᠰᠢᠶᠠᠩᠭᠠᠩ᠂ ᠣᠣᠮᠧᠨ᠂ ᠲᠠᠶᠢᠸᠠᠨ ᠢ ᠪᠠᠭᠲᠠᠭᠠᠭᠰᠠᠨ ᠪᠦᠭᠦ ᠤᠯᠤᠰ ᠤᠨ ᠡᠯ᠎ᠡ ᠮᠤᠵᠢ ᠣᠷᠣᠨ᠂ ᠬᠤᠳᠠ ᠪᠠᠷ ᠲᠣᠭᠤᠷᠢᠨ ᠲᠤᠬᠯᠠᠯᠳᠠ ᠬᠢᠵᠦ᠂ ᠬᠥᠭᠡᠮᠡᠢ ᠤᠷᠠᠯᠢᠭ ᠢ ᠳᠡᠯᠡᠬᠡᠢ ᠶᠢᠨ ᠬᠥᠮᠥᠰ ᠤᠨ ᠰᠣᠨᠣᠷ ᠲᠤ ᠬᠦᠷᠲᠡᠭᠡᠵᠦ ᠶᠠᠪᠤᠭᠰᠠᠭᠠᠷ ᠢᠷᠡᠵᠡᠢ᠃ ︽ᠪᠢᠳᠠ ᠭᠠᠳᠠᠭᠠᠳᠤ ᠳᠤ ᠲᠤᠬᠯᠠᠯᠳᠠ ᠬᠢᠵᠦ ᠶᠠᠪᠤᠬᠤ ᠳᠤ᠂ ᠬᠥᠮᠥᠰ ᠬᠤᠭᠤᠯᠠᠢ ᠠᠴᠠ ᠭᠠᠷᠬᠤ ᠬᠡᠳᠦᠨ ᠵᠦᠢᠯ ᠤᠨ ᠲᠠᠭᠤ ᠠᠶᠠᠯᠭᠤ ᠶᠢ ᠮᠠᠰᠢ ᠶᠡᠭᠡ ᠭᠠᠶᠢᠬᠠᠵᠤ᠂ ᠬᠠᠮᠲᠤ ᠲᠤᠬᠯᠠᠯᠳᠠ ᠬᠢᠵᠦ ᠪᠠᠶᠢᠭ᠎ᠠ ᠬᠥᠮᠥᠰ ᠴᠸ ᠵᠢᠷᠤᠭ ᠰᠡᠭᠦᠳᠡᠷ ᠲᠠᠲᠠᠭᠤᠯᠤᠨ᠂ ᠬᠥᠭᠡᠮᠡᠢ ᠶᠢᠨ ᠲᠤᠬᠯᠠᠯᠳᠠ ᠶᠢ ᠣᠯᠵᠤ ᠰᠣᠨᠣᠰᠤᠭᠰᠠᠨ ᠳᠠᠭᠠᠨ ᠶᠡᠭᠡ ᠤᠯᠵᠠᠭᠤᠷᠬᠠᠳᠠᠭ ᠪᠠᠶᠢᠯ᠎ᠠ᠃ ᠡᠨᠡ ᠨᠢ ᠮᠠᠨ ᠤ ᠤᠯᠠᠭᠠᠨᠮᠥ᠋ᠴᠢᠷ ᠤᠨ ᠲᠣᠭᠯᠠᠭᠴᠢᠳ ᠲᠤ ᠠᠪᠴᠤ ᠬᠡᠯᠡᠪᠡᠯ ᠮᠠᠰᠢ ᠶᠡᠭᠡ ᠵᠣᠷᠢᠭᠵᠢᠭᠤᠯᠤᠯ ᠪᠤᠯᠳᠠᠭ ᠰᠢᠤ︾ ᠭᠡᠵᠦ ᠰᠦᠷᠦᠩᠵᠠᠪ ᠭᠤᠸᠠᠢ ᠶᠠᠷᠢᠨ᠎ᠠ᠃              ᠬᠥᠭᠡᠮᠡᠢ ᠶᠢ ᠪᠠᠰᠠ ︽ᠬᠤᠭᠤᠯᠠᠢ ᠶᠢᠨ ᠴᠤᠭᠤᠷ︾ ᠪᠤᠶᠤ ︽ᠴᠤᠭᠤᠷ︾ ᠭᠡᠳᠡᠭ᠃ ᠲᠡᠷᠡ ᠨᠢ ᠮᠣᠩᠭᠤᠯ ᠦᠨᠳᠦᠰᠦᠲᠡᠨ ᠳᠤ ᠯᠠ ᠪᠠᠶᠢᠳᠠᠭ ᠭᠠᠭᠴᠠ ᠬᠥᠮᠥᠨ ᠤᠯᠠᠨ ᠠᠶ᠎ᠠ ᠭᠠᠷᠭᠠᠬᠤ ᠳᠠᠭᠤᠤ ᠶᠢᠨ ᠤᠷᠠᠯᠢᠭ ᠪᠠᠶᠢᠵᠤ᠂ ᠭᠠᠭᠴᠠ ᠬᠥᠮᠥᠨ ᠬᠥᠭᠡᠮᠡᠶᠢᠯᠡᠵᠦ ᠪᠤᠯᠬᠤ ᠠᠴᠠ ᠭᠠᠳᠠᠨ᠎ᠠ ᠤᠯᠠᠨ ᠬᠥᠮᠥᠨ ᠬᠥᠭᠡᠮᠡᠶᠢᠯᠡᠵᠦ ᠴᠤ ᠪᠣᠯᠣᠨ᠎ᠠ᠃ ᠭᠤᠣᠯᠳᠠᠭᠤ ᠠᠯᠲᠠᠢ ᠨᠢᠷᠤᠭᠤ ᠠᠴᠠ ᠡᠬᠢ ᠠᠪᠤᠭᠰᠠᠨ ᠮᠠᠨ ᠤ ᠤᠯᠤᠰ ᠤᠨ ᠰᠢᠨᠵᠢᠶᠠᠩ ᠨᠤᠲᠤᠭ᠂ ᠮᠣᠩᠭᠤᠯ ᠤᠯᠤᠰ ᠤᠨ ᠪᠠᠷᠠᠭᠤᠨ ᠣᠷᠣᠨ ᠪᠣᠯᠣᠨ ᠤᠷᠤᠰ ᠤᠨ ᠲᠤᠸᠠ ᠵᠡᠷᠭᠡ ᠮᠣᠩᠭᠤᠯ ᠦᠨᠳᠦᠰᠦᠲᠡᠨ ᠲᠥᠪᠯᠡᠷᠡᠨ ᠰᠠᠭᠤᠵᠤ ᠪᠠᠶᠢᠭ᠎ᠠ ᠭᠠᠵᠠᠷ ᠣᠷᠣᠨ ᠳᠤ ᠤᠯᠠᠮᠵᠢᠯᠠᠭᠳᠠᠵᠤ ᠪᠠᠶᠢᠭᠰᠠᠨ ᠢᠶᠠᠨ ᠣᠶᠢᠷ᠎ᠠ ᠶᠢᠨ ᠠᠷᠪᠠ ᠭᠠᠷᠤᠢ ᠵᠢᠯ ᠤᠨ ᠲᠠᠭᠢᠨ ᠰᠡᠷᠭᠦᠯᠲᠡ᠂ ᠤᠯᠠᠮᠵᠢᠯᠠᠯ ᠢᠶᠠᠷ ᠲᠠᠮᠵᠢᠨ᠂ ᠥᠪᠥᠷ ᠮᠣᠩᠭᠤᠯ ᠤᠨ ᠡᠯ᠎ᠡ ᠠᠶᠢᠮᠠᠭ ᠬᠤᠳᠠ᠂ ᠰᠢᠨᠵᠢᠶᠠᠩ᠂ ᠭᠠᠨᠰᠤ᠂ ᠰᠧᠴᠤᠸᠠᠨ ᠵᠡᠷᠭᠡ ᠭᠠᠵᠠᠷ ᠣᠷᠣᠨ ᠲᠡᠷᠡᠴᠢᠯᠡᠨ ᠤᠯᠤᠰ ᠤᠨ ᠭᠠᠳᠠᠭᠠᠳᠤ ᠳᠤ ᠴᠤ ᠤᠯᠠᠮᠵᠢᠯᠠᠭᠳᠠᠨ᠂ ᠭᠠᠳᠠᠭᠠᠳᠤ ᠤᠯᠤᠰ ᠲᠤ ᠴᠤ ᠬᠥᠭᠡᠮᠡᠢ ᠤᠷᠠᠯᠢᠭ ᠢ ᠤᠯᠠᠮᠵᠢᠯᠠᠨ ᠰᠤᠷᠬᠤ ᠰᠢᠨ᠎ᠡ ᠤᠷᠤᠰᠬᠠᠯ ᠪᠤᠢ ᠪᠣᠯᠤᠭᠰᠠᠨ ᠪᠠᠶᠢᠨ᠎ᠠ᠃              ᠬᠥᠭᠡᠮᠡᠢ ᠤᠷᠠᠯᠢᠭ ᠢᠶᠠᠨ ᠬᠥᠭᠵᠢᠭᠦᠯᠬᠦ ᠳᠤ ᠪᠢᠳᠠ ᠶᠠᠭᠤ ᠬᠢᠬᠦ ᠬᠡᠷᠡᠭᠲᠡᠢ ᠪᠠᠶᠢᠨ᠎ᠠ︖               ᠬᠥᠭᠡᠮᠡᠢ ᠶᠢᠨ ᠲᠤᠮᠤᠭ ᠲᠤ᠂ ᠡᠷᠲᠡ ᠪᠠᠯᠠᠷ ᠴᠠᠭ ᠲᠤ ᠥᠨᠳᠥᠷ ᠠᠭᠤᠯᠠ ᠠᠰᠬ᠎ᠠ ᠬᠠᠪᠴᠢᠯ ᠳᠤ ᠰᠠᠭᠤᠷᠢᠰᠢᠭ᠎ᠠ ᠨᠡᠭᠦᠳᠡᠯᠴᠢᠨ ᠠᠷᠠᠳ ᠠᠭᠤᠯᠠᠨ ᠬᠥᠨᠳᠡᠢ ᠠᠴᠠ ᠭᠠᠷᠬᠤ ᠡᠯᠳᠡᠪ ᠤᠨ ᠢᠰᠭᠡᠷᠦᠭᠡ᠂ ᠠᠩ ᠠᠮᠢᠳᠠᠨ᠂ ᠤᠰᠤᠨ ᠤᠷᠤᠰᠬᠠᠯ᠂ ᠡᠬᠡ ᠪᠠᠶᠢᠭᠠᠯᠢ ᠶᠢᠨ ᠲᠠᠭᠤ ᠴᠢᠮᠡᠭᠡ ᠪᠣᠯᠭᠠᠨ ᠢ ᠳᠠᠭᠤᠷᠢᠶᠠᠯᠭᠠᠨ ᠳᠤᠤᠭᠠᠷᠴᠤ ᠪᠠᠶᠢᠭᠰᠠᠨ ᠠᠴᠠ ︽ᠬᠥᠭᠡᠮᠡᠢ︾ ᠭᠡᠰᠡᠨ ᠤᠷᠠᠯᠢᠭ ᠮᠡᠨᠳᠦᠯᠡᠭᠰᠡᠨ ᠭᠡᠳᠡᠭ ᠪᠤᠯᠪᠠᠴᠦ ᠡᠨᠡ ᠨᠢ ᠵᠦᠪᠭᠡᠨ ᠠᠷᠠᠳ ᠤᠨ ᠠᠮᠠᠨ ᠦᠯᠢᠭᠡᠷ ᠢᠶᠠᠷ ᠳᠠᠮᠵᠢᠭᠳᠠᠨ ᠢᠷᠡᠭᠰᠡᠨ ᠪᠣᠯᠬᠤᠷ ᠬᠥᠭᠡᠮᠡᠢ ᠭᠡᠰᠡᠨ ᠦᠭᠡ ᠶᠠᠭᠤᠨ ᠠᠴᠠ ᠢᠷᠡᠯᠲᠡ ᠲᠠᠢ᠂ ᠬᠥᠭᠡᠮᠡᠢ ᠶᠢᠨ ᠬᠥᠭᠵᠢᠯᠲᠡ ᠶᠢᠨ ᠲᠡᠦᠬᠡᠨ ᠶᠠᠪᠤᠴᠠ ᠨᠢ ᠶᠠᠭᠤ ᠪᠤᠯᠬᠤ ᠶᠢ ᠬᠠᠷᠠᠬᠠᠨ ᠢᠯᠡᠷᠡᠭᠦᠯᠦᠭᠡ ᠦᠭᠡᠢ᠃ ᠲᠡᠶᠢᠮᠤ ᠳᠡᠭᠡᠨ ᠶᠢᠨ · ᠲᠠᠯᠠᠢ ︽ᠬᠥᠭᠡᠮᠡᠢ ᠶᠢ ᠰᠤᠷᠴᠤ ᠡᠵᠡᠮᠰᠢᠬᠦ ᠳᠤ ᠮᠠᠰᠢ ᠬᠦᠴᠢᠷ᠃ ᠢᠯᠠᠩᠭᠤᠶ᠎ᠠ ᠬᠥᠭᠡᠮᠡᠢ ᠶᠢᠨ ᠲᠤᠬᠠᠢ ᠰᠤᠳᠤᠯᠤᠭ᠎ᠠ ᠨᠢ ᠰᠤᠷᠬᠤ ᠠᠴᠠ ᠪᠦᠷ ᠬᠡᠴᠡᠭᠦᠦ︾ ᠭᠡᠵᠦ ᠶᠠᠷᠢᠭᠰᠠᠨ ᠰᠠᠨ᠃              ᠳᠠᠭᠤᠤ ᠶᠢᠨ ᠤᠬᠠᠭᠠᠨ ᠤ ᠶᠣᠰᠣ ᠵᠦᠢ ᠶᠢᠨ ᠲᠠᠯ᠎ᠠ ᠠᠴᠠ ᠬᠡᠯᠡᠪᠡᠯ᠂ ᠬᠥᠭᠡᠮᠡᠢ ᠪᠣᠯ ᠬᠤᠣᠰ ᠠᠪᠢᠶ᠎ᠠ ᠪᠠᠷ ᠳᠠᠭᠤᠯᠠᠭᠳᠠᠳᠠᠭ ᠴᠤᠷ ᠤᠨ ᠭᠠᠭᠴᠠ ᠤᠯᠠᠮᠵᠢᠯᠠᠯᠲᠤ ᠤᠷᠠᠯᠢᠭ ᠠᠵᠢ᠃ ᠵᠠᠷᠢᠮ ᠰᠤᠳᠤᠯᠤᠭᠠᠴᠢᠳ ᠬᠥᠭᠡᠮᠡᠢ ᠶᠢ ︽ᠥᠭᠦᠯᠡᠬᠦ ᠡᠷᠬᠡᠲᠡᠨ᠂ ᠠᠮᠢᠰᠬᠤᠭ᠎ᠠ ᠶᠢᠨ ᠤᠷᠠᠯᠢᠭ︾ ᠭᠡᠵᠦ ᠨᠡᠷᠡᠯᠡᠳᠡᠭ ᠠᠴᠠ ᠲᠡᠷᠡ ᠨᠢ ᠰᠤᠳᠤᠯᠤᠭᠠᠴᠢᠳ ᠤᠨ ᠠᠩᠬᠠᠷᠤᠯ ᠢ ᠨᠡᠩ ᠶᠡᠭᠡ ᠪᠠᠷ ᠲᠠᠲᠠᠳᠠᠭ ᠤᠷᠠᠯᠢᠭ ᠤᠨ ᠨᠢᠭᠡ ᠪᠤᠯᠬᠤ ᠶᠤᠮ᠃ ᠬᠥᠭᠡᠮᠡᠢ ᠶᠢ ᠠᠩᠬ᠎ᠠ ᠮᠣᠩᠭᠤᠯ ᠨᠤᠲᠤᠭ᠂ ᠲᠤᠬᠠᠶᠢᠯᠠᠪᠠᠯ ᠤᠳᠤ ᠶᠢᠨ ᠲᠤᠸᠠ ᠣᠷᠴᠢᠮ ᠡᠭᠦᠰᠦᠭᠰᠡᠨ ᠬᠡᠮᠡᠨ ᠳᠡᠯᠡᠬᠡᠢ ᠶᠢᠨ ᠤᠯᠠᠨ ᠰᠤᠳᠤᠯᠤᠭᠠᠴᠢᠳ ᠦᠵᠡᠳᠡᠭ ᠪᠥᠭᠡᠳ ᠬᠥᠭᠡᠮᠡᠢ ᠡᠭᠦᠰᠬᠦ ᠳᠤ ᠮᠣᠩᠭᠤᠯ ᠦᠨᠳᠦᠰᠦᠲᠡᠨ ᠤ ᠪᠠᠶᠢᠭᠠᠯᠢ ᠳᠡᠯᠡᠬᠡᠢ ᠪᠠᠨ ᠰᠢᠳᠦᠨ ᠳᠡᠭᠡᠳᠦᠯᠡᠳᠡᠭ ᠵᠠᠩᠰᠢᠯ ᠶᠡᠭᠡ ᠨᠥᠯᠥᠭᠡᠯᠡᠵᠡᠢ ᠭᠡᠳᠡᠭ᠃ ᠬᠥᠭᠡᠮᠡᠢ ᠨᠢ ᠠᠷᠠᠳ ᠲᠦᠮᠡᠨ ᠤ ᠬᠥᠭᠵᠢᠮ ᠢᠷᠠᠭᠤ ᠨᠠᠶᠢᠷᠠᠭ ᠤᠨ ᠮᠡᠳᠡᠷᠡᠮᠵᠢ᠂ ᠲᠥᠪᠥᠩᠬᠡᠢ ᠪᠠᠷ ᠳᠠᠭᠤᠯᠠᠬᠤ ᠤᠨᠴᠠᠭᠠᠢ ᠴᠢᠳᠠᠪᠤᠷᠢ ᠶᠢᠨ ᠳ᠋ᠦᠩ ᠳᠤ ᠪᠤᠢ ᠪᠣᠯᠤᠭᠰᠠᠨ ᠤᠷᠠᠯᠢᠭ ᠪᠠᠶᠢᠵᠤ᠂ ᠮᠣᠩᠭᠤᠯ ᠭᠠᠵᠠᠷ ᠣᠷᠣᠨ ᠳᠤ ᠥᠪᠡᠷ ᠤᠨ ᠣᠨᠴᠠᠯᠢᠭ ᠢ ᠬᠠᠳᠠᠭᠠᠯᠠᠨ ᠬᠥᠭᠵᠢᠵᠦ᠂ ᠲᠦᠷᠦᠯ ᠵᠦᠢᠯ ᠤᠨ ᠬᠤᠪᠢ ᠳᠤ ᠴᠤ ᠬᠠᠮᠤᠭ ᠤᠨ ᠪᠠᠶᠠᠯᠢᠭ ᠪᠣᠯᠤᠭᠰᠠᠨ ᠪᠥᠭᠡᠳ 2009 ᠣᠨ ᠳᠤ ︽ᠬᠥᠮᠥᠨ ᠲᠥᠷᠥᠯᠬᠢᠲᠡᠨ ᠤ ᠠᠮᠠᠨ ᠶᠠᠷᠢᠶᠠᠨ ᠤ ᠪᠣᠯᠣᠨ ᠳᠡᠯᠡᠬᠡᠢ ᠶᠢᠨ ᠪᠣᠳᠠᠰ ᠤᠨ ᠪᠤᠰᠤ ᠰᠣᠶᠣᠯ ᠤᠨ ᠥᠪ︾ ᠲᠤ ᠪᠦᠷᠢᠳᠬᠡᠭᠦᠯᠵᠡᠢ᠃              ︽ᠬᠥᠭᠡᠮᠡᠢ ᠨᠢ ᠤᠯᠠᠨ ᠦᠨᠳᠦᠰᠦᠲᠡᠨ ᠶᠠᠰᠤᠳᠠᠨ ᠤ ᠠᠬᠤᠢ ᠠᠮᠢᠳᠤᠷᠠᠯ᠂ ᠡᠬᠡ ᠪᠠᠶᠢᠭᠠᠯᠢ ᠶᠢᠨ ᠲᠠᠭᠤ ᠴᠢᠮᠡᠭᠡ ᠶᠢ ᠠᠶᠠᠯᠭᠤ ᠪᠠᠷ ᠢᠯᠡᠷᠬᠡᠶᠢᠯᠡᠵᠦ᠂ ᠬᠥᠮᠥᠨ ᠲᠥᠷᠥᠯᠬᠢᠲᠡᠨ ᠤ ᠤᠶᠤᠨ ᠰᠠᠨᠠᠭᠠᠨ ᠳᠤ ᠮᠣᠷᠢᠨ ᠬᠤᠭᠤᠷ ᠤᠨ ᠠᠶᠠᠯᠭᠤ ᠲᠠᠢ᠂ ᠮᠥᠨ ᠤᠷᠳᠤ ᠶᠢᠨ ᠳᠠᠭᠤᠤ ᠲᠠᠢ᠂ ᠢᠷᠦᠭᠡᠯ ᠮᠠᠭᠲᠠᠭᠠᠯ ᠲᠠᠢ ᠬᠤᠣᠰᠯᠠᠨ ᠳᠠᠭᠤᠯᠠᠭᠳᠠᠵᠤ ᠬᠤᠨᠤᠭᠰᠢᠭᠰᠠᠨ ᠭᠠᠶᠢᠬᠠᠯᠲᠠᠢ ᠤᠷᠠᠯᠢᠭ᠃ ᠮᠥᠨᠴᠦ ᠪᠢᠳᠠᠨ ᠤ ᠡᠪᠦᠭᠡ ᠳᠡᠭᠡᠳᠦᠰ ᠤᠨ ᠦᠯᠡᠳᠡᠭᠡᠭᠰᠡᠨ ᠥᠪ ᠬᠥᠷᠥᠩᠭᠡ ᠪᠣᠯᠬᠤᠷ ᠤᠯᠠᠮᠵᠢᠯᠠᠨ ᠬᠥᠭᠵᠢᠭᠦᠯᠬᠦ᠂ ᠭᠡᠭᠡᠭᠳᠡᠭᠦᠯᠦᠯ ᠦᠭᠡᠢ ᠠᠪᠴᠤ ᠶᠠᠪᠤᠬᠤ ᠡᠭᠦᠷᠭᠡ ᠬᠦᠨᠳᠦ ᠪᠤᠢ︾ ᠭᠡᠵᠦ ᠡᠳᠦᠭᠡ ᠠᠯᠠᠱᠠ ᠵᠡᠭᠦᠨ ᠬᠤᠰᠢᠭᠤᠨ ᠤ ᠠᠬᠠᠮᠠᠳ ᠺᠠᠳ᠋ᠷᠴᠤᠳ ᠤᠨ ᠬᠥᠳᠡᠯᠭᠡᠭᠡᠨ ᠤ ᠲᠥᠪ ᠲᠤ ᠠᠷᠠᠳ ᠤᠨ ᠳᠠᠭᠤᠤ᠂ ᠮᠣᠷᠢᠨ ᠬᠤᠭᠤᠷ ᠵᠢᠭᠠᠨ ᠤᠯᠠᠮᠵᠢᠯᠠᠵᠤ ᠪᠠᠶᠢᠭ᠎ᠠ ᠰᠦᠷᠦᠩᠵᠠᠪ ᠭᠤᠸᠠᠢ ᠶᠠᠷᠢᠯ᠎ᠠ᠃              ᠨᠠᠮ ᠲᠠᠶᠢᠪᠤᠩ᠂ ᠤᠶᠠᠩᠭᠠᠯᠢᠭ᠃ ᠭᠤᠣᠯ ᠤᠨ ᠤᠰᠤ ᠦᠯᠦ ᠮᠡᠳᠡᠭ ᠤᠷᠤᠰᠬᠤ ᠰᠢᠭ᠋᠂ ᠤᠶᠠᠬᠠᠨ ᠰᠠᠯᠬᠢ ᠡᠪᠡᠰᠦᠨ ᠤ ᠲᠣᠯᠣᠭᠠᠢ ᠱᠦᠷᠭᠦᠬᠦ‍ ᠰᠢᠭ᠂ ᠨᠠᠮᠵᠢᠭᠤᠬᠠᠨ ᠠᠶᠠᠯᠭᠤ ᠲᠠᠢ᠃ ᠡᠬᠡ ᠪᠠᠶᠢᠭᠠᠯᠢ ᠶᠢᠨ ᠲᠠᠭᠤ ᠠᠪᠢᠶ᠎ᠠ ᠶᠢ ᠴᠡᠪᠡᠷ᠂ ᠠᠷᠢᠭᠤᠨ ᠲᠠᠭᠱᠠᠨ ᠢᠶᠠᠷ ᠬᠥᠮᠥᠰ ᠲᠤ ᠬᠦᠷᠭᠡᠳᠡᠭ ︽ᠬᠥᠮᠥᠨ ᠬᠥᠭᠵᠢᠮ︾ - ᠬᠥᠭᠡᠮᠡᠢ ᠤᠷᠠᠯᠢᠭ ᠢ ᠤᠯᠠᠮᠵᠢᠯᠠᠵᠤ ᠥᠪᠯᠡᠬᠦ ᠵᠠᠮ ᠮᠥᠷ ᠮᠥᠨ ᠬᠦ ᠬᠤᠯᠠ ᠪᠠᠶᠢᠭᠰᠠᠭᠠᠷ᠂᠂᠂᠂              ᠰᠣᠶᠣᠯ ᠪᠣᠯ ᠬᠥᠮᠥᠨ ᠬᠥᠮᠥᠨ ᠤ ᠬᠤᠭᠤᠷᠤᠨᠳᠤᠭᠢ ᠰᠡᠳᠬᠢᠯ ᠪᠣᠯᠣᠨ ᠬᠠᠶᠢᠷ᠎ᠠ ᠶᠢᠨ ᠬᠥᠭᠦᠷᠭᠡ᠂ ᠮᠥᠨᠴᠦ ᠤᠯᠤᠰ ᠪᠣᠯᠣᠨ ᠤᠯᠤᠰ ᠤᠨ ᠬᠤᠭᠤᠷᠤᠨᠳᠤᠭᠢ ᠢᠲᠡᠭᠡᠯ ᠣᠶᠢᠯᠠᠭᠠᠯᠲᠠ ᠶᠢᠨ ᠬᠤᠯᠪᠣᠭᠠᠰᠤ᠃ ᠰᠢᠯᠢᠳᠡᠭ ᠤᠯᠠᠮᠵᠢᠯᠠᠯᠲᠤ ᠰᠣᠶᠣᠯ ᠢᠶᠠᠨ ᠤᠯᠠᠮᠵᠢᠯᠠᠵᠤ᠂ ᠢᠵᠠᠭᠤᠷ ᠰᠣᠶᠣᠯ ᠢᠶᠠᠨ ᠬᠡᠮᠡᠨ ᠮᠡᠷᠡᠶᠢᠵᠦ᠂ ᠬᠦᠴᠦᠨ ᠵᠢᠳᠬᠦᠯ ᠢᠶᠠᠨ ᠡᠷᠭᠦᠵᠦ ᠶᠠᠪᠤᠭ᠎ᠠ ᠰᠣᠶᠣᠯ ᠤᠨ ᠵᠢᠳᠬᠦᠯᠲᠡᠨ᠂ ᠤᠷᠠᠯᠢᠭᠴᠢᠳ ᠲᠠᠭᠠᠨ ᠬᠦᠨᠳᠦᠳᠬᠡᠯ ᠳᠡᠪᠰᠢᠭᠦᠯᠦᠶ᠎ᠡ︕           
 
ᠢᠷᠡᠯᠲᠡ᠄ ᠠᠯᠠᠱᠠ ᠵᠡᠭᠦᠨ ᠬᠤᠰᠢᠭᠤᠨ ᠤ ᠵᠠᠰᠠᠭ ᠤᠨ ᠣᠷᠳᠣᠨ ᠤ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号