ᠠᠯᠠᠱᠠ ᠠᠭᠤᠯᠠᠨ᠎ᠠ ᠬᠠᠭᠤᠴᠢ ᠬᠠᠶᠢᠭᠰᠠᠨ ᠲᠡᠮᠳᠡᠭᠯᠡᠯ ︵ᠨᠢᠭᠡ︶ 
ᠨᠡᠶᠢᠲᠡᠯᠡᠭᠰᠡᠨ ᠴᠠᠭ᠄
2024/9/30
                         ● ᠮᠠᠤ ᠲᠦᠮᠡᠨ              ᠠᠯᠠᠱᠠ ᠠᠭᠤᠯᠠ ᠪᠣᠯ ᠠᠯᠠᠱᠠ ᠨᠤᠲᠤᠭ ᠤᠨ ᠠᠮᠢᠨ ᠰᠠᠬᠢᠶ᠎ᠠ ᠠᠭᠤᠯᠠ᠃ ᠲᠡᠷᠡ ᠨᠢ ᠠᠯᠠᠱᠠ ᠶᠢᠨ ᠪᠠᠶᠢᠭᠠᠯᠢ ᠣᠷᠴᠢᠨ᠂ ᠠᠮᠢ ᠠᠬᠤᠢ᠂ ᠠᠭᠤᠷ ᠠᠮᠢᠰᠬᠤᠯ ᠵᠡᠷᠭᠡ ᠲᠠᠢ ᠰᠢᠭᠤᠳ ᠬᠤᠯᠪᠣᠭᠳᠠᠬᠤ ᠪᠠᠷ ᠪᠠᠷᠠᠬᠤ ᠦᠭᠡᠢ ᠥᠨᠢ ᠤᠳᠠᠭᠠᠨ ᠲᠡᠦᠬᠡ ᠰᠣᠶᠣᠯ ᠤᠨ ᠠᠭᠤᠯᠤᠭᠳᠠᠴᠠ ᠲᠠᠢ ᠪᠢᠯᠡ᠃ ᠡᠷᠲᠡ ᠳᠡᠭᠡᠳᠦ ᠶᠢᠨ ᠠᠬᠤᠢ ᠲᠡᠮᠳᠡᠭᠯᠡᠯ ᠪᠣᠯᠤᠭᠰᠠᠨ ᠬᠠᠳᠠᠨ ᠵᠢᠷᠤᠭ᠂ ᠴᠡᠷᠢᠭ ᠲᠡᠶᠢᠨ ᠤ ᠲᠥᠬᠦᠭᠡᠷᠦᠮᠵᠢ ᠪᠣᠯᠤᠭᠰᠠᠨ ᠴᠢᠨ ᠬᠠᠨ ᠤ ᠦᠶ᠎ᠡ ᠶᠢᠨ ᠴᠣᠨᠵᠢ ᠰᠢᠪᠡᠭᠡ᠂ ᠮᠢᠩ ᠤᠨ ᠦᠶ᠎ᠡ ᠶᠢᠨ ᠤᠷᠳᠤ ᠴᠠᠭᠠᠨ ᠬᠡᠷᠡᠮ᠂ ᠰᠢᠲᠦᠭᠡᠨ ᠪᠢᠰᠢᠷᠡᠯ ᠤᠨ ᠠᠷᠢᠭᠤᠨ ᠳᠠᠭᠱᠢᠨ ᠣᠷᠣᠨ ᠪᠣᠯᠤᠭᠰᠠᠨ ᠰᠦᠮ᠎ᠡ ᠬᠡᠶᠢᠳ ᠁ ᠡᠳᠡᠭᠡᠷ ᠬᠠᠭᠤᠴᠢ ᠦᠯᠡᠳᠡᠭᠳᠡᠯ᠂ ᠪᠠᠷᠢᠯᠭ᠎ᠠ ᠪᠠᠭᠤᠷᠢ ᠨᠢ ᠠᠯᠠᠱᠠ ᠠᠭᠤᠯᠠ ᠶᠢᠨ ᠡᠴᠢᠨ᠎ᠡ ᠭᠠᠶᠢᠬᠠᠮᠰᠢᠭ ᠢ ᠤᠯᠠᠮ ᠨᠢᠭᠡ ᠠᠯᠬᠤᠮ ᠨᠡᠮᠡᠭᠳᠡᠭᠦᠯᠵᠦ᠂ ᠬᠥᠮᠥᠰ ᠤᠨ ᠰᠣᠨᠢᠭᠤᠴᠢ ᠬᠠᠴᠢᠷᠬᠠᠯ ᠢ ᠡᠷᠬᠡ ᠦᠭᠡᠢ ᠲᠠᠲᠠᠬᠤ ᠶᠤᠮ᠃              ᠡᠨᠡ ᠨᠠᠮᠤᠷ ᠤᠨ ᠨᠠᠢᠮᠠᠨ ᠰᠠᠷ᠎ᠠ ᠶᠢᠨ ᠡᠬᠢᠨ ᠢᠶᠠᠷ᠂ ᠵᠠᠪᠰᠢᠶᠠᠨ ᠳᠠᠭᠠᠷᠠᠵᠤ ᠠᠶᠢᠮᠠᠭ ᠤᠨ ᠲᠡᠦᠬᠡᠨ ᠳᠤᠷᠠᠰᠬᠠᠯᠲᠤ ᠵᠦᠢᠯᠡᠰ ᠢ ᠬᠠᠮᠠᠭᠠᠯᠠᠨ ᠰᠤᠳᠤᠯᠬᠤ ᠲᠥᠪ ᠤᠨ ᠬᠢᠨ ᠲᠠᠢ ᠭᠠᠯ ᠨᠡᠶᠢᠯᠡᠵᠦ᠂ ᠠᠯᠠᠱᠠ ᠠᠭᠤᠯᠠᠨ ᠤ ᠭᠦᠨ ᠳᠤ ᠬᠠᠭᠤᠴᠢ ᠰᠤᠳᠤᠯᠤᠯ ᠤᠨ ᠬᠠᠶᠢᠯᠲᠠ ᠰᠢᠨᠵᠢᠯᠡᠭᠡ ᠬᠢᠬᠦ ᠠᠶᠠᠨ ᠳᠤ ᠤᠷᠤᠯᠴᠠᠬᠰᠠᠨ ᠪᠢᠯᠡ᠃ ᠥᠷᠯᠥᠭᠡᠨ ᠤ ᠨᠠᠷᠠ ᠲᠠᠢ ᠤᠷᠤᠯᠳᠤᠨ ᠪᠢᠳᠠ ᠪᠠᠶᠠᠨᠬᠤᠲᠠ ᠠᠴᠠ ᠦᠬᠠᠢ ᠬᠦᠷᠬᠦ ᠲᠦᠷᠭᠡᠨ ᠤ ᠵᠠᠮ ᠳᠤ ᠭᠠᠷᠴᠤ ᠭᠤᠴᠢᠨ ᠬᠡᠳᠦᠨ ᠺᠢᠯᠣᠮᠧᠲᠷ ᠠᠶᠠᠯᠠᠭᠠᠳ ᠵᠠᠰᠠᠮᠠᠯ ᠵᠠᠮ ᠠᠴᠠ ᠪᠠᠭᠤᠵᠤ᠂ ᠰᠢᠷᠣᠢ ᠶᠢᠨ ᠵᠠᠮ ᠢ ᠡᠯᠭᠦᠯ᠎ᠡ᠃ ᠮᠠᠨ ᠤ ᠭᠠᠯ ᠠᠶᠠᠨ ᠤ ᠬᠢᠨ ᠬᠤᠶᠠᠷ ᠬᠡᠭᠡᠷᠡᠯᠡᠨ ᠠᠶᠠᠯᠠᠬᠤ ᠮᠠᠰᠢᠨ ᠲᠠᠢ ᠨᠠᠢᠮᠠᠭᠤᠯᠠ ᠶᠤᠮ᠂ ᠲᠦᠷᠦᠭᠦᠦ ᠮᠠᠰᠢᠨ ᠳᠡᠭᠡᠷ᠎ᠡ ᠠᠯᠠᠱᠠ ᠠᠭᠤᠯᠠᠨ ᠤ ᠤᠯᠤᠰ ᠤᠨ ᠳᠡᠰ ᠤᠨ ᠬᠠᠮᠠᠭᠠᠯᠠᠯᠲᠠ ᠶᠢᠨ ᠣᠷᠣᠨ ᠤ ᠬᠠᠮᠢᠶᠠᠷᠤᠯᠲᠠ ᠶᠢᠨ ᠲᠣᠪᠴᠢᠶᠠᠨ ᠤ ᠬᠤᠶᠠᠷ ᠠᠵᠢᠯᠲᠠᠨ ᠬᠢᠭᠡᠳ ᠵᠠᠮᠴᠢ ᠡᠷᠳᠡᠨᠢᠬᠦᠦ ᠨᠠᠰᠤᠲᠠᠨ ᠪᠢᠳᠠ ᠲᠦᠷᠪᠡᠭᠦᠯᠡ ᠪᠠᠶᠢᠯᠴᠠᠵᠤ᠂ ᠠᠷᠤ ᠶᠢᠨ ᠮᠠᠰᠢᠨ ᠳᠡᠭᠡᠷ᠎ᠡ ᠠᠶᠢᠮᠠᠭ ᠤᠨ ᠲᠡᠦᠬᠡᠨ ᠳᠤᠷᠠᠰᠬᠠᠯᠲᠤ ᠵᠦᠢᠯᠡᠰ ᠢ ᠬᠠᠮᠠᠭᠠᠯᠠᠨ ᠰᠤᠳᠤᠯᠬᠤ ᠲᠥᠪ ᠤᠨ ᠲᠦᠷᠪᠡᠨ ᠠᠵᠢᠯᠲᠠᠨ ᠳᠠᠭᠠᠯᠴᠠᠵᠤ ᠶᠠᠪᠤᠵᠠᠭᠠᠯ᠎ᠠ᠃              ᠤᠳᠠᠯ ᠦᠭᠡᠢ ᠪᠢᠳᠠ ᠨᠢᠭᠡ ᠠᠭᠤᠯᠠᠨ ᠠᠮᠠ ᠪᠠᠷ ᠣᠷᠣᠬᠤ ᠳᠤ ᠡᠷᠳᠡᠨᠢᠬᠦᠦ ᠭᠤᠸᠠᠢ᠄ ︽ᠡᠨᠡ ᠭᠤᠣᠯ ᠢ ᠲᠦᠭᠦᠮ ᠤᠨ ᠭᠤᠣᠯ ᠭᠡᠳᠡᠭ᠂ ᠭᠤᠣᠯ ᠤᠨ ᠳᠡᠭᠡᠷᠡᠭᠡᠨ ᠰᠢᠭ ᠬᠦᠷᠬᠢᠷ᠎ᠡ ᠭᠡᠳᠡᠭ ᠭᠠᠵᠠᠷ ᠲᠤ ᠨᠢᠭᠡ ᠬᠠᠭᠤᠴᠢᠨ ᠤ ᠭᠡᠷ ᠪᠠᠷᠢᠯᠭ᠎ᠠ ᠶᠢᠨ ᠦᠯᠡᠳᠡᠭᠳᠡᠯ ᠪᠠᠭᠤᠷᠢ ᠪᠤᠢ᠃ ᠥᠩᠭᠡᠷᠡᠭᠰᠡᠨ ᠳᠤ ᠪᠢ ᠲᠡᠭᠦᠪᠡᠷ ᠡᠪᠡᠰᠦᠨ ᠡᠮ ᠲᠡᠭᠦᠵᠦ ᠣᠯᠠᠨᠲᠠ ᠶᠠᠪᠤᠵᠤ ᠪᠠᠶᠢᠭᠰᠠᠨ᠂ ᠴᠣᠬᠤᠮ ᠠᠯᠢ ᠦᠶ᠎ᠡ ᠶᠢᠨ ᠶᠠᠮᠠᠷ ᠪᠠᠷᠢᠯᠭ᠎ᠠ ᠪᠤᠯᠬᠤ ᠶᠢ ᠮᠡᠳᠡᠬᠦ ᠦᠭᠡᠢ︾ ᠭᠡᠯ᠎ᠡ᠃ ᠨᠠᠰᠤᠲᠠᠨ ᠤ ᠬᠡᠯᠡᠬᠦ ᠪᠠᠷ᠂ ᠠᠯᠠᠱᠠ ᠠᠭᠤᠯᠠ ᠶᠢᠨ ᠪᠠᠷᠠᠭᠤᠨ ᠲᠠᠯ᠎ᠠ ᠳᠠᠭᠠᠤ ᠨᠡᠶᠢᠳᠡ ᠶᠡᠭᠡ ᠪᠠᠭ᠎ᠠ ᠳᠠᠯᠠᠨ ᠭᠤᠷᠪᠠᠨ ᠬᠠᠪᠴᠢᠯ ᠠᠮᠠ᠂ ᠭᠤᠣᠯ ᠵᠢᠯᠠᠭ᠎ᠠ ᠪᠠᠶᠢᠳᠠᠭ ᠭᠡᠨ᠎ᠡ᠃ ᠲᠡᠷᠡ ᠪᠠᠷ ᠬᠠᠷ᠎ᠠ ᠪᠠᠭ᠎ᠠ ᠠᠴᠠ ᠪᠠᠨ ᠠᠭᠤᠯᠠᠨ ᠳᠤ ᠮᠠᠯ ᠬᠠᠷᠢᠭᠤᠯᠵᠤ᠂ ᠮᠥᠨ ᠴᠤ ᠤᠯᠠᠨ ᠵᠢᠯ ᠡᠪᠡᠰᠦᠨ ᠡᠮ ᠲᠡᠭᠦᠵᠦ ᠪᠠᠶᠢᠭᠰᠠᠨ ᠪᠣᠯᠬᠤᠷ ᠠᠯᠠᠱᠠ ᠠᠭᠤᠯᠠᠨ ᠤ ᠭᠠᠵᠠᠷ ᠤᠨ ᠨᠡᠷ᠎ᠡ ᠤᠰᠤ᠂ ᠪᠠᠶᠢᠴᠠ ᠪᠠᠶᠢᠷᠢᠰᠢᠯ᠂ ᠤᠷᠭᠤᠮᠠᠯ ᠪᠦᠷᠬᠦᠴᠡ᠂ ᠠᠮᠢᠳᠠᠨ ᠭᠥᠷᠥᠭᠡᠰᠦ ᠶᠢᠨ ᠪᠠᠶᠢᠳᠠᠯ ᠵᠡᠷᠭᠡ ᠶᠢ ᠪᠠᠷᠤᠭ ᠠᠨᠳᠠᠯ ᠦᠭᠡᠢ ᠮᠡᠳᠡᠳᠡᠭ ᠪᠣᠯᠤᠭᠰᠠᠨ ᠭᠡᠨ᠎ᠡ᠃              ᠥᠪᠥᠷ ᠮᠣᠩᠭᠤᠯ ᠪᠣᠯᠣᠨ ᠨᠢᠩᠰᠢᠶᠠ ᠶᠢᠨ ᠵᠠᠭᠠᠭ ᠪᠣᠯᠤᠭᠰᠠᠨ ᠠᠯᠠᠱᠠ ᠠᠭᠤᠯᠠ ᠨᠢ ᠵᠡᠭᠦᠨ ᠬᠤᠶᠢᠰᠢ ᠠᠴᠠ ᠪᠠᠷᠠᠭᠤᠨ ᠡᠮᠦᠨᠡᠰᠢ ᠴᠢᠭᠯᠡᠯ ᠲᠠᠢ ᠪᠠᠶᠢᠵᠤ᠂ ᠡᠮᠦᠨᠡᠰᠢ ᠬᠤᠶᠢᠰᠢ ᠤᠷᠳᠤ ᠪᠠᠷ ᠢᠶᠠᠨ 250 ᠰᠢᠬᠠᠭᠤ ᠺᠢᠯᠣᠮᠧᠲᠷ᠂ ᠵᠡᠭᠦᠨᠰᠢ ᠪᠠᠷᠠᠭᠤᠨᠰᠢ ᠥᠷᠭᠡᠨ ᠢᠶᠠᠷ ᠢᠶᠠᠨ 20 - 40 ᠺᠢᠯᠣᠮᠧᠲᠷ ᠪᠠᠶᠢᠳᠠᠭ ᠪᠥᠭᠡᠳ ᠮᠠᠨ ᠤ ᠤᠯᠤᠰ ᠤᠨ ᠴᠥᠭᠡᠨ ᠬᠡᠳᠦᠨ ᠡᠮᠦᠨᠡᠰᠢ ᠤᠮᠠᠷᠠᠰᠢ ᠴᠢᠭᠯᠡᠯ ᠪᠦᠬᠦᠢ ᠠᠭᠤᠯᠠ ᠨᠢᠷᠤᠭᠤᠨ ᠤ ᠨᠢᠭᠡ ᠨᠢ ᠪᠣᠯᠤᠭᠰᠠᠨ ᠬᠤᠪᠢ ᠳᠤ ᠮᠠᠰᠢ ᠴᠢᠬᠤᠯᠠ ᠭᠠᠵᠠᠷ ᠵᠦᠢ᠂ ᠠᠭᠤᠷ ᠠᠮᠢᠰᠬᠤᠯ ᠤᠨ ᠵᠠᠭᠠᠭ ᠱᠤᠭᠤᠮ ᠪᠣᠯᠤᠭᠰᠠᠨ ᠪᠠᠶᠢᠳᠠᠭ᠃ ᠵᠢᠱᠢᠶᠡᠯᠡᠪᠡᠯ᠂ ᠮᠠᠨ ᠤ ᠤᠯᠤᠰ ᠤᠨ ᠭᠠᠳᠠᠭᠠᠳᠤ ᠤᠷᠤᠰᠬᠠᠯᠲᠤ ᠣᠷᠣᠨ ᠬᠢᠭᠡᠳ ᠳᠣᠲᠣᠭᠠᠳᠤ ᠤᠷᠤᠰᠬᠠᠯᠲᠤ ᠣᠷᠣᠨ ᠤ ᠤᠰᠤᠨ ᠬᠠᠭᠠᠯᠪᠤᠷᠢ ᠶᠢᠨ ᠱᠤᠭᠤᠮ᠂ ᠤᠯᠠᠷᠢᠯ ᠤᠨ ᠰᠠᠯᠬᠢᠨ ᠤ ᠠᠭᠤᠷ ᠠᠮᠢᠰᠬᠤᠯ ᠪᠣᠯᠣᠨ ᠤᠯᠠᠷᠢᠯ ᠤᠨ ᠰᠠᠯᠬᠢᠨ ᠤ ᠪᠤᠰᠤ ᠠᠭᠤᠷ ᠠᠮᠢᠰᠬᠤᠯ ᠤᠨ ᠣᠷᠣᠨ ᠤ ᠵᠠᠭᠠᠭ ᠱᠤᠭᠤᠮ᠂ ᠮᠠᠨ ᠤ ᠤᠯᠤᠰ ᠤᠨ 200 ᠮᠢᠯᠢᠮᠧᠲᠷ ᠤᠨ ᠲᠡᠩᠴᠡᠭᠦᠦ ᠲᠤᠨᠳᠠᠰᠤᠨ ᠤ ᠬᠡᠮᠵᠢᠶ᠎ᠡ ᠶᠢᠨ ᠵᠠᠭᠠᠭᠯᠠᠯ ᠪᠣᠯᠵᠤ᠂ ᠠᠯᠠᠱᠠ ᠠᠭᠤᠯᠠᠨ ᠠᠴᠠ ᠪᠠᠷᠠᠭᠤᠨᠰᠢ ᠣᠷᠣᠨ ᠤ ᠵᠢᠯ ᠤᠨ ᠳᠤᠮᠳᠠᠴᠢ ᠲᠤᠨᠳᠠᠰᠤᠨ ᠤ ᠬᠡᠮᠵᠢᠶ᠎ᠡ ᠨᠢ 200 ᠮᠢᠯᠢᠮᠧᠲᠷ ᠠᠴᠠ ᠳᠣᠣᠷ᠎ᠠ ᠪᠠᠶᠢᠳᠠᠭ ᠪᠣᠯᠬᠤᠷ ᠮᠥᠨ ᠴᠤ ᠰᠡᠷᠢᠭᠦᠨ ᠪᠦᠰᠡᠨ ᠤ ᠲᠠᠯ᠎ᠠ ᠨᠤᠲᠤᠭ ᠪᠣᠯᠣᠨ ᠴᠦᠯᠯᠡᠷᠭᠡᠭ ᠣᠷᠣᠨ ᠤ ᠵᠠᠭᠠᠭ᠂ ᠬᠠᠭᠠᠰ ᠲᠠᠷᠢᠶᠠᠯᠠᠬᠤ ᠬᠠᠭᠠᠰ ᠮᠠᠯᠵᠢᠬᠤ ᠣᠷᠣᠨ ᠬᠢᠭᠡᠳ ᠴᠤᠯ ᠮᠠᠯᠵᠢᠬᠤ ᠣᠷᠣᠨ ᠤ ᠵᠠᠭᠠᠭ ᠱᠤᠭᠤᠮ ᠪᠣᠯᠵᠤ ᠪᠠᠶᠢᠳᠠᠭ᠃ ᠠᠯᠠᠱᠠ ᠠᠭᠤᠯᠠᠨ ᠳᠤ ᠬᠥᠬᠡᠨᠠᠭᠤᠷ ᠤᠨ ᠭᠠᠴᠤᠷ᠎ᠠ᠂ ᠳᠤᠰᠤᠨ ᠬᠠᠷᠭᠠᠢ᠂ ᠠᠷᠴᠠ᠂ ᠨᠠᠷᠠᠰᠤ᠂ ᠴᠠᠭᠠᠨ ᠤᠯᠢᠶᠠᠰᠤ᠂ ᠤᠳᠠ᠂ ᠬᠤᠰᠤ᠂ ᠬᠠᠶᠢᠯᠠᠰᠤ᠂ ᠤᠯᠠᠭᠠᠨ ᠢᠷᠭᠠᠢ ᠵᠡᠷᠭᠡ 110 ᠭᠠᠷᠤᠢ ᠲᠦᠮᠡᠨ ᠮᠦ ᠶᠢᠨ ᠪᠠᠶᠢᠭᠠᠯᠢ ᠶᠢᠨ ᠡᠭᠦᠰᠦᠮᠡᠯ ᠤᠢ ᠲᠠᠢ᠂ ᠴᠠᠭᠠᠨ ᠢᠷᠪᠢᠰ᠂ ᠬᠦᠳᠡᠷᠢ᠂ ᠲᠤᠷᠤᠭ ᠪᠤᠭᠤ᠂ ᠬᠥᠬᠡ ᠢᠮᠠᠭ᠎ᠠ ᠵᠡᠷᠭᠡ ᠤᠯᠤᠰ ᠤᠨ ᠬᠠᠮᠠᠭᠠᠯᠠᠯᠲᠤ ᠠᠮᠢᠲᠠᠳ ᠣᠷᠣᠰᠢᠨ ᠠᠮᠢᠳᠤᠷᠠᠵᠤ ᠪᠤᠢ᠃ ᠪᠠᠶᠢᠭᠠᠯᠢ ᠶᠢᠨ ᠡᠭᠦᠰᠦᠮᠡᠯ ᠤᠢ ᠭᠡᠳᠡᠭ ᠪᠣᠯ ᠤᠤᠯ ᠤᠨ ᠪᠠᠶᠢᠭᠠᠯᠢ ᠶᠢᠨ ᠪᠠᠯᠠᠷ ᠤᠢ  ᠨᠢ ᠬᠥᠮᠥᠰ ᠤᠨ ᠡᠪᠳᠡᠯᠡᠭᠡ ᠵᠡᠷᠭᠡ ᠭᠠᠳᠠᠭᠠᠳᠤ ᠬᠦᠴᠦᠨ ᠤ ᠨᠥᠯᠥᠭᠡᠯᠡᠯ ᠤᠨ ᠳᠠᠷᠠᠭ᠎ᠠ ᠳᠠᠭᠢᠨ ᠥᠪᠡᠷ ᠲᠡᠭᠡᠨ ᠤᠷᠭᠤᠵᠤ ᠣᠶᠢᠵᠢᠭᠰᠠᠨ ᠢ ᠬᠡᠯᠡᠵᠦ ᠪᠤᠢ᠃ ᠤᠷᠢᠳ ᠬᠤᠵᠢᠳ 1870 ᠣᠨ ᠪᠣᠯᠣᠨ 1908 ᠣᠨ ᠤ ᠦᠶ᠎ᠡ ᠪᠠᠷ ᠠᠯᠠᠱᠠ ᠨᠤᠲᠤᠭ ᠢᠶᠠᠷ ᠵᠢᠭᠤᠯᠴᠢᠯᠠᠨ ᠢᠷᠡᠵᠤ ᠪᠠᠶᠢᠭᠰᠠᠨ ᠤᠷᠤᠰ ᠤᠨ ᠪᠠᠷᠳᠠᠭ᠎ᠠ ᠰᠢᠨᠵᠢᠯᠡᠭᠴᠢ ᠨ᠊ · ᠮ᠊ · ᠫᠧᠷᠵᠸᠧᠡᠯᠰᠺᠢ ᠪᠣᠯᠣᠨ ᠫ᠊ · ᠺ᠊ · ᠺᠤᠽᠯᠤᠸᠧ ︽ᠮᠣᠩᠭᠤᠯ ᠪᠠ ᠲᠠᠩᠭᠤᠳ︾ ᠪᠠ ︽ᠮᠣᠩᠭᠤᠯ᠂ ᠠᠮᠳᠤᠤ ᠬᠢᠭᠡᠳ ᠰᠥᠨᠥᠭᠰᠡᠨ ᠬᠤᠳᠠ ᠬᠠᠷ᠎ᠠ ᠬᠤᠳᠠ︾ ᠭᠡᠬᠦ ᠨᠣᠮ ᠳᠠᠭᠠᠨ ᠪᠦᠷ ᠬᠥᠮᠥᠰ ᠠᠯᠠᠱᠠ ᠠᠭᠤᠯᠠᠨ᠎ᠠ ᠶᠡᠬᠡᠪᠡᠷ ᠤᠢ ᠮᠣᠳᠣ ᠣᠭᠲᠣᠯᠵᠤ ᠪᠠᠶᠢᠭᠰᠠᠨ ᠲᠡᠮᠳᠡᠭᠯᠡᠯ ᠲᠠᠢ ᠪᠠᠶᠢᠵᠤ᠂ ᠡᠨᠡ ᠨᠢ ᠠᠯᠠᠱᠠ ᠠᠭᠤᠯᠠᠨ ᠤ ᠤᠢ ᠨᠢ ᠤᠤᠭᠠᠯ ᠪᠠᠯᠠᠷᠯᠢᠭ ᠤᠢ ᠪᠢᠰᠢ ᠬᠠᠷᠢᠨ ᠪᠠᠶᠢᠭᠠᠯᠢ ᠶᠢᠨ ᠡᠭᠦᠰᠦᠮᠡᠯ ᠤᠢ ᠪᠣᠯᠤᠭᠰᠠᠨ ᠴᠢᠬᠤᠯᠠ ᠭᠡᠷᠡᠴᠢ ᠪᠣᠯᠵᠠᠢ᠃              ᠪᠢᠳᠠᠨ ᠤ ᠵᠠᠮ ᠶᠠᠪᠤᠬᠤ ᠲᠤᠰᠤᠮ ᠪᠠᠷᠳᠠᠭ᠎ᠠ ᠲᠠᠢ ᠪᠣᠯᠵᠤ᠂ ᠬᠠᠳᠠ ᠴᠢᠯᠠᠭᠤ ᠳᠦᠭᠦᠷᠦᠭᠰᠡᠨ ᠦᠶᠡᠷ ᠤᠨ ᠭᠤᠣᠯ ᠢ ᠥᠭᠰᠥᠨ ᠶᠠᠪᠤᠬᠤ ᠮᠠᠰᠢᠨ ᠲᠡᠷᠭᠡᠨ ᠤ ᠳᠣᠩᠰᠣᠯᠭᠠᠨ ᠳᠤ ᠪᠢᠳᠠ ᠦᠩᠭᠦᠭᠳᠡᠭᠰᠡᠨ ᠴᠠᠭᠠᠰᠤ ᠰᠢᠭ᠋ ᠰᠢᠭᠰᠢᠭᠳᠡᠨ ᠰᠠᠵᠢᠭᠳᠠᠭᠰᠠᠭᠠᠷ ᠶᠠᠪᠤᠯ᠎ᠠ᠃ ᠭᠡᠪᠡᠴᠦ ᠵᠠᠮ ᠤᠨ ᠬᠤᠶᠠᠷ ᠲᠠᠯ᠎ᠠ ᠪᠠᠷ ᠬᠢ ᠥᠩᠭᠡ ᠦᠵᠡᠮᠵᠢ ᠬᠠᠷᠢᠨ ᠮᠠᠰᠢ ᠭᠤᠶᠤ ᠪᠠᠶᠢᠯ᠎ᠠ᠂ ᠬᠡᠳᠦᠶᠢᠪᠡᠷ ᠨᠠᠮᠤᠷ ᠤᠨ ᠡᠬᠢᠨ ᠪᠣᠯᠤᠭᠰᠠᠨ ᠪᠤᠯᠪᠠᠴᠤ ᠠᠭᠤᠯᠠᠨ ᠳᠣᠲᠣᠷ᠎ᠠ ᠮᠥᠨ ᠯᠡ ᠥᠩᠭᠡ ᠶᠢᠨ ᠴᠡᠴᠡᠭ ᠮᠢᠷᠠᠯᠵᠠᠨ ᠳᠡᠯᠭᠡᠷᠡᠵᠦ᠂ ᠡᠷᠪᠡᠬᠡᠢ ᠵᠥᠭᠡᠢ ᠴᠡᠴᠡᠭ ᠲᠣᠭᠤᠷᠢᠨ ᠡᠷᠭᠢᠯᠳᠦᠨ᠎ᠡ᠃ ᠭᠠᠵᠠᠷ ᠤᠨ ᠪᠠᠶᠢᠴᠠ ᠥᠨᠳᠥᠷᠵᠢᠬᠦ ᠶᠢ ᠳᠠᠭᠠᠯᠳᠤᠨ ᠡᠪᠡᠰᠦ ᠮᠣᠳᠣᠨ ᠤ ᠲᠦᠷᠦᠯ ᠵᠦᠢᠯ᠂ ᠤᠷᠭᠤᠯᠲᠠ ᠪᠠᠶᠢᠳᠠᠯ ᠴᠤ ᠬᠤᠪᠢᠷᠠᠯᠲᠠ ᠭᠠᠷᠴᠤ᠂ ᠳᠠᠯᠠᠢ ᠶᠢᠨ ᠲᠦᠪᠰᠢᠨ ᠳᠡᠭᠡᠭᠰᠢᠯᠡᠵᠦ ᠪᠠᠶᠢᠭ᠎ᠠ ᠶᠢ ᠪᠢᠳᠡᠨ ᠳᠤ ᠮᠡᠳᠡᠭᠡᠯᠡᠵᠦ ᠪᠠᠶᠢᠯ᠎ᠠ᠃ ᠠᠭᠤᠯᠠᠨ ᠤ ᠠᠮᠠ ᠪᠠᠷ ᠣᠷᠣᠬᠤ ᠳᠤ ᠬᠠᠷ᠎ᠠ ᠮᠣᠳᠣ ︵ᠬᠠᠶᠢᠯᠠᠰᠤ︶᠂ ᠤᠯᠢᠶᠠᠰᠤ᠂ ᠬᠠᠲᠠᠭᠤ ᠬᠠᠷ᠎ᠠ ︵ᠤᠯᠠᠭᠠᠨ ᠪᠤᠶᠢᠯᠠᠰᠤ︶᠂ ᠠᠯᠠᠱᠠ ᠠᠭᠢᠷ ︵ᠭᠤᠣᠯᠲᠤ ᠪᠣᠷᠣ︶ ᠵᠡᠷᠭᠡ ᠲᠤᠷᠤᠭ ᠮᠣᠳᠣ᠂ ᠪᠤᠲᠠᠯᠢᠭ ᠮᠣᠳᠣ ᠵᠢᠴᠢ ᠨᠡᠷ᠎ᠡ ᠶᠢ ᠨᠢ ᠦᠯᠦ ᠮᠡᠳᠡᠬᠦ ᠪᠤᠳᠠ ᠪᠤᠷᠭᠠᠰᠤ ᠭᠤᠣᠯᠳᠠᠵᠤ ᠪᠠᠶᠢᠭᠰᠠᠨ ᠪᠣᠯ ᠠᠭᠠᠵᠢᠮ ᠢᠶᠠᠷ ᠬᠠᠷᠭᠠᠢ᠂ ᠨᠠᠷᠠᠰᠤ᠂ ᠭᠠᠴᠤᠷ᠎ᠠ ᠵᠡᠷᠭᠡ ᠰᠢᠯᠮᠦᠦᠰᠦᠲᠦ ᠤᠢ ᠠᠭᠤᠯᠠᠨ ᠣᠷᠣᠢ ᠶᠢ ᠪᠦᠷᠬᠦᠨ ᠨᠣᠭᠤᠭᠠᠷᠠᠵᠤ᠂ ᠣᠭᠲᠠᠷᠭᠤᠢ ᠶᠢᠨ ᠴᠡᠭᠡᠯ ᠳᠤ ᠬᠤᠶᠠᠷ ᠪᠦᠷᠭᠦᠳ ᠴᠢᠯᠦᠭᠡᠲᠡᠢ ᠡᠷᠭᠢᠯᠳᠦᠨ ᠬᠠᠯᠢᠨ᠎ᠠ᠃              ᠡᠶᠢᠨ ᠬᠦ ᠪᠢᠳᠠ ᠮᠠᠰᠢᠨ ᠤ ᠰᠠᠶᠢᠨ᠂ ᠵᠢᠯᠣᠭᠤᠴᠢ ᠶᠢᠨ ᠮᠡᠷᠭᠡᠵᠢᠯ ᠳᠤ ᠲᠦᠰᠢᠭᠯᠡᠨ᠂ ᠬᠠᠶᠠ ᠦᠶᠡᠷ ᠤᠨ ᠰᠠᠢ ᠳᠤᠮᠳᠠᠭᠤᠷ᠂ ᠬᠠᠶᠠ ᠬᠠᠳᠠ ᠴᠢᠯᠠᠭᠤᠳ ᠤᠨ ᠳᠡᠭᠡᠭᠦᠷ᠂ ᠬᠠᠶᠠ ᠤᠢ ᠮᠣᠳᠣᠳ ᠤᠨ ᠳᠣᠲᠣᠭᠤᠷ ᠣᠭᠰᠢᠭᠤᠯᠤᠨ ᠨᠦᠳᠦᠭᠦᠯᠡᠭᠰᠡᠭᠡᠷ ᠪᠠᠭ᠎ᠠ ᠦᠳᠡ ᠶᠢᠨ ᠬᠢᠷᠢ ᠳᠤ ᠵᠠᠮ ᠤᠨ ᠮᠤᠬᠤᠷ ᠲᠤ ᠲᠤᠯᠵᠤ᠂ ᠨᠢᠭᠡ ᠶᠡᠭᠡ ᠤᠢ ᠶᠢᠨ ᠴᠤᠭᠤᠷᠬᠠᠢ ᠳᠠᠬᠢ ᠨᠣᠭᠤᠭᠠᠨ ᠵᠦᠯᠭᠡᠨ ᠳᠤ ᠭᠦᠷᠦᠯ᠎ᠡ᠃ ᠪᠠᠷᠠᠭᠤᠨᠰᠢ ᠬᠠᠨᠳᠤᠭᠰᠠᠨ ᠠᠭᠤᠯᠠᠨ ᠤ ᠬᠠᠵᠠᠭᠤ ᠳᠤ ᠭᠤᠷᠪᠠᠨ ᠲᠠᠯ᠎ᠠ ᠪᠠᠷ ᠢᠶᠠᠨ ᠤᠢ ᠮᠣᠳᠣᠨ ᠳᠤ ᠬᠦᠷᠢᠶᠡᠯᠡᠭᠳᠡᠨ᠂ ᠨᠢᠭᠡ ᠲᠠᠯ᠎ᠠ ᠪᠠᠷ ᠢᠶᠠᠨ ᠭᠤᠣᠯ ᠢᠷᠮᠡᠭᠳᠡᠭᠰᠡᠨ ᠨᠡᠯᠢᠶᠡᠳ ᠶᠡᠭᠡ ᠵᠠᠳᠠᠭᠠᠢ ᠭᠠᠵᠠᠷ ᠲᠤ ᠭᠡᠷ ᠪᠠᠶᠢᠰᠢᠩ ᠤᠨ ᠡᠪᠳᠡᠷᠬᠡᠢ ᠰᠠᠭᠤᠷᠢ ᠲᠣᠳᠣᠬᠠᠨ ᠬᠠᠷᠠᠭᠳᠠᠯ᠎ᠠ ᠃ ᠤᠯᠠᠨ ᠢᠶᠠᠷ ᠲᠡᠷᠭᠡᠨ ᠠᠴᠠ ᠪᠠᠭᠤᠵᠤ᠂ ᠠᠶᠢᠮᠠᠭ ᠤᠨ ᠲᠡᠦᠬᠡᠨ ᠳᠤᠷᠠᠰᠬᠠᠯᠲᠤ ᠵᠦᠢᠯᠡᠰ ᠢ ᠬᠠᠮᠠᠭᠠᠯᠠᠨ ᠰᠤᠳᠤᠯᠬᠤ ᠲᠥᠪ ᠤᠨ ᠲᠦᠷᠪᠡᠨ ᠠᠵᠢᠯᠲᠠᠨ ᠪᠠᠶᠢᠴᠠᠭᠠᠯᠲᠠ ᠲᠡᠮᠳᠡᠭᠯᠡᠯ ᠬᠢᠵᠦ ᠡᠬᠢᠯᠡᠯ᠎ᠡ᠃ ᠪᠢ ᠵᠡᠭᠦᠨ ᠬᠤᠶᠢᠲᠤᠬᠢ ᠥᠨᠳᠥᠷᠬᠡᠨ ᠭᠠᠵᠠᠷ ᠲᠤ ᠭᠠᠷᠴᠤ ᠠᠵᠢᠭᠯᠠᠬᠤ ᠳᠤ᠂ ᠡᠨᠡ ᠬᠡᠰᠡᠭ ᠪᠠᠷᠢᠯᠭ᠎ᠠ ᠶᠢᠨ ᠪᠠᠭᠤᠷᠢ ᠨᠢ ᠪᠠᠷᠠᠭᠤᠨᠰᠢ ᠬᠠᠨᠳᠤᠨ ᠪᠠᠶᠢᠷᠢᠯᠠᠵᠤ᠂ ᠳᠡᠭᠡᠳᠦ ᠳᠣᠣᠷᠠᠳᠤ ᠬᠤᠶᠠᠷ ᠳᠡᠭᠲᠡᠷ ᠲᠤ ᠬᠤᠪᠢᠶᠠᠭᠳᠠᠨ᠂ ᠵᠡᠭᠦᠨ ᠲᠠᠯ᠎ᠠ ᠶᠢᠨ ᠥᠨᠳᠥᠷ ᠳᠡᠭᠲᠡᠷ ᠲᠠᠬᠢ ᠨᠢ ᠪᠠᠷᠢᠯᠭ᠎ᠠ ᠶᠢᠨ ᠭᠤᠣᠯ ᠴᠣᠭᠴᠠ᠂ ᠪᠠᠷᠠᠭᠤᠨ ᠲᠠᠯ᠎ᠠ ᠶᠢᠨ ᠳᠣᠣᠷ᠎ᠠ ᠳᠡᠭᠲᠡᠷ ᠲᠠᠬᠢ ᠨᠢ ᠬᠦᠷᠢᠶ᠎ᠡ ᠬᠠᠰᠢᠶ᠎ᠠ ᠪᠤᠶᠤ ᠳᠠᠭᠠᠯᠲᠠ ᠪᠠᠷᠢᠯᠭ᠎ᠠ ᠪᠤᠯᠬᠤ ᠨᠢ ᠢᠯᠡᠷᠬᠡᠢ᠃ ᠭᠤᠣᠯ ᠴᠣᠭᠴᠠ ᠶᠢᠨ ᠪᠠᠷᠢᠯᠭ᠎ᠠ ᠨᠢ ᠤᠷᠳᠤ ᠪᠠᠷ ᠢᠶᠠᠨ ᠪᠠᠷᠤᠭ ᠠᠷᠪᠠᠨ ᠲᠠᠪᠤ ᠵᠢᠷᠭᠤᠭᠠᠨ ᠮᠧᠲᠷ ᠲᠤ ᠬᠦᠷᠴᠦ᠂ ᠥᠷᠭᠡᠨ ᠢᠶᠠᠷ ᠢᠶᠠᠨ ᠠᠷᠪᠠ ᠰᠢᠬᠠᠭᠤ ᠮᠧᠲᠷ ᠪᠠᠶᠢᠵᠤ᠂ ᠬᠠᠪᠲᠠᠭᠠᠢ ᠴᠢᠯᠠᠭᠤᠳ ᠢ ᠳᠡᠭᠲᠡᠷᠯᠡᠨ ᠳᠤᠮᠳᠠ ᠨᠢ ᠮᠣᠳᠣ ᠬᠠᠪᠴᠢᠭᠤᠯᠤᠨ 40 - 50 ᠰᠠᠨᠲ᠋ᠢᠮᠧᠲᠷ ᠥᠷᠭᠡᠨ᠂ ᠮᠧᠲᠷ ᠢᠯᠡᠭᠦᠦ ᠥᠨᠳᠥᠷ ᠰᠠᠭᠤᠷᠢ ᠲᠠᠯᠪᠢᠵᠤ᠂ ᠵᠢᠬᠴᠠ ︵ᠰᠢᠪᠡᠷ ᠲᠤᠭᠤᠰᠭ᠋᠎ᠠ︶  ᠪᠠᠷ ᠬᠡᠷᠡᠮ ᠪᠠᠷᠢᠵᠤ᠂ ᠴᠠᠭᠠᠨ ᠴᠣᠬᠤᠢ ᠪᠠᠷ ᠢᠯᠢᠵᠡᠢ᠃ ᠪᠦᠭᠦᠶᠢᠯᠡ ᠪᠠᠷᠢᠯᠭ᠎ᠠ ᠮᠠᠰᠢ ᠬᠦᠨᠳᠦ ᠨᠣᠴᠢᠲᠠᠢ ᠡᠪᠳᠡᠭᠳᠡᠨ ᠰᠦᠢᠳᠦᠭᠰᠡᠨ ᠪᠣᠯᠬᠤᠷ ᠵᠦᠪᠭᠡᠨ ᠬᠤᠶᠠᠷᠬᠠᠨ ᠬᠡᠰᠡᠭ ᠤᠨ ᠮᠧᠲᠷ ᠢᠯᠡᠭᠦᠦ ᠬᠡᠷᠡᠮ ᠤᠨ ᠪᠠᠭᠤᠷᠢ ᠯᠡ ᠲᠣᠳᠣ ᠮᠡᠳᠡᠭᠳᠡᠵᠦ᠂ ᠪᠤᠰᠤᠳ ᠨᠢ ᠪᠦᠷ ᠪᠠᠯᠠᠷᠠᠵᠤ ᠣᠷᠣ ᠲᠡᠳᠦᠢ ᠪᠣᠯᠵᠠᠢ᠃ ᠳᠣᠣᠷᠠᠳᠤ ᠳᠡᠭᠲᠡᠷ ᠤᠨ ᠪᠠᠷᠢᠯᠭ᠎ᠠ ᠨᠢ ᠴᠤ ᠨᠡᠶᠢᠳᠡᠮ ᠳᠡᠭᠡᠨ ᠦᠯᠦ ᠮᠡᠳᠡᠭᠳᠡᠮ᠎ᠡ ᠪᠣᠯᠵᠤ᠂ ᠵᠡᠭᠦᠨ ᠬᠤᠶᠢᠨᠠᠬᠢ ᠰᠢᠪᠠᠷ ᠬᠡᠷᠡᠮ ᠪᠣᠯᠣᠨ ᠪᠠᠷᠠᠭᠤᠨ ᠡᠮᠦᠨᠡᠬᠢ ᠥᠨᠴᠥᠭ ᠤᠨ ᠴᠢᠯᠠᠭᠤᠨ ᠰᠠᠭᠤᠷᠢ ᠯᠡ ᠪᠦᠷᠦᠭ ᠪᠠᠷᠤᠭ ᠢᠯᠡᠷᠡᠨ᠎ᠡ᠃ ᠪᠢᠳᠠ ᠪᠠᠭᠤᠷᠢ ᠶᠢᠨ ᠡᠷᠭᠢᠨ ᠲᠣᠭᠤᠷᠢᠨ ᠢᠶᠠᠷ ᠨᠡᠯᠢᠶᠡᠳ ᠨᠠᠷᠢᠯᠢᠭ ᠬᠠᠶᠢᠨ ᠰᠢᠨᠵᠢᠯᠡᠯᠲᠡ ᠬᠢᠭᠰᠡᠨ ᠤ ᠳ᠋ᠦᠩ ᠳᠤ ᠨᠢᠭᠡ ᠡᠮᠲᠡᠷᠡᠵᠦ ᠬᠠᠭᠠᠷᠠᠭᠰᠠᠨ ᠴᠢᠯᠠᠭᠤᠨ ᠰᠠᠭᠤᠷᠢ ︵ᠮᠣᠳᠣᠨ ᠪᠠᠭᠠᠨ᠎ᠠ ᠲᠤᠯᠭᠠᠭᠤᠷᠢ ᠶᠢᠨ ᠰᠠᠭᠤᠷᠢ︶᠂ ᠳᠥᠷᠪᠡᠯᠵᠢᠨ ᠬᠥᠬᠡ ᠲᠤᠭᠤᠰᠭ᠋᠎ᠠ᠂ ᠬᠥᠬᠡ ᠸᠠᠭᠠᠷ ᠤᠨ ᠲᠣᠰᠬᠤᠭᠤᠷ᠂ ᠰᠢᠷ᠎ᠠ ᠰᠢᠷ ᠰᠠᠭᠤᠯᠭᠠᠭᠰᠠᠨ ᠰᠢᠯᠤᠨ ᠸᠠᠭᠠᠷ ᠵᠢᠴᠢ ᠰᠠᠭᠠᠷᠠᠯ ᠴᠠᠶᠢᠪᠤᠷ ᠱᠠᠭᠠᠵᠠᠩ ᠤᠨ ᠬᠡᠯᠲᠡᠷᠬᠡᠢ ᠣᠯᠣᠭᠰᠠᠨ ᠪᠥᠭᠡᠳ ᠳᠣᠣᠷᠠᠳᠤ ᠳᠡᠭᠲᠡᠷ ᠤᠨ ᠪᠠᠷᠢᠯᠭ᠎ᠠ ︵ᠬᠦᠷᠢᠶ᠎ᠡ︶  ᠶᠢᠨ ᠭᠤᠣᠯ ᠳᠠᠬᠢ ᠨᠢᠭᠡᠨ ᠨᠦᠭᠡᠨ ᠠᠴᠠ ᠵᠢᠪᠡᠷᠡᠭᠰᠡᠨ ᠰᠢᠷᠡᠮᠦᠨ ᠲᠣᠭᠤᠭ᠎ᠠ ᠶᠢᠨ ᠬᠡᠳᠦᠨ ᠬᠡᠰᠡᠭ ᠬᠡᠯᠲᠡᠷᠬᠡᠢ ᠶᠢ ᠢᠯᠡᠷᠡᠭᠦᠯᠪᠡ᠃ ᠵᠦᠢᠵᠦ ᠳᠠᠭᠠᠷᠠᠭᠤᠯᠵᠤ ᠦᠵᠡᠬᠦ ᠳᠤ ᠥᠷᠭᠡᠨ ᠢᠷᠮᠡᠭ ᠲᠠᠢ ᠨᠡᠯᠢᠶᠡᠳ ᠭᠦᠨ ᠪᠥᠭᠡᠳ ᠲᠣᠮᠣᠬᠠᠨ ᠰᠢᠭ᠋ ᠲᠣᠭᠤᠭ᠎ᠠ ᠪᠠᠶᠢᠭᠰᠠᠨ ᠪᠤᠯᠤᠯᠳᠡᠢ᠃ ᠡᠭᠦᠨ ᠠᠴᠠ ᠭᠠᠳᠠᠨ᠎ᠠ᠂ ᠪᠠᠰᠠ ᠨᠢᠭᠡ ᠳᠥᠷᠪᠡᠯᠵᠢᠨ ᠲᠡᠮᠦᠷ ᠬᠦᠷᠵᠡ ᠪᠣᠯᠣᠨ ᠬᠡᠳᠦᠨ ᠴᠠᠭᠠᠨ ᠱᠠᠭᠠᠵᠠᠩ ᠤᠨ ᠬᠡᠯᠲᠡᠷᠬᠡᠢ ᠣᠯᠳᠠᠭᠰᠠᠨ ᠨᠢ ᠣᠷᠴᠢᠨ ᠤᠳᠤ ᠦᠶ᠎ᠡ ᠶᠢᠨ ᠡᠳ᠋ ᠪᠤᠯᠬᠤ ᠶᠢ ᠮᠠᠭᠠᠳᠯᠠᠪᠠ᠃ ᠮᠥᠨ ᠴᠤ ᠭᠤᠣᠯ ᠴᠣᠭᠴᠠ ᠶᠢᠨ ᠪᠠᠷᠢᠯᠭ᠎ᠠ ᠶᠢᠨ ᠵᠡᠭᠦᠨ ᠡᠮᠦᠨ᠎ᠡ ᠲᠠᠯ᠎ᠠ ᠪᠠᠷ ᠴᠢᠯᠠᠭᠤ ᠪᠠᠷ ᠨᠡᠯᠢᠶᠡᠳ ᠥᠨᠳᠥᠷ ᠬᠡᠷᠡᠮ ᠬᠠᠰᠢᠶ᠎ᠠ ᠪᠣᠰᠬᠠᠭᠰᠠᠨ ᠪᠠ ᠵᠡᠭᠦᠨ ᠬᠤᠶᠢᠲᠤ ᠥᠨᠴᠥᠭ ᠲᠤᠨᠢ ᠵᠢᠵᠢᠭᠬᠡᠨ ᠬᠡᠷᠡᠮ ᠪᠠᠷᠢᠭᠰᠠᠨ ᠨᠢ ᠬᠤᠵᠢᠮ ᠤᠨ ᠬᠥᠮᠥᠰ ᠮᠠᠯ ᠤᠨ ᠬᠠᠰᠢᠶ᠎ᠠ᠂ ᠲᠦᠷ ᠴᠠᠭ ᠤᠨ ᠣᠷᠣᠮᠵᠢ ᠪᠣᠯᠭᠠᠨ ᠠᠰᠢᠭᠯᠠᠭᠰᠠᠨ ᠪᠤᠯᠤᠯᠳᠡᠢ᠃ ︽ᠡᠨᠡ ᠭᠠᠵᠠᠷ ᠢ ᠠᠷᠤ ᠬᠦᠷᠬᠢᠷ᠎ᠡ ᠭᠡᠳᠡᠭ᠂ ᠥᠩᠭᠡᠷᠡᠭᠰᠡᠨ ᠳᠤ ᠡ᠊ᠡᠳᠡ ᠰᠦᠮ᠎ᠡ ᠳᠤᠭᠠᠩ ᠪᠠᠶᠢᠯ᠎ᠠ ᠭᠡᠵᠦ ᠨᠤᠲᠤᠭ ᠤᠨ ᠪᠤᠭᠤᠷᠤᠯᠴᠤᠳ ᠬᠠᠭᠤᠴᠢᠯᠠᠳᠠᠭ ᠪᠠᠶᠢᠭᠰᠠᠨ᠃ ᠴᠣᠬᠤᠮ ᠠᠯᠢ ᠦᠶ᠎ᠡ ᠳᠤ ᠶᠠᠮᠠᠷ ᠬᠥᠮᠥᠨ ᠪᠠᠶᠢᠭᠤᠯᠤᠭᠰᠠᠨ᠂ ᠶᠠᠭᠠᠬᠢᠭᠠᠳ ᠨᠤᠷᠠᠭᠠᠵᠤ ᠡᠪᠳᠡᠭᠰᠡᠨ ᠭᠡᠳᠡᠭ ᠢ ᠮᠡᠳᠡᠬᠦ ᠪᠢᠰᠢ︾ ᠭᠡᠵᠦ ᠡᠷᠳᠡᠨᠢᠬᠦᠦ ᠨᠠᠰᠤᠲᠠᠨ ᠶᠠᠷᠢᠯ᠎ᠠ᠃ ᠬᠠᠭᠤᠴᠢᠨ ᠪᠠᠭᠤᠷᠢ ᠶᠢᠨ ᠡᠮᠦᠨ᠎ᠡ ᠲᠠᠯ᠎ᠠ ᠪᠠᠷ ᠨᠢᠭᠡᠨ ᠭᠤᠷᠤᠬ᠎ᠠ ᠳᠣᠷᠣᠭᠰᠢ ᠤᠷᠤᠰᠴᠤ ᠶᠠᠭ ᠲᠣᠮᠣᠬᠠᠨ ᠭᠤᠣᠯ ᠳᠤ ᠴᠢᠳᠬᠤᠭᠠᠳ᠂ ᠪᠠᠭᠤᠷᠢ ᠶᠢᠨ ᠪᠠᠷᠠᠭᠤᠨ ᠲᠠᠯ᠎ᠠ ᠳᠤ ᠲᠠᠬᠢᠷᠯᠠᠨ ᠶᠡᠭᠡ ᠲᠣᠬᠤᠢ ᠭᠠᠷᠴᠤ ᠳᠠᠭᠢᠨ ᠪᠠᠷᠠᠭᠤᠨ ᠬᠤᠶᠢᠰᠢ ᠤᠷᠤᠰᠤᠭᠰᠠᠨ ᠪᠠᠶᠢᠨ᠎ᠠ᠃ ᠡᠳᠦᠭᠡ ᠬᠡᠳᠦᠶᠢᠪᠡᠷ ᠤᠰᠤ ᠨᠢ ᠠᠯᠠᠭ᠎ᠠ ᠪᠣᠯᠤᠭᠰᠠᠨ ᠪᠤᠯᠪᠠᠴᠤ ᠥᠩᠭᠡᠷᠡᠭᠰᠡᠨ ᠳᠡᠭᠡᠨ ᠡ᠊ᠡᠳᠡ ᠯᠠᠪᠲᠠᠢ ᠤᠰᠤ ᠤᠨᠳᠤᠷᠤᠭ᠎ᠠ᠂ ᠤᠷᠤᠰᠬᠠᠯ ᠭᠤᠣᠯ ᠲᠠᠢ ᠳᠠᠭᠠᠨ ᠰᠠᠶ᠋ᠢ ᠬᠦᠷᠬᠢᠷ᠎ᠡ ᠬᠡᠮᠡᠬᠦ ᠭᠠᠵᠠᠷ ᠤᠨ ᠨᠡᠷ᠎ᠡ ᠲᠠᠢ ᠪᠣᠯᠵᠤ᠂ ᠭᠡᠷ ᠪᠠᠷᠢᠯᠭ᠎ᠠ ᠪᠠᠶᠢᠭᠤᠯᠬᠤ ᠪᠣᠯᠣᠮᠵᠢ ᠲᠠᠢ ᠪᠠᠶᠢᠯᠭᠦᠢ᠃              ᠠᠭᠤᠯᠠᠨ ᠠᠴᠠ ᠪᠠᠭᠤᠵᠤ ᠢᠷᠡᠭᠰᠡᠨ ᠤ ᠳᠠᠷᠠᠭ᠎ᠠ᠂ ᠪᠢ ᠬᠠᠮᠢᠶ᠎ᠠ ᠪᠦᠬᠦᠢ ᠲᠡᠦᠬᠡ ᠲᠡᠮᠳᠡᠭᠯᠡᠯ ᠤᠨ ᠮᠠᠲ᠋ᠧᠷᠢᠶᠠᠯ ᠢ ᠡᠷᠢᠵᠦ ᠤᠷᠪᠠᠭᠤᠯᠤᠭᠠᠳ᠂ ᠡᠨᠡ ᠬᠦ ᠬᠠᠭᠤᠴᠢ ᠪᠠᠭᠤᠷᠢ ᠨᠢ ᠲᠤᠪᠵᠢᠯᠢᠩ ᠤᠨ ᠰᠦᠮ᠎ᠡ ᠪᠤᠶᠤ ᠬᠦᠷᠬᠢᠷ᠎ᠡ ᠶᠢᠨ ᠰᠦᠮ᠎ᠡ ᠭᠡᠳᠡᠭ ᠢ ᠮᠡᠳᠡᠯ᠎ᠡ᠃ ᠤᠤᠯ ᠨᠢ ᠪᠠᠷᠠᠭᠤᠨ ᠬᠡᠶᠢᠳ ︵ᠱᠠᠰᠢᠨ ᠢ ᠪᠠᠳᠠᠷᠠᠭᠤᠯᠤᠭᠴᠢ ᠰᠦᠮ᠎ᠡ︶  ᠢ ᠡᠬᠢᠯᠡᠨ ᠪᠠᠶᠢᠭᠤᠯᠤᠭᠠᠳ ᠠᠷᠪᠠᠨ ᠵᠢᠯ ᠪᠣᠯᠤᠭᠰᠠᠨ ᠤ ᠳᠠᠷᠠᠭᠠᠬᠢ 1767 ᠣᠨ ︵ᠮᠠᠨᠵᠤ ᠴᠢᠩ ᠤᠨ ᠲᠡᠭᠷᠢ ᠲᠡᠳᠬᠦᠭᠴᠢ ᠶᠢᠨ ᠭᠤᠴᠢᠨ ᠬᠤᠶᠠᠳᠤᠭᠠᠷ ᠣᠨ︶  ᠳᠤ ᠪᠠᠷᠠᠭᠤᠨ ᠬᠡᠶᠢᠳ ᠤᠨ ᠬᠤᠶᠠᠳᠤᠭᠠᠷ ᠳᠦᠷᠢ ᠶᠢᠨ ᠳ᠋ᠠᠬᠪᠤ ᠬᠤᠲᠤᠭᠲᠤ ᠥᠨᠳᠥᠷ ᠭᠡᠭᠡᠨᠲᠡᠨ ᠠᠯᠠᠱᠠ ᠠᠭᠤᠯᠠ ᠶᠢᠨ ᠵᠡᠭᠦᠨ ᠠᠷᠤ ᠳᠠᠬᠢ ᠤᠷᠳᠤ ᠶᠢᠨ ᠪᠠᠭ ᠤᠨ ᠲᠦᠭᠦᠮ ᠤᠨ ᠭᠤᠣᠯ ᠤᠨ ᠠᠷᠤ ᠬᠦᠷᠬᠢᠷ᠎ᠡ ᠭᠡᠬᠦ ᠭᠠᠵᠠᠷ ᠲᠤ ᠨᠢᠭᠡᠨ ᠪᠢᠴᠢᠬᠠᠨ ᠰᠦᠮ᠎ᠡ ᠪᠠᠷᠢᠵᠤ᠂ ᠨᠢᠮᠪᠡ ︵ᠨᠣᠮ ᠤᠨ ᠪᠢᠰᠢᠯᠭᠠᠯ︶  ᠳᠤ ᠰᠠᠭᠤᠭᠰᠠᠨ ᠠᠴᠠ ︽ᠲᠤᠪᠵᠢᠯᠢᠩ ᠤᠨ ᠰᠦᠮ᠎ᠡ︾ ᠭᠡᠵᠦ ᠨᠡᠷᠡᠯᠡᠭᠡᠳ᠂ ᠪᠠᠷᠠᠭᠤᠨ ᠬᠡᠶᠢᠳ ︵ᠱᠠᠰᠢᠨ ᠢ ᠪᠠᠳᠠᠷᠠᠭᠤᠯᠤᠭᠴᠢ ᠰᠦᠮ᠎ᠡ︶  ᠲᠤ ᠬᠠᠷᠢᠶᠠᠯᠠᠭᠳᠠᠵᠤ ᠪᠠᠶᠢᠵᠠᠢ᠃ ᠲᠡᠦᠬᠡᠨ ᠮᠠᠲ᠋ᠧᠷᠢᠶᠠᠯ ᠳᠤ᠂ ᠡᠨᠡ ᠬᠦ ᠥᠨᠳᠥᠷ ᠭᠡᠭᠡᠨᠲᠡᠨ ᠤᠷᠠᠯᠠᠬᠤ ᠶᠢᠨ ᠤᠬᠠᠭᠠᠨ ᠳᠤ ᠮᠡᠷᠭᠡᠰᠢᠵᠦ᠂ ᠭᠠᠷ ᠤᠷᠠᠯᠠᠯ ᠤᠨ ᠥᠨᠳᠥᠷ ᠬᠡᠮᠵᠢᠶᠡᠨ ᠳᠤ ᠬᠦᠷᠴᠦ᠂ ᠵᠢᠷᠤᠭ ᠱᠤᠭᠤᠮᠠᠯ ᠢ ᠠᠮᠢᠳᠤᠯᠢᠭ ᠰᠠᠶᠢᠬᠠᠨ ᠵᠢᠷᠤᠵᠤ ᠱᠤᠭᠤᠳᠠᠭ ᠭᠡᠵᠦ ᠲᠡᠮᠳᠡᠭᠯᠡᠵᠦ ᠪᠠᠶᠢᠭᠰᠠᠨ ᠢ ᠦᠨᠳᠦᠰᠦᠯᠡᠪᠡᠯ᠂ ᠳᠤᠰ ᠰᠦᠮ᠎ᠡ ᠳᠤ ᠥᠨᠳᠥᠷ ᠭᠡᠭᠡᠨᠲᠡᠨ ᠥᠪᠡᠷ ᠤᠨ ᠭᠠᠷ ᠢᠶᠠᠷ ᠢᠶᠠᠨ ᠵᠢᠷᠤᠵᠤ ᠱᠤᠭᠤᠵᠤ ᠪᠦᠲᠦᠭᠡᠭᠰᠡᠨ ᠰᠣᠩᠭᠤᠳᠠᠭ ᠰᠣᠳᠣᠨ ᠪᠦᠲᠦᠭᠡᠯ ᠤᠳ ᠴᠤ ᠪᠠᠶᠢᠭᠰᠠᠨ ᠪᠣᠯᠣᠮᠵᠢ ᠶᠡᠬᠡᠬᠡᠨ ᠪᠠᠶᠢᠭ᠎ᠠ ᠶᠤᠮ᠃ ᠭᠡᠪᠡᠴᠦ 1869 ᠣᠨ ︵ᠮᠠᠨᠵᠤ ᠴᠢᠩ ᠤᠨ ᠪᠦᠷᠢᠨᠲᠦ ᠵᠠᠰᠠᠭᠴᠢ ᠶᠢᠨ ᠨᠠᠢᠮᠠᠳᠤᠭᠠᠷ ᠣᠨ︶  ᠳᠤ ᠬᠤᠲᠣᠩ ᠤᠨ ᠤᠷᠪᠠᠯᠭᠠᠨ ᠤ ᠴᠡᠷᠢᠭ ᠠᠯᠠᠱᠠ ᠨᠤᠲᠤᠭ ᠢᠶᠠᠷ ᠴᠥᠮᠦᠷᠢᠨ ᠣᠷᠣᠵᠤ ᠳᠡᠭᠡᠷᠡᠮᠳᠡᠯᠭᠡ ᠬᠢᠬᠦ ᠳᠡᠭᠡᠨ ᠳᠤᠰ ᠰᠦᠮ᠎ᠡ ᠶᠢ ᠲᠠᠯᠠᠨ ᠲᠤᠨᠤᠵᠤ ᠨᠤᠷᠠᠭᠠᠵᠤ ᠭᠠᠯᠳᠠᠭᠠᠳ ᠰᠦᠢᠳᠬᠡᠭᠰᠡᠨ ᠠᠵᠢ᠃ ᠠᠯᠠᠱᠠ ᠠᠭᠤᠯᠠ ᠶᠢᠨ ᠭᠦᠨ ᠳᠠᠬᠢ ᠰᠣᠶᠣᠯ ᠲᠡᠦᠬᠡ ᠶᠢᠨ ᠦᠨ᠎ᠡ ᠴᠠᠨ᠎ᠠ ᠲᠠᠢ ᠨᠢᠭᠡᠨ ᠦᠶ᠎ᠡ ᠶᠢᠨ ᠡᠷᠲᠡᠨ ᠤ ᠪᠠᠷᠢᠯᠭ᠎ᠠ ᠡᠶᠢᠨ ᠬᠦ ᠡᠪᠳᠡᠭᠳᠡᠨ ᠳᠠᠭᠤᠰᠴᠤ᠂ ᠲᠠᠰᠤᠷᠬᠠᠢ ᠬᠡᠷᠡᠮ ᠪᠠᠯᠪᠠᠷᠬᠠᠢ ᠪᠠᠭᠤᠷᠢ ᠲᠡᠳᠦᠢ ᠪᠣᠯᠵᠤᠬᠤᠢ᠃              ᠦᠳᠡ ᠶᠢᠨ ᠠᠯᠳᠠ ᠳᠤ᠂ ᠲᠦᠭᠦᠮ ᠤᠨ ᠭᠤᠣᠯ ᠳᠠᠬᠢ ᠪᠢᠳᠠᠨ ᠤ ᠬᠠᠶᠢᠨ ᠰᠢᠨᠵᠢᠯᠡᠯᠲᠡ ᠦᠨᠳᠦᠰᠦᠨ ᠳᠡᠭᠡᠨ ᠳᠠᠭᠤᠰᠴᠤ ᠳᠠᠷᠠᠭᠠᠴᠢ ᠶᠢᠨ ᠴᠡᠭ ᠲᠡᠭᠡᠨ ᠰᠢᠯᠵᠢᠯ᠎ᠡ᠃ ︽ᠤᠳᠤ ᠪᠢᠳᠠ ᠭᠤᠶᠠᠩ ᠤᠨ ᠭᠤᠣᠯ ᠳᠤ ᠬᠦᠷᠴᠦ ︿ᠦᠮᠡᠬᠡᠢ ᠲᠤᠰᠤᠨ ᠤ ᠵᠤᠤᠬ᠎ᠠ﹀ ᠶᠢ ᠦᠵᠡᠬᠦ ᠪᠣᠯᠣᠨ᠎ᠠ︾ ᠭᠡᠵᠦ ᠡᠷᠳᠡᠨᠢᠬᠦᠦ ᠭᠤᠸᠠᠢ ᠵᠢᠯᠣᠭᠤᠴᠢ ᠳᠤ ᠵᠠᠮ ᠵᠢᠭᠠᠵᠤ᠂ ᠪᠢᠳᠠ ᠦᠵᠡᠭᠰᠡᠨ ᠮᠥᠷ ᠢᠶᠠᠷ ᠢᠶᠠᠨ ᠪᠤᠴᠠᠵᠤ ᠭᠠᠷᠤᠭᠠᠳ ᠳᠡᠭᠢᠨ ᠵᠡᠭᠦᠨᠰᠢᠯᠡᠵᠦ᠂ ᠭᠤᠶᠡᠩ ᠤᠨ ᠭᠤᠣᠯ ᠭᠡᠭᠴᠢ ᠠᠭᠤᠯᠠᠨ ᠠᠮᠠ ᠪᠠᠷ ᠣᠷᠣᠯ᠎ᠠ᠃ ᠡᠷᠳᠡᠨᠢᠬᠦᠦ ᠨᠠᠰᠤᠲᠠᠨ ᠤ ᠲᠠᠨᠢᠯᠴᠠᠭᠤᠯᠬᠤ ᠪᠠᠷ᠂ ᠡᠨᠡ ᠬᠦ ᠦᠮᠡᠬᠡᠢ ᠲᠣᠰᠣ ᠭᠡᠳᠡᠭ ᠨᠢ ᠲᠤᠰᠤᠨ ᠬᠠᠷᠭᠠᠢ ᠶᠢᠨ ᠰᠠᠯᠠᠭ᠎ᠠ ᠨᠠᠮᠠᠭ᠎ᠠ ᠶᠢ ᠬᠡᠦᠷᠰᠢᠭᠦᠯᠦᠨ ᠰᠢᠷᠭᠠᠭᠠᠵᠤ ᠬᠢᠳᠡᠭ ᠪᠥᠭᠡᠳ ᠮᠠᠰᠢ ᠮᠠᠭᠤᠬᠠᠢ ᠦᠨᠦᠷ ᠲᠠᠢ ᠪᠤᠯᠪᠠᠴᠤ ᠲᠡᠮᠡᠭᠡ ᠮᠠᠯ ᠤᠨ ᠬᠠᠮᠠᠭᠤ ᠳᠤ ᠲᠦᠷᠭᠢᠪᠡᠯ ᠳᠣᠣᠷ᠎ᠠ ᠨᠢ ᠡᠳᠡᠭᠡᠴᠢᠭᠡᠳᠡᠭ ᠬᠠᠴᠢᠨ ᠰᠠᠶᠢᠨ ᠦᠢᠯᠡᠳᠦᠯ ᠲᠠᠢ ᠡᠳ᠋ ᠭᠡᠨ᠎ᠡ᠃ ᠥᠩᠭᠡᠷᠡᠭᠰᠡᠨ ᠳᠤ ᠠᠯᠠᠱᠠ ᠠᠭᠤᠯᠠᠨ ᠳᠤ ᠦᠮᠡᠬᠡᠢ ᠲᠣᠰᠣ ᠰᠢᠷᠭᠠᠭᠠᠳᠠᠭ ᠭᠠᠵᠠᠷ ᠨᠡᠯᠢᠶᠡᠳ ᠤᠯᠠᠨ ᠪᠠᠶᠢᠭᠰᠠᠨ ᠴᠤ ᠰᠡᠭᠦᠯᠳᠡᠵᠦ ᠢᠷᠡᠭᠡᠳ ᠲᠤᠰᠬᠠᠢ ᠮᠠᠯ ᠤᠨ ᠡᠮ ᠲᠠᠢ ᠪᠣᠯᠤᠭᠰᠠᠨ ᠪᠠ ᠤᠢ ᠮᠣᠳᠣ ᠶᠢ ᠬᠠᠮᠠᠭᠠᠯᠠᠬᠤ᠂ ᠭᠠᠯ ᠢ ᠰᠡᠷᠭᠡᠶᠢᠯᠡᠬᠦ ᠵᠡᠷᠭᠡ ᠠᠮᠢ ᠠᠬᠤᠢ ᠶᠢᠨ ᠠᠮᠤᠷ ᠲᠦᠪᠰᠢᠨ ᠤ ᠡᠭᠦᠳᠡᠨ ᠠᠴᠠ ᠦᠮᠡᠬᠡᠢ ᠲᠣᠰᠣ ᠬᠡᠦᠷᠰᠢᠭᠦᠯᠦᠨ ᠰᠢᠷᠭᠠᠭᠠᠬᠤ ᠠᠵᠢᠯ ᠵᠣᠭᠰᠣᠵᠤ᠂ ᠡᠶᠢᠮᠦᠷᠬᠦᠦ ᠤᠷ᠎ᠠ ᠮᠡᠷᠭᠡᠵᠢᠯ ᠨᠢ ᠴᠤ ᠠᠭᠠᠵᠢᠮ ᠢᠶᠠᠷ ᠣᠷᠬᠢᠭᠳᠠᠨ ᠭᠡᠭᠡᠭᠳᠡᠭᠡᠳ ᠮᠡᠳᠡᠬᠦ ᠬᠥᠮᠥᠨ ᠠᠯᠠᠭ᠎ᠠ ᠪᠣᠯᠵᠠᠢ᠃ ᠪᠢᠳᠡᠨ ᠢ ᠡᠨᠡ ᠲᠤᠬᠠᠢ ᠵᠣᠭᠤᠭᠳᠠᠨ ᠶᠠᠷᠢᠬᠤ ᠬᠤᠭᠤᠷᠣᠨᠳᠤ ᠲᠡᠷᠭᠡ ᠨᠢᠭᠡᠨᠲᠡ ᠭᠤᠶᠠᠩ ᠤᠨ ᠭᠤᠣᠯ ᠤᠨ ᠭᠦᠨ ᠳᠠᠬᠢ ᠨᠢᠭᠡᠨ ᠥᠷᠭᠡᠨ ᠰᠠᠢ ᠲᠡᠨᠵᠢᠨ ᠳᠤ ᠬᠦᠷᠴᠦ᠂ ᠬᠤᠯᠠ ᠠᠴᠠ ᠨᠢᠭᠡ ᠴᠢᠯᠠᠭᠤᠨ ᠣᠪᠣᠭ᠎ᠠ ᠬᠠᠷᠠᠭᠳᠠᠯ᠎ᠠ᠃ ᠡᠨᠡ ᠪᠣᠯ ᠳᠠᠷᠤᠢ ᠦᠮᠡᠬᠡᠢ ᠲᠤᠰᠤᠨ ᠤ ᠵᠤᠤᠬ᠎ᠠ ᠭᠡᠬᠦᠯᠡᠷ ᠨᠢ ᠤᠯᠠᠨ ᠢᠶᠠᠷ ᠭᠠᠶᠢᠬᠠᠵᠤ ᠣᠶᠢᠷᠠᠲᠤᠭᠠᠳ ᠦᠵᠡᠬᠦᠯᠡᠷ ᠳᠤᠭᠤᠶᠢᠷᠠᠭᠰᠠᠨ ᠴᠢᠯᠠᠭᠤᠨ ᠱᠠᠲᠤ ᠲᠠᠢ ᠠᠵᠢ᠃ ᠱᠠᠲᠤ ᠪᠠᠷ ᠨᠢ ᠥᠭᠰᠥᠨ ︽ᠣᠪᠣᠭᠠᠨ︾ ᠤ ᠣᠷᠣᠢ ᠳᠤᠨᠢ ᠭᠠᠷᠤᠭᠠᠳ ᠰᠠᠶ᠋ᠢ ᠣᠪᠣᠭ᠎ᠠ ᠪᠢᠰᠢ ᠂ ᠳᠤᠮᠳᠠ ᠪᠠᠨ ᠬᠥᠨᠳᠡᠢ ᠲᠠᠢ ᠴᠢᠯᠠᠭᠤ ᠪᠠᠷ ᠦᠷᠦᠭᠰᠡᠨ ᠵᠤᠤᠬ᠎ᠠ ᠪᠤᠶᠤ ᠤᠭᠤᠷᠬᠠᠢ ᠪᠠᠶᠢᠵᠠᠢ᠃ ᠲᠡᠷᠡ ᠨᠢ ᠬᠤᠶᠠᠷ ᠭᠤᠷᠪᠠᠨ ᠮᠧᠲᠷ ᠥᠨᠳᠥᠷ᠂ ᠰᠠᠭᠤᠷᠢ ᠨᠢ ᠥᠷᠭᠡᠨ ᠳᠡᠭᠡᠭᠦᠷ ᠢᠶᠠᠨ ᠨᠠᠷᠢᠨ᠂ ᠳᠣᠲᠣᠷᠠᠬᠢ ᠬᠥᠨᠳᠡᠢ ᠶᠢᠨ ᠳ᠋ᠢᠶᠠᠮᠧᠲᠷ  ᠨᠢ 1.5 - 2 ᠮᠧᠲᠷ ᠪᠠᠶᠢᠵᠤ᠂ ᠤᠯᠠᠨ ᠵᠢᠯ ᠬᠡᠷᠡᠭᠯᠡᠭᠳᠡᠬᠦ ᠦᠭᠡᠢ ᠬᠠᠶᠠᠭᠳᠠᠭᠰᠠᠨ ᠠᠴᠠ ᠪᠣᠯᠵᠤ ᠳᠣᠲᠣᠷ᠎ᠠ ᠨᠢ ᠮᠣᠳᠣ ᠤᠷᠭᠤᠭᠰᠠᠨ ᠪᠠᠶᠢᠯ᠎ᠠ᠃ ᠢᠷᠤᠭᠠᠷ ᠤᠨ ᠬᠡᠰᠡᠭ ᠤᠨ ᠡᠮᠦᠨ᠎ᠡ ᠬᠤᠶᠢᠨ᠎ᠠ ᠬᠤᠶᠠᠷ ᠲᠠᠯ᠎ᠠ ᠳᠤᠨᠢ ᠪᠦᠷ ᠵᠢᠵᠢᠭᠬᠡᠨ ᠠᠮᠠᠰᠠᠷ ᠨᠦᠬᠡ ᠲᠠᠢ ᠪᠥᠭᠡᠳ ᠬᠤᠶᠢᠨ᠎ᠠ ᠲᠠᠯ᠎ᠠ ᠳᠠᠬᠢ ᠨᠦᠬᠡ ᠨᠢ ᠪᠠᠶᠢᠴᠠ ᠪᠠᠷ ᠢᠶᠠᠨ ᠳᠣᠣᠷ᠎ᠠ ᠰᠢᠭ᠋ ᠪᠠᠶᠢᠭ᠎ᠠ ᠮᠠᠶ᠋ᠢᠭᠲᠠᠢ᠃ ᠡᠷᠳᠡᠨᠢᠬᠦᠦ ᠭᠤᠸᠠᠢ᠂ ᠦᠮᠡᠬᠡᠢ ᠲᠣᠰᠣ ᠶᠢ ᠬᠡᠦᠷᠰᠢᠭᠦᠯᠵᠦ ᠰᠢᠷᠭᠠᠭᠠᠬᠤ ᠳᠠᠭᠠᠨ ᠤᠷᠢᠳᠠᠪᠠᠷ ᠲᠤᠰᠤᠨ ᠬᠠᠷᠭᠠᠢ ᠶᠢᠨ ᠮᠥᠴᠢᠷ ᠨᠠᠮᠠᠭ᠎ᠠ ᠶᠢ ᠵᠤᠤᠬ᠎ᠠ ᠶᠢᠨ ᠬᠥᠨᠳᠡᠢ ᠳᠤ ᠱᠠᠲᠤᠯᠠᠨ ᠴᠢᠭᠵᠢᠵᠦ ᠲᠠᠯᠪᠢᠭᠠᠳ ᠳᠡᠭᠡᠷ᠎ᠡ ᠠᠮᠠᠰᠠᠷ ᠢ  ᠨᠢ ᠪᠢᠲᠡᠭᠦᠮᠵᠢᠯᠡᠨ ᠲᠠᠭᠯᠠᠨ᠎ᠠ᠂ ᠳᠡᠭᠡᠭᠡᠳ ᠡᠮᠦᠨ᠎ᠡ ᠲᠠᠯ᠎ᠠ ᠶᠢᠨ ᠵᠢᠵᠢᠭ ᠨᠦᠬᠡ ᠪᠠᠷ ᠭᠠᠯ ᠥᠷᠲᠥᠵᠦ ᠠᠰᠠᠭᠠᠬᠤ ᠳᠤ ᠬᠠᠷᠭᠠᠢ ᠶᠢᠨ ᠮᠥᠴᠢᠷ ᠨᠢ ᠪᠢᠲᠡᠭᠦᠦ ᠣᠷᠴᠢᠨ ᠳᠤ ᠠᠭᠠᠵᠢᠮ ᠢᠶᠠᠷ ᠬᠠᠭᠰᠠᠭᠠᠭᠳᠠᠨ ᠬᠡᠦᠷᠰᠢᠬᠦ ᠳᠤ ᠲᠣᠰᠣ ᠨᠢ ᠰᠢᠷᠭᠠᠭᠠᠭᠳᠠᠨ ᠭᠠᠷᠴᠤ ᠲᠤᠨᠤᠭᠠᠳ ᠬᠠᠮᠤᠭ ᠰᠡᠭᠦᠯ ᠳᠤ ᠬᠤᠶᠢᠨ᠎ᠠ ᠲᠠᠯ᠎ᠠ ᠶᠢᠨ ᠨᠦᠬᠡ ᠪᠠᠷ ᠤᠷᠤᠰᠤᠨ ᠭᠠᠷᠳᠠᠭ ᠭᠡᠵᠦ ᠶᠡᠭᠡ ᠲᠥᠯᠥᠪ ᠲᠠᠶᠢᠯᠪᠤᠷᠢᠯᠠᠨ ᠬᠡᠯᠡᠬᠦ ᠳᠤ ᠪᠢᠳᠠ ᠡᠷᠲᠡᠨ ᠤ ᠬᠥᠮᠥᠰ ᠤᠨ ᠠᠷᠭ᠎ᠠ ᠤᠬᠠᠭᠠᠨ᠂ ᠤᠢ ᠪᠢᠯᠢᠭ ᠢ ᠡᠷᠬᠡ ᠦᠭᠡᠢ ᠪᠢᠰᠢᠷᠡᠨ ᠭᠠᠶᠢᠬᠠᠯ᠎ᠠ᠃ ᠬᠠᠷᠭᠠᠢ ᠶᠢᠨ ᠦᠮᠡᠬᠡᠢ ᠲᠣᠰᠣ ᠨᠢ ᠲᠡᠮᠡᠭᠡᠨ ᠤ ᠬᠠᠮᠠᠭᠤ ᠳᠤ ᠰᠠᠶᠢᠨ ᠭᠡᠳᠡᠭ ᠢ ᠲᠤᠬᠠᠢ ᠶᠢᠨ ᠬᠥᠮᠥᠰ ᠶᠠᠭᠠᠬᠢᠵᠤ ᠮᠡᠳᠡᠭᠰᠡᠨ ᠶᠤᠮ ᠪᠣᠯ︖ ᠲᠡᠭᠦᠨ ᠤ ᠰᠢᠷᠭᠠᠭᠠᠬᠤ ᠠᠷᠭ᠎ᠠ ᠶᠢ ᠶᠠᠭᠠᠬᠢᠵᠤ ᠪᠤᠳᠤᠵᠤ ᠣᠯᠣᠭᠰᠠᠨ ᠪᠣᠯ︖ ᠶᠠᠮᠠᠷᠴᠤ ᠣᠳᠣᠬᠢᠴᠢᠯᠠᠭᠰᠠᠨ ᠬᠢᠮᠢ ᠶᠢᠨ ᠵᠠᠳᠠᠯᠤᠯᠲᠠ᠂ ᠹᠢᠽᠢᠺ ᠤᠨ ᠮᠡᠳᠡᠯᠭᠡ ᠶᠢᠨ ᠲᠤᠯᠭᠠᠭᠤᠷᠢᠯᠠᠯ ᠦᠭᠡᠢ ᠬᠥᠮᠥᠰ ᠬᠠᠮᠤᠭ ᠪᠠᠯᠠᠷᠯᠢᠭ ᠠᠷᠭ᠎ᠠ ᠪᠠᠷ ᠪᠠᠶᠢᠭᠠᠯᠢ ᠶᠢᠨ ᠡᠬᠢ ᠪᠠᠶᠠᠯᠢᠭ ᠢ ᠡᠳ᠋ᠰᠢᠭᠦᠯᠦᠨ ᠪᠣᠯᠪᠠᠰᠤᠷᠠᠭᠤᠯᠤᠭᠠᠳ ᠠᠮᠢᠳᠤᠷᠠᠯ ᠦᠢᠯᠡᠳᠪᠦᠷᠢᠯᠡᠯ ᠳᠡᠭᠡᠨ ᠠᠰᠢᠭᠯᠠᠵᠤ ᠳᠡᠶᠢᠯᠳᠡᠭ ᠨᠢ ᠦᠨᠡᠬᠡᠷ ᠭᠢᠯᠪᠡᠷ ᠪᠤᠰᠤ᠃ ᠰᠡᠭᠦᠯᠡᠷ ᠨᠢ ᠪᠢ ᠨᠤᠲᠤᠭ ᠤᠨ ᠬᠥᠭᠰᠢᠴᠦᠦᠯ ᠠᠴᠠ ︽ᠦᠮᠡᠬᠡᠢ ᠲᠣᠰᠣ︾ ᠶᠢᠨ ᠲᠤᠬᠠᠢ ᠠᠰᠠᠭᠤᠬᠤᠯᠠᠷ᠂ ᠴᠢᠯᠦᠭᠡᠯᠡᠬᠦ ᠠᠴᠠ ᠤᠷᠢᠳ ᠠᠯᠠᠱᠠ ᠨᠤᠲᠤᠭ ᠤᠨ ᠬᠢᠨ ᠪᠦᠷ ᠨᠢᠭᠡᠨ ᠦᠮᠡᠬᠡᠢ ᠦᠨᠦᠷ ᠲᠠᠢ ᠬᠠᠷ᠎ᠠ ᠥᠩᠭᠡ ᠲᠠᠢ ᠲᠣᠰᠣ ᠪᠠᠷ ᠲᠡᠮᠡᠭᠡᠨ ᠤ ᠬᠠᠮᠠᠭᠤ ᠡᠪᠡᠳᠴᠢᠨ ᠢ ᠵᠠᠰᠠᠳᠠᠭ ᠪᠠᠶᠢᠵᠤ ᠭᠡᠨ᠎ᠡ᠂ ᠬᠡᠳᠦᠶᠢᠪᠡᠷ ᠶᠠᠭᠤ ᠪᠠᠷ ᠬᠢᠭᠰᠡᠨ᠂ ᠬᠠᠮᠢᠭ᠎ᠠ ᠠᠴᠠ ᠭᠠᠷᠳᠠᠭ ᠢ ᠮᠡᠳᠡᠳᠡᠭ ᠨᠢ ᠴᠥᠭᠡᠨ ᠪᠤᠯᠪᠠᠴᠤ ᠠᠶᠢᠯ ᠪᠣᠯᠭᠠᠨ ᠳᠤ ᠪᠠᠷᠤᠭ ᠪᠠᠶᠢᠳᠠᠭ ᠭᠡᠨ᠎ᠡ᠃ ᠪᠠᠰᠠ ᠵᠠᠷᠢᠮ ᠨᠢ ᠲᠡᠷᠡ ᠬᠦ ᠬᠠᠷ᠎ᠠ ᠲᠣᠰᠣ ᠪᠠᠷ ᠮᠠᠯ ᠲᠡᠮᠡᠭᠡᠨ ᠳᠡᠭᠡᠨ ᠲᠡᠮᠳᠡᠭ ᠲᠠᠯᠪᠢᠳᠠᠭ ᠪᠥᠭᠡᠳ ᠤᠰᠤ ᠪᠣᠷᠣᠭᠠᠨ ᠳᠤ ᠤᠬᠢᠶᠠᠭᠳᠠᠵᠤ ᠲᠠᠭᠤᠭᠳᠠᠳᠠᠭ ᠦᠭᠡᠢ ᠪᠦᠭᠡ ︽ᠪᠤᠳᠤᠭ︾ ᠪᠠᠶᠢᠭᠰᠠᠨ ᠭᠡᠵᠦ ᠶᠠᠷᠢᠵᠤ ᠥᠭᠴᠦ ᠪᠢᠯᠡ᠃              ᠦᠳᠡ ᠭᠤᠣᠯᠯᠠᠬᠤ ᠳᠤ ᠰᠠᠶᠢᠬᠠᠨ ᠡᠭᠦᠯᠡ ᠭᠠᠷᠴᠤ ᠰᠡᠷᠢᠭᠦᠨ ᠵᠢᠪᠠᠷ ᠦᠯᠢᠶᠡᠬᠦ ᠳᠤ ᠪᠢᠳᠠ ᠴᠤ ᠰᠠᠶᠢᠬᠠᠨ ᠨᠣᠭᠤᠭᠠᠨ ᠰᠢᠷᠭᠢ ᠲᠠᠢ ᠲᠡᠡᠵᠢᠭ ᠭᠠᠵᠠᠷ ᠲᠤ ᠪᠠᠭᠤᠵᠤ ᠦᠳᠡ ᠶᠢᠨ ᠬᠤᠭᠤᠯᠠᠨ ᠳᠠᠭᠠᠨ ᠣᠷᠣᠯ᠎ᠠ᠃ ︵ᠦᠷᠭᠦᠯᠵᠢᠯᠡᠯ ᠪᠤᠢ︶   
 
ᠢᠷᠡᠯᠲᠡ᠄ ᠠᠯᠠᠱᠠ ᠵᠡᠭᠦᠨ ᠬᠤᠰᠢᠭᠤᠨ ᠤ ᠵᠠᠰᠠᠭ ᠤᠨ ᠣᠷᠳᠣᠨ ᠤ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号