ᠠᠷᠪᠠᠨ ᠰᠠᠷ᠎ᠠ ᠪᠠᠷ ᠠᠯᠠᠱᠠ ᠳᠤ ᠪᠣᠯᠵᠣᠶ᠎ᠠ
ᠨᠡᠶᠢᠲᠡᠯᠡᠭᠰᠡᠨ ᠴᠠᠭ᠄
2024/9/30
                         ● ᠡᠷᠳᠡᠨᠢᠴᠡᠴᠡᠭ                            ᠡᠨᠡ ᠵᠢᠯ᠂ ᠮᠠᠨ ᠤ ᠠᠶᠢᠮᠠᠭ ︽ᠰᠡᠳᠬᠢᠯ ᠢ ᠰᠣᠭᠲᠣᠭᠤᠷᠠᠭᠤᠯᠤᠮ᠎ᠠ ᠠᠯᠠᠱᠠ︾ ᠭᠤᠣᠯ ᠰᠡᠳᠦᠪ ᠤᠨ ᠲᠣᠭᠤᠷᠢᠨ ᠳᠤ᠂ ︽ᠰᠡᠳᠬᠢᠯ ᠢ ᠰᠣᠭᠲᠣᠭᠤᠷᠠᠭᠤᠯᠤᠮ᠎ᠠ ᠪᠠᠭᠠᠲᠤᠷᠴᠤᠳ ᠤᠨ ᠴᠤᠭᠯᠠᠭᠠᠨ︾᠂ ︽ᠰᠡᠳᠬᠢᠯ ᠢ ᠰᠣᠭᠲᠣᠭᠤᠷᠠᠭᠤᠯᠤᠮ᠎ᠠ ᠡᠯᠡᠰᠦ ᠮᠠᠩᠬ᠎ᠠ︾᠂ ︽ᠰᠡᠳᠬᠢᠯ ᠢ ᠰᠣᠭᠲᠣᠭᠤᠷᠠᠭᠤᠯᠤᠮ᠎ᠠ ᠲᠣᠣᠷᠠᠢ︾ ᠭᠤᠷᠪᠠᠨ ᠲᠣᠮᠣ ᠠᠵᠢᠯᠯᠠᠭ᠎ᠠ ᠪᠠᠷ ᠰᠢᠷᠢᠰ ᠰᠣᠶᠣᠯ ᠵᠢᠭᠤᠯᠴᠢᠯᠠᠯ ᠤᠨ ᠠᠵᠢᠯᠯᠠᠭ᠎ᠠ ᠶᠢ ᠥᠷᠨᠢᠭᠦᠯᠬᠦ ᠪᠠᠷ ᠪᠠᠶᠢᠨ᠎ᠠ᠃              1. 2024 ᠣᠨ ᠤ ᠠᠯᠠᠱᠠ ᠶᠢᠨ ᠪᠠᠭᠠᠲᠤᠷᠴᠤᠳ ᠤᠨ ᠴᠤᠭᠯᠠᠭᠠᠨ              ︽2024 ᠣᠨ ᠤ ᠠᠯᠠᠱᠠ ᠶᠢᠨ ᠪᠠᠭᠠᠲᠤᠷᠴᠤᠳ ᠤᠨ ᠴᠤᠭᠯᠠᠭᠠᠨ︾ ︽10 · 1︾ ᠤ ᠬᠤᠭᠤᠴᠠᠭᠠᠨ ᠳᠤ ᠠᠯᠠᠱᠠ ᠵᠡᠭᠦᠨ ᠬᠤᠰᠢᠭᠤᠨ ᠤ ᠲᠡᠭᠷᠢ ᠡᠯᠡᠰᠦᠨ ᠳᠤ ᠶᠠᠪᠤᠭᠳᠠᠵᠤ᠂ ᠤᠷᠤᠯᠳᠤᠭᠠᠨ ᠤ ᠠᠭᠤᠯᠭ᠎ᠠ ᠶᠢ ᠪᠦᠭᠦ ᠲᠠᠯ᠎ᠠ ᠪᠠᠷ ᠲᠡᠰ ᠳᠡᠪᠰᠢᠭᠦᠯᠦᠨ᠂ ᠲᠦᠷᠦᠯ ᠵᠦᠢᠯ ᠤᠨ ᠪᠠᠶᠢᠷᠢᠯᠠᠭᠤᠯᠤᠯᠲᠠ ᠶᠢ ᠰᠢᠯᠢᠳᠡᠭᠵᠢᠭᠦᠯᠵᠦ᠂ 8 ᠲᠣᠮᠣ ᠪᠦᠯᠦᠭ ᠤᠨ 20 ᠭᠠᠷᠤᠢ ᠵᠦᠢᠯ ᠤᠨ ᠠᠵᠢᠯᠯᠠᠭ᠎ᠠ ᠶᠢ ᠲᠣᠬᠢᠷᠠᠭᠤᠯᠵᠠᠢ᠃ ᠡᠭᠦᠨ ᠳᠤ ᠥᠩᠭᠡᠷᠡᠭᠰᠡᠨ ᠵᠢᠯ ᠤᠳ ᠲᠤ ᠣᠨᠴᠠ ᠪᠠᠶᠢᠳᠠᠭ ᠮᠣᠲ᠋ᠣᠷ ᠲᠡᠷᠭᠡᠨ ᠤ ᠤᠷᠤᠯᠳᠤᠭᠠᠨ ᠪᠠ ᠠᠭᠠᠷ ᠠᠶᠠᠯᠠᠯ ᠤᠨ ᠦᠵᠡᠭᠦᠯᠭᠡ ᠶᠢᠨ ᠲᠣᠬᠯᠠᠯᠲᠠ ᠠᠴᠠ ᠭᠠᠳᠠᠨ᠎ᠠ ᠪᠠᠰᠠ ᠮᠠᠰᠢᠨ ᠲᠡᠷᠭᠡ ᠶᠢ ᠥᠭᠡᠷᠡᠴᠢᠯᠡᠨ ᠲᠣᠨᠣᠭᠯᠠᠬᠤ ᠦᠵᠡᠭᠦᠯᠭᠡ᠂ ᠮᠠᠰᠢᠨ ᠲᠡᠷᠭᠡᠨ ᠤ ᠰᠠᠭᠠᠳ ᠳᠠᠪᠠᠭ᠋ᠤ ᠦᠵᠡᠭᠦᠯᠭᠡ᠂ ᠨᠢᠰᠦᠯᠲᠡ ᠶᠢᠨ ᠲᠣᠬᠯᠠᠯᠲᠠ ᠵᠡᠷᠭᠡ ᠠᠯᠢ ᠤᠯᠠᠨ ᠪᠠᠶᠠᠯᠢᠭ ᠰᠠᠶᠢᠬᠠᠨ ᠠᠵᠢᠯᠯᠠᠭ᠎ᠠ ᠶᠢ ᠥᠷᠨᠢᠭᠦᠯᠬᠦ ᠪᠣᠯᠣᠨ᠎ᠠ᠃              ᠡᠭᠦᠨ ᠠᠴᠠ ᠭᠠᠳᠠᠨ᠎ᠠ᠂ ᠳᠠᠭᠤᠤ ᠬᠥᠭᠵᠢᠮ ᠤᠨ ᠨᠠᠶᠢᠷ᠂ ᠠᠮᠲᠠᠲᠤ ᠢᠳᠡᠭᠡᠨ ᠤ ᠨᠠᠶᠢᠷ᠂ ᠭᠡᠷᠳᠤ ᠲᠡᠷᠭᠡᠨ ᠤ ᠦᠵᠡᠭᠦᠯᠭᠡ ᠵᠡᠷᠭᠡ ᠶᠢ ᠴᠤ ᠲᠡᠰ ᠳᠡᠪᠰᠢᠭᠦᠯᠦᠨ᠎ᠡ᠃ ᠣᠨᠴᠠ ᠳᠤᠷᠠᠳᠤᠭᠤᠰᠢᠲᠠᠢ ᠨᠢ᠂ ᠲᠤᠰ ᠤᠳᠠᠭᠠᠨ ᠤ ᠴᠤᠭᠯᠠᠭᠠᠨ ᠳᠤ᠂ IBF ᠣᠯᠠᠨ ᠤᠯᠤᠰ ᠤᠨ ᠨᠢᠳᠤᠷᠭᠠᠨ ᠲᠡᠮᠡᠴᠡᠭᠡᠨ ᠤ ᠬᠤᠯᠪᠣᠭᠠᠲᠤ ᠬᠤᠷᠠᠯ ᠤᠨ  ᠬᠢᠨ ᠲᠡᠭᠷᠢ ᠡᠯᠡᠰᠦᠨ ᠳᠤ ᠨᠢᠳᠤᠷᠭᠠᠨ ᠲᠡᠮᠡᠴᠡᠭᠡᠨ ᠶᠠᠪᠤᠭᠤᠯᠬᠤ ᠪᠣᠯᠣᠨ᠎ᠠ᠃              ᠶᠡᠷᠦᠩᠬᠡᠶᠢᠯᠡᠭᠰᠡᠨ ᠲᠡᠮᠡᠴᠡᠭᠡᠨ ᠤ ᠳᠡᠯᠡᠬᠡᠢ ᠶᠢᠨ ᠮᠠᠩᠯᠠᠢ ᠵᠠᠩ ᠸᠧᠢ ᠯᠢ ︽2024 ᠣᠨ ᠤ ᠠᠯᠠᠱᠠ ᠶᠢᠨ ᠪᠠᠭᠠᠲᠤᠷᠴᠤᠳ ᠤᠨ ᠴᠤᠭᠯᠠᠭᠠᠨ ᠤ ᠡᠯᠴᠢᠨ︾ ᠪᠣᠯᠤᠭᠰᠠᠨ ᠪᠥᠭᠡᠳ ᠲᠤᠬᠠᠢ ᠶᠢᠨ ᠴᠠᠭ ᠲᠤ ᠠᠯᠠᠱᠠ  ᠳᠤ ᠢᠷᠠᠵᠤ᠂ ᠠᠯᠠᠱᠠ ᠶᠢᠨ ᠪᠠᠭᠠᠲᠤᠷᠴᠤᠳ ᠤᠨ ᠴᠤᠭᠯᠠᠭᠠᠨ ᠤ ᠠᠵᠢᠯᠯᠠᠭ᠎ᠠ ᠳᠤ ᠣᠷᠤᠯᠴᠠᠬᠤ ᠪᠣᠯᠣᠨ᠎ᠠ᠃              2. ᠬᠡᠭᠡᠷᠡᠯᠡᠨ ᠠᠶᠠᠯᠠᠬᠤ e ᠠᠩᠭᠢ ᠶᠢᠨ ᠪᠠᠭᠠᠲᠤᠷᠴᠤᠳ ᠤᠨ ᠴᠤᠭᠯᠠᠭᠠᠨ                            19 ᠳ᠋ᠦ᠋ᠭᠡᠷ ᠬᠤᠭᠤᠴᠠᠭᠠᠨ ᠤ ᠬᠡᠭᠡᠷᠡᠯᠡᠨ ᠠᠶᠠᠯᠠᠬᠤ e ᠠᠩᠭᠢ ᠶᠢᠨ ᠪᠠᠭᠠᠲᠤᠷᠴᠤᠳ ᠤᠨ ᠴᠤᠭᠯᠠᠭᠠᠨ 9 ᠰᠠᠷ᠎ᠠ ᠶᠢᠨ 30 ᠤ ᠡᠳᠦᠷ ᠠᠴᠠ 10 ᠰᠠᠷ᠎ᠠ ᠶᠢᠨ 4 ᠤ ᠡᠳᠦᠷ ᠪᠤᠯᠳᠠᠯ᠎ᠠ᠂ ᠠᠯᠠᠱᠠ ᠪᠠᠷᠠᠭᠤᠨ ᠬᠤᠰᠢᠭᠤᠨ ᠤ ᠪᠠᠳᠠᠢ ᠶᠢᠨ ᠵᠢᠷᠠᠨ ᠡᠯᠡᠰᠦᠨ ᠳᠤ ᠦᠪᠡᠳᠡᠭᠰᠢ ᠶᠡᠭᠡ ᠪᠠᠷ ᠶᠠᠪᠤᠭᠳᠠᠬᠤ ᠪᠣᠯᠣᠯ᠎ᠠ᠃              ᠭᠤᠣᠯ ᠠᠵᠢᠯᠯᠠᠭ᠎ᠠ ᠨᠤᠭᠤᠳ ᠭᠡᠪᠡᠯ᠄               ᠡᠯᠡᠰᠦ ᠮᠠᠩᠬᠠᠨ ᠳᠠᠬᠢ ᠷᠣᠮᠠᠨᠲ᠋ᠢᠭ ᠠᠭᠤᠯᠵᠠᠯᠲᠠ              ᠳᠡᠰ ᠳᠡᠪᠰᠢᠭᠰᠡᠨ ᠪᠡᠶᠡᠴᠢᠯᠡᠨ ᠣᠶᠢᠯᠠᠭᠠᠯᠲᠠ ᠨᠢ ᠡᠯᠡᠰᠦ ᠮᠠᠩᠬᠠᠨ ᠳᠠᠬᠢ ᠬᠤᠸᠠᠷᠠᠨ ᠠᠴᠠ ᠡᠬᠢᠯᠡᠨ᠎ᠡ ᠃ ᠡᠨᠡ ᠵᠢᠯ ᠤᠨ ᠪᠠᠭᠠᠲᠤᠷᠴᠤᠳ ᠤᠨ ᠴᠤᠭᠯᠠᠭᠠᠨ ᠨᠢ ᠰᠤᠬᠠᠶᠢᠲᠤ ᠶᠢᠨ ᠳᠡᠨᠵᠢᠨ ᠪ᠊ ᠪᠠᠷᠠᠭᠤᠨ ᠲᠠᠯ᠎ᠠ ᠳᠤ ᠴᠤᠯ ᠡᠯᠡᠰᠦ ᠮᠠᠩᠬᠠᠨ ᠤ ᠬᠤᠸᠠᠷᠠᠨ ᠢ ᠨᠡᠭᠡᠭᠡᠵᠡᠢ᠃ ᠬᠤᠸᠠᠷᠠᠨ ᠤ ᠠᠮᠢᠳᠤᠷᠠᠯ ᠪᠣᠯ ᠪᠠᠭᠠᠲᠤᠷᠴᠤᠳ ᠤᠨ ᠴᠤᠭᠯᠠᠭᠠᠨ ᠤ ᠨᠢᠭᠡ ᠵᠦᠢᠯ ᠤᠨ ᠴᠢᠬᠤᠯᠠ ᠠᠭᠤᠯᠭ᠎ᠠ ᠪᠣᠯᠣᠭᠰᠠᠭᠠᠷ ᠢᠷᠡᠭᠰᠡᠨ ᠶᠤᠮ᠂ ᠮᠥᠨ ᠴᠸ ᠬᠡᠭᠡᠷᠡᠯᠡᠨ ᠠᠶᠠᠯᠠᠬᠤ e ᠠᠩᠭᠢ ᠶᠢᠨ ᠬᠢᠨ ᠤ ᠬᠠᠮᠤᠭ ᠠᠴᠠ ᠬᠦᠰᠡᠨ ᠬᠦᠯᠢᠶᠡᠵᠦ ᠪᠠᠶᠢᠳᠠᠭ ᠴᠤᠭᠯᠠᠭᠠᠨ ᠤ ᠳᠦᠷᠤᠯ ᠪᠤᠯᠬᠤ ᠶᠤᠮ᠃ ᠡᠵᠡᠭᠦᠢ ᠵᠡᠯᠢᠭᠦᠳ ᠡᠯᠡᠰᠦ ᠮᠠᠩᠬᠠᠨ ᠳᠤ ᠮᠠᠶᠢᠬᠠᠨ ᠢᠶᠠᠨ ᠪᠣᠰᠬᠠᠵᠤ᠂ ᠬᠡᠭᠡᠷ᠎ᠡ ᠠᠶᠠᠯᠠᠭᠴᠢᠳ ᠲᠤ ᠯᠠ ᠪᠠᠶᠢᠳᠠᠭ ᠤᠨᠴᠠᠭᠠᠢ ᠮᠠᠩᠬᠠᠨ ᠳᠠᠬᠢ ᠠᠶᠠᠯᠠᠯ ᠢᠶᠠᠨ ᠡᠬᠢᠯᠡᠭᠦᠯᠳᠡᠭ᠃ ᠡᠳᠦᠷ ᠢᠶᠠᠷ ᠮᠠᠰᠢᠨ ᠢᠶᠠᠨ ᠵᠢᠯᠣᠭᠤᠳᠤᠨ ᠡᠯᠡᠰᠦ ᠮᠠᠩᠬ᠎ᠠ  ᠶᠢ ᠳᠤᠭᠤᠯᠵᠤ᠂ ᠦᠳᠡᠰᠢ ᠣᠷᠣᠢ ᠪᠣᠯᠪᠠᠯ ᠭᠠᠯ ᠨᠣᠴᠣᠭᠠᠨ ᠬᠤᠭᠤᠯᠠ ᠪᠤᠳᠠᠭ᠎ᠠ ᠪᠠᠨ ᠬᠢᠵᠦ᠂ ᠬᠤᠨᠳᠠᠭ᠎ᠠ ᠮᠥᠷᠭᠦᠭᠦᠯᠦᠨ ᠳᠠᠭᠤᠯᠠᠨ ᠨᠠᠷᠭᠢᠯᠳᠤᠳᠠᠭ᠃ ᠬᠤᠳᠠ ᠶᠢᠨ ᠬᠥᠯ ᠦᠢᠮᠡᠭᠡᠨ ᠠᠴᠠ ᠵᠠᠶᠢᠳᠠᠭᠰᠠᠨ ᠠᠳᠡᠬᠢ ᠤᠨᠴᠠᠭᠠᠢ ᠠᠶᠠᠯᠠᠯ ᠨᠢ ᠲᠠᠨ ᠳᠤ ᠮᠠᠷᠲᠠᠭᠳᠠᠰᠢ ᠦᠭᠡᠢ ᠳᠤᠷᠠᠳᠬᠠᠯ ᠦᠯᠡᠳᠡᠭᠡᠬᠦ ᠨᠢ ᠯᠠᠪᠲᠠᠢ᠃              ᠶᠡᠭᠡ ᠮᠠᠩᠬ᠎ᠠ ᠶᠢ ᠲᠤᠭᠤᠯᠬᠤ              ᠬᠡᠭᠡᠷᠡᠯᠡᠨ ᠠᠶᠠᠯᠠᠬᠤ e ᠠᠩᠭᠢ ᠳᠤ ᠤᠨᠴᠠᠭᠠᠢ ᠲᠣᠬᠢᠷᠠᠭᠤᠯᠤᠭᠰᠠᠨ ᠪᠠᠳᠠᠢ ᠶᠢᠨ ᠵᠢᠷᠠᠨ ᠤ ᠳᠤᠮᠳᠠ ᠠᠩᠭᠢ ᠨᠢ ᠪᠠᠭᠠᠲᠤᠷᠴᠤᠳ ᠤᠨ ᠴᠤᠭᠯᠠᠭᠠᠨ ᠤ ᠬᠤᠭᠤᠴᠠᠭᠠᠨ ᠳᠤ ᠣᠷᠣᠯᠴᠠᠭᠰᠠᠳ ᠲᠤ ᠵᠠᠮᠴᠢ ᠪᠠ ᠪᠠᠲᠤᠯᠠᠭ᠎ᠠ ᠬᠠᠩᠭᠠᠭᠴᠢ ᠶᠢᠨ ᠦᠢᠯᠡᠴᠢᠯᠡᠭᠡ ᠬᠠᠩᠭᠠᠬᠤ ᠪᠣᠯᠣᠨ᠎ᠠ᠃ ᠠᠳᠠ ︽ᠪᠠᠳᠠᠢ 500︾᠂ ︽ᠪᠠᠳᠠᠢ 1000︾ ᠪᠡᠶᠡᠴᠢᠯᠡᠨ ᠣᠶᠢᠯᠠᠭᠠᠬᠤ ᠱᠤᠭᠤᠮ ᠪᠠ ︽ᠵᠠᠭᠤᠨ ᠨᠠᠭᠤᠷ ᠢ ᠪᠦᠭᠦᠨ ᠢ ᠰᠣᠨᠢᠷᠬᠠᠬᠤ︾ ᠵᠠᠮ ᠱᠤᠭᠤᠮ ᠢ ᠭᠠᠷᠭᠠᠵᠤ ᠂ ᠣᠯᠠᠨ ᠳᠤ ᠡᠯᠡᠰᠦ ᠮᠠᠩᠬᠠᠨ ᠳᠤ ᠬᠡᠭᠡᠷᠡᠯᠡᠨ ᠠᠶᠠᠯᠠᠬᠤ ᠬᠠᠪᠤ ᠴᠡᠩᠭᠡᠯ ᠢ ᠡᠳ᠋ᠯᠡᠭᠦᠯᠭᠦ ᠪᠣᠯᠣᠨ᠎ᠠ᠃              ᠣᠨᠴᠠᠯᠢᠭᠲᠤ ᠤᠷᠤᠯᠳᠤᠭᠠᠠ              ᠡᠭᠦᠨ ᠳᠤ᠂ T3 ᠥᠷᠢᠰᠦᠯᠳᠦᠬᠦ ᠤᠷᠤᠯᠳᠤᠭᠠᠨ᠂ ︽ᠪᠠᠳᠠᠢ 100︾ ᠰᠢᠷᠢᠰ ᠤᠷᠤᠯᠳᠤᠭᠠᠠ᠂ ᠬᠡᠭᠡᠷᠡᠯᠡᠨ ᠠᠶᠠᠯᠠᠬᠤ ᠪᠠᠷᠳᠠᠭ᠎ᠠ ᠳᠤᠭᠤᠯᠬᠤ ᠤᠷᠤᠯᠳᠤᠭᠠᠠ ᠵᠡᠷᠭᠡ ᠰᠣᠨᠢᠷᠬᠠᠯᠲᠠᠢ ᠮᠥᠷᠲᠡᠭᠡᠨ ᠣᠨᠴᠠᠯᠢᠭᠲᠤ ᠤᠷᠤᠯᠳᠤᠭᠠᠠ ᠲᠡᠮᠡᠴᠡᠭᠡᠨ ᠢ ᠲᠣᠬᠢᠷᠠᠭᠤᠯᠵᠤ᠂ ᠵᠢᠭᠤᠯᠴᠢᠨ ᠤᠯᠠᠠ ᠤ ᠳᠡᠯᠡᠬᠡᠢ ᠶᠢᠨ ᠥᠪ ᠤᠨ ᠨᠡᠷᠡᠰ ᠲᠤ ᠣᠷᠣᠭᠰᠠᠨ ᠭᠠᠶᠢᠬᠠᠮᠰᠢᠭᠲᠤ ᠪᠠᠳᠠᠢ ᠶᠢᠨ ᠵᠢᠷᠠᠨ ᠢ ᠰᠣᠨᠢᠷᠬᠠᠬᠤ ᠪᠠ ᠡᠯᠡᠰᠦ ᠮᠠᠩᠬᠠᠨ ᠳᠤ ᠪᠠᠷᠳᠠᠭ᠎ᠠ ᠳᠤᠭᠤᠯᠤᠠ ᠰᠥᠰᠥ ᠰᠢᠨᠳᠠᠰᠤ ᠪᠠᠨ ᠰᠣᠷᠢᠬᠤ ᠲᠠᠪᠴᠠᠩ ᠬᠠᠩᠭᠠᠵᠤ ᠥᠭᠬᠦ ᠪᠣᠯᠣᠨ᠎ᠠ᠃              3. ᠡᠵᠡᠨ᠎ᠡ ᠶᠢᠨ ᠰᠢᠷᠭᠠᠯ ᠨᠠᠮᠤᠷ ᠤᠨ ᠲᠣᠣᠷᠠᠢ ᠶᠢᠨ ᠨᠠᠶᠢᠷ              ᠬᠤᠷᠢᠨ ᠲᠠᠪᠤᠳᠤᠭᠠᠷ ᠬᠤᠭᠤᠴᠠᠭᠠᠨ ᠤ ᠡᠵᠡᠨ᠎ᠡ ᠶᠢᠨ ᠰᠢᠷᠭᠠᠯ ᠨᠠᠮᠤᠷ ᠤᠨ ᠲᠣᠣᠷᠠᠢ ᠶᠢᠨ ᠠᠮᠢ ᠠᠬᠤᠢ  ᠶᠢᠨ ᠰᠣᠶᠣᠯ ᠵᠢᠭᠤᠯᠴᠢᠯᠠᠯ ᠤᠨ ᠨᠠᠶᠢᠷ ᠬᠢᠭᠡᠳ ᠬᠤᠶᠠᠳᠤᠭᠠᠷ ᠬᠤᠭᠤᠴᠠᠭᠠᠨ ᠤ ︽ᠮᠢᠩᠭᠠᠨ ᠣᠨ ᠤ ᠲᠣᠣᠷᠠᠢ · ᠵᠠᠭᠤᠨ ᠵᠢᠯ ᠤᠨ ᠬᠤᠪᠢ ᠪᠠᠷᠢᠯᠳᠤᠯᠭ᠎ᠠ︾ ᠭᠤᠣᠯ ᠰᠡᠳᠦᠪᠲᠦ ᠠᠵᠢᠯᠯᠠᠭ᠎ᠠ 9 ᠰᠠᠷ᠎ᠠ ᠶᠢᠨ 26 ᠤ ᠡᠳᠦᠷ ᠡᠵᠡᠨ᠎ᠡ ᠬᠤᠰᠢᠭᠤᠨ ᠳᠤ ᠡᠬᠢᠯᠡᠬᠦ ᠪᠣᠯᠣᠨ᠎ᠠ᠃ ᠡᠨᠡ ᠵᠢᠯ ᠤᠨ ︽ᠮᠢᠩᠭᠠᠨ ᠣᠨ ᠤ ᠲᠣᠣᠷᠠᠢ · ᠵᠠᠭᠤᠨ ᠵᠢᠯ ᠤᠨ ᠬᠤᠪᠢ ᠪᠠᠷᠢᠯᠳᠤᠯᠭ᠎ᠠ︾ ᠭᠤᠣᠯ ᠰᠡᠳᠦᠪᠲᠦ ᠬᠥᠳᠡᠯᠭᠡᠭᠡᠨ ᠳᠤ 99 ᠬᠤᠣᠰ ᠰᠢᠨ᠎ᠡ ᠬᠥᠮᠥᠨ ᠢ ᠤᠷᠢᠵᠤ᠂ ︽ᠦᠵᠡᠮᠵᠢ ᠰᠣᠨᠢᠷᠬᠠᠬᠤ︾᠂ ︽ᠷᠣᠮᠠᠨᠲ᠋ᠢᠭ ᠣᠶᠢᠯᠠᠭᠠᠯᠲᠠ︾ ᠪᠠ ︽ᠲᠣᠬᠯᠠᠯᠲᠠ ᠳᠤ ᠣᠷᠤᠯᠴᠠᠬᠤ︾ ᠵᠡᠷᠭᠡ ᠭᠤᠷᠪᠠᠨ ᠭᠢᠯᠪᠠᠭᠠᠲᠤ ᠴᠡᠭ ᠢ ᠳᠣᠪᠤᠶᠢᠯᠭᠠᠬᠤ ᠪᠣᠯᠣᠨ᠎ᠠ᠃              ᠡᠨᠡ ᠵᠢᠯ ᠤᠨ ᠭᠤᠣᠯ ᠰᠡᠳᠦᠪᠲᠦ ᠬᠥᠳᠡᠯᠭᠡᠭᠡᠨ ᠢ ᠨᠢᠳᠤᠨᠤᠨ ᠤ ᠬᠢ ᠲᠠᠢ ᠠᠳᠠᠯᠢᠳᠬᠠᠪᠠᠯ᠂ ᠰᠢᠨ᠎ᠡ ᠬᠥᠮᠥᠨ ᠤ ᠪᠡᠶᠡᠴᠢᠯᠡᠨ ᠣᠶᠢᠯᠠᠭᠠᠬᠤ ᠶᠢ ᠨᠡᠩ ᠴᠢᠬᠤᠯᠠᠴᠢᠯᠠᠬᠤ ᠪᠣᠯᠣᠨ᠎ᠠ᠃ ᠡᠵᠡᠨ᠎ᠡ ᠬᠤᠰᠢᠭᠤᠨ ᠳᠤ ᠮᠠᠰᠢ ᠣᠯᠠᠨ ᠣᠨᠴᠠᠯᠢᠭᠲᠤ ᠱᠣᠰᠢᠭ᠎ᠠ ᠲᠠᠢ ᠪᠠᠶᠢᠳᠠᠭ᠂ ᠡᠳᠡᠭᠡᠷ ᠱᠣᠰᠢᠭ᠎ᠠ ᠨᠢ ᠴᠥᠮ︿ᠷᠣᠮᠠᠨᠲ᠋ᠢᠭ﹀ ᠭᠡᠬᠦ ᠬᠤᠶᠠᠷ ᠦᠰᠦᠭ ᠲᠠᠢ ᠨᠡᠶᠢᠴᠡᠵᠦ ᠪᠤᠢ᠃ ᠬᠠᠶᠢᠷ᠎ᠠ ᠪᠠᠨ ᠲᠣᠣᠷᠠᠢ ᠲᠠᠢ ᠬᠤᠯᠪᠣᠵᠤ᠂ ᠲᠣᠣᠷᠠᠢ ᠪᠠᠷ ᠬᠠᠶᠢᠷ᠎ᠠ ᠪᠠᠨ ᠭᠡᠷᠡᠴᠢᠯᠡᠬᠦ ᠁ ᠷᠣᠮᠠᠨᠲ᠋ᠢᠯᠢᠭ ᠡᠵᠡᠨ᠎ᠡ ᠶᠢᠨ ᠮᠢᠩᠭᠠᠨ ᠵᠢᠯ ᠤᠨ ᠲᠣᠣᠷᠠᠢ ᠠᠷᠪᠠᠨ ᠰᠠᠷ᠎ᠠ ᠪᠠᠷ 99 ᠬᠤᠣᠰ ᠬᠥᠮᠥᠨ ᠢᠶᠠᠨ ᠤᠭᠲᠤᠨ ᠠᠪᠴᠤ᠂ ᠳᠠᠳᠠᠠ ᠤ ᠵᠠᠭᠤᠨ ᠵᠢᠯ ᠤᠨ ᠬᠤᠪᠢ ᠪᠠᠷᠢᠯᠳᠤᠯᠭ᠎ᠠ ᠶᠢ ᠭᠡᠷᠡᠴᠢᠯᠡᠬᠦ ᠪᠣᠯᠣᠨ᠎ᠠ᠃        
 
ᠢᠷᠡᠯᠲᠡ᠄ ᠠᠯᠠᠱᠠ ᠵᠡᠭᠦᠨ ᠬᠤᠰᠢᠭᠤᠨ ᠤ ᠵᠠᠰᠠᠭ ᠤᠨ ᠣᠷᠳᠣᠨ ᠤ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号