ᠠᠭᠤᠯᠠ ᠨᠢ ᠬᠥᠬᠡᠮᠳᠦᠭ ᠠᠭᠠᠷ ᠨᠢ ᠴᠡᠯᠮᠡᠭ ᠤᠰᠤ ᠨᠢ ᠲᠤᠩᠭᠠᠯᠠᠭ ᠠᠮᠢ ᠠᠬᠤᠢ ᠨᠢ ᠰᠡᠷᠭᠦᠭᠰᠡᠨ ᠥᠨᠢᠷ | ᠲᠠᠩᠰᠤᠭ ᠠᠯᠠᠱᠠ | | ᠤᠷᠭᠤᠭ᠎ᠠ | ᠪᠤᠯᠤᠩ ᠨᠡᠭᠡᠭᠡᠬᠦ ᠦᠭᠡ᠄ | | 2024 ᠣᠨ ᠪᠣᠯ ᠪᠦᠭᠦᠳᠠ ᠨᠠᠶᠢᠷᠠᠮᠳᠠᠬᠤ ᠳᠤᠮᠳᠠᠳᠤ ᠠᠷᠠᠳ ᠤᠯᠤᠰ ᠪᠠᠶᠢᠭᠤᠯᠤᠭᠳᠠᠭᠰᠠᠨ 75 | ᠵᠢᠯ ᠤᠨ ᠤᠢ ᠪᠣᠯᠣᠨ᠎ᠠ᠃ ᠮᠠᠨ ᠤ ᠰᠣᠨᠢᠨ ᠡᠨᠡ ᠡᠳᠦᠷ ᠠᠴᠠ ᠡᠬᠢᠯᠡᠨ ︽ᠳᠡᠷᠭᠡᠳᠡᠬᠢ ᠬᠤᠪᠢᠷᠠᠯᠲᠠ ᠪᠠᠨ ᠬᠠᠷᠠᠬᠤᠢ | ︾ ᠪᠤᠯᠤᠩ ᠨᠡᠭᠡᠭᠡᠵᠦ᠂ ᠠᠯᠠᠱᠠ ᠠᠶᠢᠮᠠᠭ ᠤᠨ ᠳᠡᠭᠡᠳᠦ ᠳᠣᠣᠷᠠᠳᠤ ᠱᠠᠲᠤ ᠪᠠᠷ ᠢᠶᠠᠨ ᠰᠢ ᠶᠢᠨ ᠫᠢᠩ ᠤᠨ ᠰᠢᠨ᠎ᠡ | ᠴᠠᠭ ᠦᠶ᠎ᠡ ᠶᠢᠨ ᠲᠤᠮᠳᠠᠲᠦ ᠤᠯᠤᠰ ᠤᠨ ᠣᠨᠴᠠᠯᠢᠭ ᠲᠠᠢ ᠨᠡᠶᠢᠭᠡᠮ ᠵᠢᠷᠤᠮ ᠤᠨ ᠦᠵᠡᠯ ᠰᠠᠨᠠᠭ᠎ᠠ᠂ ᠶᠡᠷᠦᠩᠬᠡᠢ | ᠱᠦᠵᠢ ᠰᠢ ᠶᠢᠨ ᠫᠢᠩ ᠤᠨ ᠥᠪᠥᠷ ᠮᠣᠩᠭᠤᠯ ᠳᠤ ᠲᠠᠯᠪᠢᠭᠰᠠᠨ ᠴᠢᠬᠤᠯᠠ ᠵᠢᠭᠠᠪᠤᠷᠢ ᠶᠢᠨ ᠵᠣᠷᠢᠭ ᠰᠠᠨᠠᠭ᠎ᠠ ᠶᠢ | ᠭᠦᠨᠵᠡᠭᠡᠢ ᠰᠤᠷᠤᠯᠴᠠᠠ ᠲᠤᠭᠤᠰᠢᠯᠠᠭᠤᠯᠵᠤ᠂ ᠠᠵᠤ ᠠᠬᠤᠢ ᠨᠡᠶᠢᠭᠡᠮ ᠤᠨ ᠡᠯ᠎ᠡ ᠠᠵᠢᠯ ᠳᠦᠷᠦᠯ ᠤᠨ ᠬᠦᠷᠢᠶᠡᠨ ᠳᠤ | ᠣᠯᠣᠭᠰᠠᠨ ᠠᠮᠵᠢᠯᠲᠠ ᠪᠦᠳᠦᠮᠵᠢ ᠶᠢ ᠤᠯᠠᠠ ᠬᠠᠷᠠᠭᠠᠰᠤ ᠠᠴᠠ ᠭᠦᠨᠵᠡᠭᠡᠢ ᠰᠤᠷᠪᠤᠯᠵᠢᠯᠠᠨ ᠮᠡᠳᠡᠭᠡᠯᠡᠵᠦ᠂ 75 ᠵᠢᠯ | ᠤᠨ ᠲᠤᠷᠰᠢᠬᠢ᠂ ᠣᠨᠴᠠᠭᠠᠶᠢᠯᠠᠨ ᠨᠠᠮ ᠤᠨ ᠠᠷᠪᠠᠨ ᠨᠠᠢᠮᠠᠳᠤᠭᠠᠷ ᠶᠡᠭᠡ ᠬᠤᠷᠠᠯ ᠠᠴᠠ ᠨᠠᠭᠠᠰᠢᠬᠢ ᠠᠤᠭ᠎ᠠ ᠶᠡᠭᠡ | ᠬᠤᠪᠢᠷᠠᠯᠲᠠ ᠬᠥᠭᠵᠢᠯᠲᠡ ᠶᠢ ᠳᠡᠯᠭᠡᠨ ᠬᠠᠷᠠᠭᠤᠯᠬᠤ ᠪᠠᠷ ᠪᠣᠯᠣᠯ᠎ᠠ᠃ ᠠᠩᠬᠠᠷᠤᠨ ᠤᠩᠰᠢᠮᠤ︕ | ᠣᠶᠢᠷ᠎ᠠ ᠶᠢᠨ ᠵᠢᠯ ᠤᠳ ᠠᠴᠠ᠂ ᠠᠯᠠᠱᠠ ᠠᠶᠢᠮᠠᠭ ᠠᠮᠢ ᠠᠬᠤᠢ ᠶᠢᠨ ᠣᠷᠴᠢᠨ ᠲᠣᠭᠤᠷᠢᠨ ᠤ | ᠬᠠᠮᠠᠭᠠᠯᠠᠯᠲᠠ ᠳᠤ ᠬᠤᠯᠪᠣᠭᠳᠠᠬᠤ ᠠᠯᠢ ᠤᠯᠠᠨ ᠬᠠᠲᠠᠭᠤ ᠲᠦᠷᠦ ᠶᠢᠨ ᠪᠣᠳᠣᠯᠭ᠎ᠠ ᠶᠢ ᠬᠡᠷᠡᠭᠵᠢᠭᠦᠯᠦᠭᠰᠡᠨ ᠠᠴᠠ | ᠠᠯᠠᠱᠠ ᠠᠶᠢᠮᠠᠭ ᠤᠨ ᠠᠮᠢ ᠠᠬᠤᠢ ᠶᠢᠨ ᠣᠷᠴᠢᠨ ᠲᠣᠭᠤᠷᠢᠨ ᠲᠡᠭᠷᠢ ᠭᠠᠵᠠᠷ ᠤᠨ ᠬᠤᠪᠢᠷᠠᠯᠲᠠ ᠲᠠᠢ ᠪᠣᠯᠤᠭᠰᠠᠨ | ᠮᠥᠷᠲᠡᠭᠡᠨ ᠠᠵᠤ ᠠᠬᠤᠢ ᠶᠢᠨ ᠦᠷ᠎ᠡ ᠠᠰᠢᠭ ᠢ ᠴᠤ ᠡᠭᠦᠳᠦᠭᠰᠡᠨ ᠪᠠᠶᠢᠨ᠎ᠠ᠃ ᠨᠢᠳᠦ ᠲᠠᠯᠪᠢᠨ ᠠᠵᠢᠭᠯᠠᠪᠠᠯ᠂ | ᠠᠯᠠᠱᠠ ᠠᠭᠤᠯᠠ ᠶᠢᠨ ᠠᠮᠢᠳᠠᠨ ᠤᠷᠭᠤᠮᠠᠯ᠂ ᠬᠤᠳᠠ ᠶᠢᠨ ᠲᠡᠭᠦᠷᠭᠡ ᠶᠢᠨ ᠴᠡᠴᠡᠷᠯᠢᠭ ᠠᠴᠠ ᠥᠭᠰᠥᠭᠦᠯᠦᠨ | ᠰᠠᠭᠤᠭᠠᠯᠢ ᠠᠷᠠᠳ ᠤᠨ ᠬᠤᠷᠢᠶᠠᠯᠠᠯ ᠤᠳ ᠢᠶᠠᠷ ᠴᠤ ᠰᠢᠨ᠎ᠡ ᠠᠮᠢᠵᠢᠷᠠᠯ ᠤᠨ ᠬᠦᠴᠦᠨ ᠪᠢᠯᠬᠠᠵᠤ᠂ ᠠᠮᠢ ᠠᠬᠤᠢ | ᠰᠡᠷᠭᠦᠭᠰᠡᠨ ᠪᠣᠳᠠᠲᠤ ᠭᠡᠷᠡᠴᠢᠯᠡᠯ ᠪᠣᠯᠤᠭᠰᠠᠨ ᠪᠠᠶᠢᠨ᠎ᠠ᠃ | ᠪᠠᠶᠠᠨᠬᠤᠲᠠ ᠵᠢᠯ ᠳᠤ ᠨᠢᠭᠡ ᠤᠳᠠᠭ᠎ᠠ ᠬᠤᠪᠢᠷᠠᠯᠲᠠ ᠲᠠᠢ ᠮᠥᠷᠲᠡᠭᠡᠨ ᠨᠣᠭᠤᠭᠠᠷᠠᠭᠤᠯᠤᠯᠲᠠ ᠶᠢᠨ | ᠲᠦᠷᠦᠯ ᠵᠦᠢᠯ ᠣᠯᠠᠰᠢᠷᠠᠵᠤ᠂ ᠠᠭᠤᠷ ᠠᠮᠢᠰᠬᠤᠯ ᠰᠠᠶᠢᠵᠢᠷᠠᠨ᠂ ᠬᠥᠮᠥᠰ ᠤᠨ ᠬᠡᠪ ᠴᠢᠨᠠᠷ ᠳᠡᠭᠡᠭᠰᠢᠯᠡᠭᠰᠡᠨ ᠨᠢ | ᠮᠡᠳᠡᠭᠡᠵᠢ᠃ ᠪᠠᠶᠠᠨᠬᠤᠲᠠ ᠳᠤ 50 ᠭᠠᠷᠤᠢ ᠵᠢᠯ ᠰᠠᠭᠤᠷᠢᠰᠢᠭᠰᠠᠨ ᠰᠠᠭᠤᠭᠠᠯᠢ ᠠᠷᠠᠳ ᠨᠠᠰᠤᠨ ᠠᠮᠢ ᠠᠬᠤᠢ ᠶᠢᠨ | ᠬᠤᠪᠢᠷᠠᠯᠲᠠ ᠶᠢᠨ ᠲᠤᠬᠠᠢ᠂ ᠤᠤᠯ ᠳᠠᠭᠠᠨ ᠬᠡᠳᠦᠶᠢᠪᠡᠷ ᠵᠢᠯ ᠪᠣᠯᠭᠠᠨ ᠨᠣᠭᠤᠭᠠᠷᠠᠭᠤᠯᠤᠯᠲᠠ ᠬᠢᠵᠦ ᠪᠠᠶᠢᠪᠠᠴᠤ | ᠠᠷᠠᠴᠢᠯᠠᠯᠲᠠ ᠬᠠᠮᠠᠭᠠᠯᠠᠯᠲᠠ ᠶᠢᠨ ᠲᠠᠯ᠎ᠠ ᠪᠠᠷ ᠳᠤᠲᠠᠮᠠᠭ ᠪᠠᠶᠢᠵᠠᠢ᠂ ᠵᠢᠱᠢᠶᠡᠯᠡᠪᠡᠯ᠂ ᠥᠩᠭᠡᠷᠡᠭᠰᠡᠨ ᠳᠤ | ᠨᠣᠭᠤᠭᠠᠷᠠᠭᠤᠯᠤᠯᠲᠠ ᠶᠢᠨ ᠪᠦᠰᠡ ᠪᠠᠷ ᠬᠤᠭ ᠨᠣᠪᠰᠢ ᠳᠦᠭᠦᠷᠴᠦ᠂ ᠭᠤᠶᠣ ᠰᠠᠶᠢᠬᠠᠨ ᠦᠵᠡᠮᠵᠢ ᠲᠠᠢ ᠣᠬᠲᠣ | ᠨᠡᠶᠢᠴᠡᠬᠦ ᠦᠭᠡᠢ ᠪᠠᠶᠢᠯ᠎ᠠ᠂ ᠣᠲᠣ ᠣᠯᠵᠤ ᠬᠠᠷᠠᠭᠳᠠᠬᠤ ᠨᠢ ᠪᠦᠷ ᠬᠤᠸᠠᠷ ᠴᠡᠴᠡᠭ᠂ ᠡᠪᠡᠰᠦ ᠮᠣᠳᠣ | ᠨᠣᠭᠤᠭᠠᠷᠠᠭᠰᠠᠨ ᠴᠡᠪᠡᠷ ᠴᠡᠮᠴᠡᠭᠡᠷ ᠵᠡᠭᠡᠯᠢ ᠭᠤᠳᠤᠮᠵᠢ ᠪᠣᠯᠣᠨ᠎ᠠ᠂ ᠭᠡᠷ ᠤᠨ ᠣᠶᠢᠷ᠎ᠠ ᠬᠠᠪᠢ ᠳᠠᠬᠢ ᠴᠡᠴᠡᠷᠯᠢᠭ ᠢᠶᠠᠷ | ᠬᠦᠷᠴᠦ ᠵᠤᠭᠠᠯᠠᠬᠤ ᠪᠤᠶᠤ ᠪᠡᠶ᠎ᠡ ᠮᠠᠬᠠᠪᠤᠳ ᠢᠶᠠᠨ ᠪᠣᠯᠪᠠᠰᠤᠷᠠᠬᠤ ᠳᠤ ᠴᠤ ᠲᠦᠭᠦᠮ ᠪᠣᠯᠵᠤ᠂ ᠰᠡᠳᠬᠢᠯ ᠳᠤ ᠲᠤᠩ | ᠲᠠᠭᠠᠯᠠᠮᠵᠢᠲᠠᠢ ᠰᠠᠨᠠᠭᠳᠠᠳᠠᠭ ᠭᠡᠵᠦ ᠪᠠᠶᠢᠯ᠎ᠠ᠃ | ᠪᠠᠶᠠᠨᠬᠤᠲᠠ ᠠᠯᠠᠱᠠ ᠠᠶᠢᠮᠠᠭ ᠤᠨ ᠲᠥᠪ ᠪᠣᠯᠤᠭᠰᠠᠨ ᠤ ᠬᠤᠪᠢ ᠳᠤ᠂ ᠠᠯᠠᠱᠠ ᠠᠶᠢᠮᠠᠭ ᠬᠤᠲᠠ | ᠪᠠᠯᠭᠠᠰᠤᠨ ᠤ ᠴᠡᠴᠡᠷᠯᠢᠭ ᠤᠨ ᠨᠣᠭᠤᠭᠠᠷᠠᠭᠤᠯᠤᠯᠲᠠ ᠶᠢ ᠢᠮᠠᠭᠲᠠ ᠬᠤᠲᠠ ᠶᠢᠨ ᠬᠥᠭᠵᠢᠯᠲᠡ ᠶᠢᠨ ᠲᠣᠪᠣᠶᠢᠮ᠎ᠠ | ᠪᠠᠶᠢᠷᠢᠨ ᠳᠤ ᠲᠠᠯᠪᠢᠵᠤ᠂ ᠪᠦᠭᠦ ᠬᠦᠷᠢᠶ᠎ᠡ ᠴᠠᠷᠠᠭ᠎ᠠ ᠶᠢ ᠬᠠᠮᠤᠷᠤᠭᠰᠠᠨ ᠨᠣᠭᠤᠭᠠᠷᠠᠭᠤᠯᠤᠯᠲᠠ ᠶᠢᠨ ᠡᠬᠢ ᠪᠠᠶᠠᠯᠢᠭ ᠢ | ᠬᠠᠮᠠᠭᠠᠯᠠᠨ ᠬᠥᠭᠵᠢᠭᠦᠯᠬᠦ ᠣᠷᠳᠣ ᠬᠤᠭᠤᠴᠠᠭᠠᠨ ᠤ ᠪᠦᠲᠦᠮᠵᠢᠲᠡᠶ ᠲᠣᠭᠲᠠᠴᠠ ᠶᠢ ᠪᠠᠶᠢᠭᠤᠯᠤᠨ᠂ ᠨᠠᠩ ᠭᠤᠶᠢᠳᠠ | ᠰᠠᠶᠢᠬᠠᠨ᠂ ᠨᠠᠩ ᠲᠠᠭᠠᠯᠠᠮᠵᠢᠲᠠᠢ ᠣᠷᠣᠰᠢᠨ ᠰᠠᠭᠤᠬᠤ ᠣᠷᠴᠢᠨ ᠲᠣᠭᠤᠷᠢᠨ ᠢ ᠬᠦᠴᠦᠯᠡᠨ ᠪᠤᠶ ᠪᠤᠯᠭᠠᠵᠤ᠂ ᠣᠯᠠᠨ | ᠲᠦᠮᠡᠨ ᠤ ᠬᠦᠷᠲᠡᠮᠵᠢ ᠶᠢᠨ ᠲᠥᠷᠥᠭᠳᠡᠯ᠂ ᠵᠣᠯ ᠵᠢᠷᠭᠠᠯᠲᠤ ᠲᠥᠷᠥᠭᠳᠡᠯ ᠢ ᠲᠠᠰᠤᠷᠠᠯᠲᠠ ᠦᠭᠡᠢ ᠨᠡᠮᠡᠭᠳᠡᠭᠦᠯᠦᠭᠰᠡᠭᠡᠷ | ᠢᠷᠡᠵᠠᠢ᠃ ᠲᠤᠭ᠎ᠠ ᠪᠠᠷᠢᠮᠲᠠ ᠳᠤ ᠬᠠᠷᠠᠭᠤᠯᠤᠭᠰᠠᠨ ᠢᠶᠠᠷ᠂ ᠠᠷᠪᠠᠨ ᠭᠤᠷᠪᠠᠳᠤᠭᠠᠷ ᠲᠠᠪᠤᠨ ᠵᠢᠯ ᠤᠨ ᠰᠡᠭᠦᠯᠴᠢ | ᠪᠤᠯᠲᠠᠯ᠎ᠠ᠂ ᠠᠯᠠᠱᠠ ᠵᠡᠭᠦᠨ ᠬᠤᠰᠢᠭᠤᠨ ᠤ ᠪᠠᠶᠢᠭᠤᠯᠤᠭᠰᠠᠨ ᠴᠡᠴᠡᠷᠯᠢᠭ ᠤᠨ ᠲᠠᠯᠠᠪᠠᠢ 449.92 ᠾᠧᠺᠲ᠋ᠠᠷ ᠲᠤ | ᠬᠦᠷᠴᠦ᠂ ᠡᠯ᠎ᠡ ᠲᠦᠷᠦᠯ ᠤᠨ ᠴᠡᠴᠡᠷᠯᠢᠭ ᠪᠠ ᠰᠡᠯᠡᠭᠦᠴᠡᠯ ᠵᠤᠭᠠᠴᠠᠯ ᠤᠨ ᠬᠦᠷᠢᠶᠡᠯᠡᠩ ᠢ 24 ᠪᠠᠶᠢᠭᠤᠯᠤᠨ᠂ | ᠪᠠᠶᠠᠨᠬᠤᠲᠠ ᠶᠢᠨ ᠬᠥᠮᠥᠨ ᠳᠤᠮᠳᠠᠴᠢ ᠶᠢᠨ ᠨᠣᠭᠤᠭᠠᠷᠠᠭᠤᠯᠤᠭᠰᠠᠨ ᠭᠠᠵᠠᠷ ᠤᠨ ᠲᠠᠯᠠᠪᠠᠢ 44.1 ᠲᠡᠭᠰᠢ | ᠳᠥᠷᠪᠡᠯᠵᠢᠨ ᠮᠧᠲᠷ ᠲᠤ ᠭᠦᠷᠦᠭᠰᠡᠨ ᠪᠠᠶᠢᠨ᠎ᠠ᠃ | ᠠᠯᠠᠱᠠ ᠠᠭᠤᠯᠠ ᠶᠢᠨ ᠬᠠᠮᠠᠭᠠᠯᠠᠯᠲᠠ ᠶᠢᠨ ᠣᠷᠣᠨ ᠤ ᠤᠢ ᠰᠢᠭᠤᠢ ᠶᠢᠨ ᠬᠠᠮᠠᠭᠠᠯᠠᠭᠴᠢ ᠯᠢ ᠳ᠋ᠦᠩ | 37 ᠵᠢᠯ ᠤᠢ ᠬᠠᠮᠠᠭᠠᠯᠠᠬᠤ ᠠᠵᠢᠯ ᠢ ᠡᠭᠦᠷᠭᠡᠯᠡᠵᠦ᠂ ᠤᠢ ᠰᠢᠭᠤᠢ ᠪᠠᠷ ᠪᠠᠷᠤᠭ 4 ᠲᠦᠮᠡᠨ ᠺᠢᠯᠣᠮᠧᠲᠷ ᠶᠠᠪᠠᠭᠠᠨ | ᠶᠠᠪᠤᠵᠤ ᠠᠭᠤᠯᠠ ᠬᠠᠮᠠᠭᠠᠯᠠᠭᠰᠠᠨ ᠪᠢᠯᠡ᠃ ᠲᠡᠭᠦᠨ ᠤ ᠬᠠᠭᠤᠴᠢᠯᠠᠬᠤ ᠪᠠᠷ᠂ ᠠᠯᠠᠱᠠ ᠠᠭᠤᠯᠠ ᠶᠢᠨ | ᠬᠠᠮᠠᠭᠠᠯᠠᠯᠲᠠ ᠶᠢᠨ ᠣᠷᠣᠨ ᠪᠣᠯ ᠤᠤᠯ ᠳᠠᠭᠠᠨ ᠣᠶ ᠰᠢᠭᠤᠢ ᠶᠢᠨ ᠲᠠᠯᠠᠪᠠᠶ ᠪᠠᠶᠢᠭᠰᠠᠨ ᠶᠤᠮ᠂ 1992 ᠣᠨ ᠳᠤ | ᠠᠯᠠᠱᠠ ᠠᠭᠤᠯᠠ ᠶᠢᠨ ᠬᠠᠮᠠᠭᠠᠯᠠᠯᠲᠠ ᠶᠢᠨ ᠣᠷᠣᠨ ᠪᠠᠶᠢᠭᠤᠯᠤᠭᠳᠠᠭᠰᠠᠨ ᠠᠴᠠ ᠨᠠᠭᠠᠰᠢ᠂ ᠡᠬᠢ ᠪᠠᠶᠠᠯᠢᠭ ᠤᠨ | ᠬᠠᠮᠢᠶᠠᠷᠤᠯᠲᠠ᠂ ᠣᠶ ᠰᠢᠭᠤᠢ ᠶᠢᠨ ᠲᠦᠢᠮᠡᠷ ᠢ ᠰᠡᠷᠭᠡᠶᠢᠯᠡᠬᠦ᠂ ᠬᠡᠭᠡᠷ᠎ᠡ ᠶᠢᠨ ᠠᠮᠢᠲᠠᠨ ᠤᠷᠭᠤᠮᠠᠯ ᠤᠨ ᠬᠠᠮᠠᠭᠠᠯᠠᠯᠲᠠ | ᠵᠢᠴᠢ ᠰᠢᠨᠵᠢᠯᠡᠬᠦ ᠤᠬᠠᠭᠠᠨ ᠤ ᠰᠤᠳᠤᠯᠭᠠᠨ ᠤ ᠬᠢᠨᠠᠨ ᠬᠡᠮᠵᠢᠯᠲᠡ ᠵᠡᠷᠭᠡ ᠭᠤᠣᠯᠳᠠᠯᠭ᠎ᠠ ᠲᠠᠢ ᠠᠵᠢᠯ ᠢᠶᠠᠷ ᠭᠠᠷᠳᠠᠴᠠ | ᠪᠤᠯᠭᠠᠵᠤ᠂ ᠬᠡᠭᠡᠷ᠎ᠡ ᠶᠢᠨ ᠠᠮᠢᠲᠠᠨ ᠤᠷᠭᠤᠮᠠᠯ ᠤᠨ ᠡᠬᠢ ᠪᠠᠶᠠᠯᠢᠭ ᠵᠢᠴᠢ ᠣᠷᠣᠰᠢᠨ ᠠᠮᠢᠳᠤᠷᠠᠬᠤ ᠣᠷᠴᠢᠨ | ᠲᠣᠭᠤᠷᠢᠨ ᠢ ᠬᠠᠮᠤᠭ ᠶᠡᠭᠡ ᠬᠡᠮᠵᠢᠶ᠎ᠡ ᠪᠠᠷ ᠬᠠᠮᠠᠭᠠᠯᠠᠨ᠂ ᠣᠶ ᠰᠢᠭᠤᠢ ᠶᠢᠨ ᠠᠮᠢ ᠠᠬᠤᠢ ᠶᠢᠨ ᠰᠢᠰᠲ᠋ᠧᠮ ᠤᠨ | ᠲᠡᠩᠴᠡᠭᠦᠷᠢ ᠶᠢ ᠪᠠᠲᠤᠯᠠᠵᠤ᠂ ᠪᠠᠶᠢᠭᠠᠯᠢ ᠶᠢᠨ ᠠᠮᠢ ᠠᠬᠤᠢ ᠶᠢᠨ ᠰᠢᠰᠲ᠋ᠧᠮ ᠤᠨ ᠤᠭ ᠴᠢᠨᠠᠷ᠂ ᠪᠦᠷᠢᠨ ᠪᠦᠲᠦᠨ | ᠴᠢᠨᠠᠷ ᠢ ᠪᠠᠲᠤᠯᠠᠭᠰᠠᠨ ᠪᠠᠶᠢᠨ᠎ᠠ᠃ ᠲᠡᠷᠡ᠂ ᠣᠶᠢᠷ᠎ᠠ ᠶᠢᠨ ᠵᠢᠯ ᠠᠴᠠ ᠨᠠᠭᠠᠰᠢ᠂ ᠠᠯᠠᠱᠠ ᠠᠭᠤᠯᠠ ᠶᠢᠨ ᠮᠠᠯᠵᠢᠬᠤ ᠶᠢ | ᠵᠣᠭᠰᠣᠭᠠᠵᠤ ᠣᠶ ᠰᠢᠭᠤᠢ ᠶᠢ ᠰᠡᠷᠭᠦᠭᠡᠬᠦ᠂ ᠠᠮᠢ ᠠᠬᠤᠢ ᠶᠢᠨ ᠣᠷᠴᠢᠨ ᠨᠥᠬᠦᠴᠡᠯ ᠢ ᠶᠡᠷᠦᠩᠬᠡᠶᠢᠯᠡᠨ ᠴᠡᠭᠴᠡᠯᠡᠨ | ᠵᠠᠰᠠᠭᠰᠠᠨ ᠰᠠᠭᠤᠷᠢᠨ ᠳᠡᠭᠡᠷ᠎ᠡ᠂ ᠪᠢᠳᠡ ᠠᠯᠠᠱᠠ ᠠᠭᠤᠯᠠ ᠶᠢᠨ ᠬᠤᠪᠣᠷ ᠴᠤᠬᠠᠭ ᠮᠥᠬᠦᠬᠦ ᠰᠢᠬᠠᠭᠰᠠᠨ ᠠᠮᠢᠲᠠᠨ | ᠤᠷᠭᠤᠮᠠᠯ ᠤᠨ ᠡᠬᠢ ᠪᠠᠶᠠᠯᠢᠭ᠂ ᠠᠮᠢᠳᠤ ᠪᠣᠳᠠᠰ ᠤᠨ ᠣᠯᠠᠨ ᠶᠠᠩᠵᠤᠲᠤ ᠴᠢᠨᠠᠷ ᠢ ᠬᠠᠮᠠᠭᠠᠯᠠᠬᠤ ᠵᠡᠷᠭᠡ ᠠᠵᠢᠯ ᠢ | ᠲᠠᠰᠤᠷᠠᠯᠲᠠ ᠦᠭᠡᠢ ᠴᠢᠩᠭᠠᠳᠬᠠᠵᠤ᠂ ᠠᠯᠠᠱᠠ ᠠᠭᠤᠯᠠ ᠶᠢᠨ ᠠᠮᠢ ᠠᠬᠤᠢ ᠶᠢᠨ ᠣᠷᠴᠢᠨ ᠲᠣᠭᠤᠷᠢᠨ ᠢ ᠶᠡᠭᠡ ᠪᠠᠷ | ᠰᠡᠷᠭᠦᠭᠡᠵᠦ ᠪᠣᠳᠠᠲᠤ ᠠᠮᠵᠢᠯᠲᠠ ᠣᠯᠣᠭᠰᠠᠨ ᠪᠠᠶᠢᠨ᠎ᠠ ᠭᠡᠵᠦ ᠪᠠᠶᠢᠯ᠎ᠠ᠃ | ᠥᠨᠥᠳᠥᠷ ᠤᠨ ᠠᠯᠠᠱᠠ ᠠᠭᠤᠯᠠᠨ ᠳᠤ᠂ ᠣᠶ ᠰᠢᠭᠤᠢ ᠶᠢᠨ ᠲᠠᠯᠠᠪᠠᠶ ᠥᠩᠭᠡᠷᠡᠭᠰᠡᠨ ᠤ 32.14 | ᠲᠦᠮᠡᠨ ᠮᠦ ᠪᠠᠶᠢᠭᠰᠠᠨ ᠠᠴᠠ ᠪᠠᠨ ᠨᠡᠮᠡᠭᠳᠡᠭᠡᠳ 58.2 ᠲᠦᠮᠡᠨ ᠮᠦ ᠪᠣᠯᠵᠤ᠂ ᠣᠶ ᠰᠢᠭᠤᠢ ᠶᠢᠨ ᠪᠦᠷᠬᠦᠴᠡ ᠶᠢᠨ | ᠨᠣᠷᠮ᠎ᠠ 31.6% ᠪᠠᠶᠢᠭᠰᠠᠨ ᠠᠴᠠ ᠪᠠᠨ ᠳᠡᠭᠡᠭᠰᠢᠯᠡᠭᠡᠳ 57.3% ᠪᠣᠯᠵᠠᠢ᠃ ᠪᠦᠷᠢᠳᠬᠡᠯ ᠢ ᠦᠨᠳᠦᠰᠦᠯᠡᠪᠡᠯ᠂ | ᠠᠯᠠᠱᠠ ᠠᠭᠤᠯᠠ ᠶᠢᠨ ᠬᠠᠮᠠᠭᠠᠯᠠᠯᠲᠠ ᠶᠢᠨ ᠣᠷᠣᠨ ᠳᠤ 352 ᠵᠦᠢᠯ ᠤᠨ ᠵᠡᠷᠯᠢᠭ ᠠᠮᠢᠲᠠᠨ ᠪᠤᠶ᠂ ᠡᠭᠦᠨ ᠳᠤ | ᠴᠠᠭᠠᠨ ᠢᠷᠪᠢᠰ᠂ ᠬᠦᠳᠡᠷᠢ᠂ ᠬᠠᠷ᠎ᠠ ᠥᠷᠪᠢ ᠵᠡᠷᠭᠡ ᠤᠯᠤᠰ ᠤᠨ ᠨᠢᠭᠡᠳᠦᠭᠡᠷ ᠳᠡᠰ ᠤᠨ ᠭᠤᠣᠯᠳᠠᠯᠭ᠎ᠠ ᠲᠠᠢ | ᠬᠠᠮᠠᠭᠠᠯᠠᠯᠲᠠ ᠶᠢᠨ ᠠᠮᠢᠲᠠᠨ ᠮᠤᠩ ᠦᠭᠡᠢ ᠣᠯᠠᠨ᠃ 788 ᠵᠦᠢᠯ ᠤᠨ ᠬᠡᠭᠡᠷ᠎ᠡ ᠶᠢᠨ ᠤᠷᠭᠤᠮᠠᠯ ᠪᠤᠶ᠂ ᠡᠭᠦᠨ ᠳᠤ | ᠭᠠᠵᠠᠷ ᠤᠨ ᠦᠰᠦ ᠵᠡᠷᠭᠡ ᠤᠯᠤᠰ ᠤᠨ ᠨᠢᠭᠡᠳᠦᠭᠡᠷ ᠳᠡᠰ ᠤᠨ ᠭᠤᠣᠯᠳᠠᠯᠭ᠎ᠠ ᠲᠠᠢ ᠬᠠᠮᠠᠭᠠᠯᠠᠯᠲᠠ ᠶᠢᠨ ᠤᠷᠭᠤᠮᠠᠯ | 180 ᠭᠠᠷᠤᠢ ᠵᠦᠢᠯ ᠪᠤᠢ᠃ ᠡᠭᠦᠨ ᠠᠴᠠ ᠭᠠᠳᠠᠨ᠎ᠠ 1914 ᠵᠦᠢᠯ ᠤᠨ ᠰᠢᠪᠠᠵᠢ ᠪᠠ 262 ᠵᠦᠢᠯ ᠤᠨ ᠮᠦᠭᠦ | ᠲᠠᠢ ᠪᠣᠯᠵᠤ᠂ ᠨᠡᠩ ᠴᠤ ᠤᠰᠠᠳᠬᠤ ᠰᠢᠬᠠᠭᠰᠠᠨ ᠵᠠᠷᠢᠮ ᠲᠦᠷᠦᠯ ᠤᠨ ᠠᠮᠢᠳᠠᠨ ᠤᠷᠭᠤᠮᠠᠯ ᠠᠯᠠᠱᠠ ᠠᠭᠤᠯᠠᠨ ᠳᠤ | ᠳᠠᠬᠢᠨᠲᠠ ᠠᠮᠢᠯᠠᠵᠤ ᠰᠡᠷᠭᠦᠭᠰᠡᠨ ᠪᠠᠶᠢᠨ᠎ᠠ᠃ | | | ᠤᠮᠠᠷᠠᠲᠤ ᠬᠢᠯᠢ ᠶᠢᠨ ᠰᠣᠶᠣᠯ ᠊᠊᠊᠊ ᠳᠡᠯᠡᠬᠡᠢ ᠶᠢᠨ ᠪᠠᠶᠢᠭᠠᠯᠢ ᠶᠢᠨ ᠥᠪ ᠪᠠᠳᠠᠢ ᠶᠢᠨ ᠵᠢᠷᠠᠨ | | | ᠪᠠᠳᠠᠢ ᠶᠢᠨ ᠵᠢᠷᠠᠨ ᠡᠯᠡᠰᠦ ᠪᠣᠯ ᠳᠡᠯᠡᠬᠡᠢ ᠶᠢᠨ ᠭᠤᠷᠪᠠᠳᠤᠭᠠᠷ ᠲᠣᠮᠣ ᠡᠯᠡᠰᠦ ᠮᠠᠩᠬ᠎ᠠ ᠪᠠᠶᠢᠵᠤ᠂ | ᠶᠡᠷᠦᠩᠬᠡᠢ ᠳᠠᠯᠠᠪᠠᠢ ᠨᠢ 4.92 ᠲᠦᠮᠡᠨ ᠬᠠᠪᠲᠠᠭᠠᠢ ᠳᠥᠷᠪᠡᠯᠵᠢᠨ ᠺᠢᠯᠣᠮᠧᠲᠷ ᠪᠠᠶᠢᠳᠠᠭ᠃ ᠪᠠᠳᠠᠢ ᠶᠢᠨ ᠵᠢᠷᠠᠨ | ᠡᠯᠡᠰᠦ ᠨᠢ ᠡᠯᠡᠰᠦᠨ ᠴᠣᠬᠢᠶ᠎ᠠ᠂ ᠪᠦᠷᠢᠶ᠎ᠡ ᠮᠠᠩᠬ᠎ᠠ᠂ ᠨᠠᠭᠤᠷ ᠵᠢᠷᠠᠨ᠂ ᠬᠤᠪᠢᠯᠭᠠᠨ ᠪᠤᠯᠠᠭ᠂ ᠡᠷᠲᠡᠨ ᠤ ᠰᠦᠮ᠎ᠡ | ᠵᠡᠷᠭᠡ ᠲᠠᠪᠤᠨ ᠶᠡᠭᠡ ᠭᠠᠶᠢᠬᠠᠮᠰᠢᠭ ᠲᠠᠢ᠃ | ᠳᠡᠯᠡᠬᠡᠢ ᠳᠡᠭᠡᠷ᠎ᠡ ᠬᠠᠮᠤᠭ ᠥᠨᠳᠥᠷ ᠡᠯᠡᠰᠦ ᠮᠠᠩᠬ᠎ᠠ ᠬᠡᠮᠡᠭᠳᠡᠭᠰᠡᠨ ᠪᠠᠳᠠᠢ ᠶᠢᠨ ᠵᠢᠷᠠᠨ ᠡᠯᠡᠰᠦᠨ ᠳᠤ | ᠥᠷᠯᠥᠭᠡᠨ ᠤ ᠦᠦᠷ ᠤᠨ ᠲᠤᠶᠠᠭ᠎ᠠ ᠲᠤᠰᠬᠤ ᠲᠠᠢ ᠵᠡᠷᠭᠡ ᠥᠷᠭᠦᠯᠵᠢᠯᠡᠭᠰᠡᠡ ᠡᠯᠡᠰᠦᠨ ᠴᠤᠭᠢᠶᠠᠳ ᠨᠢ ᠨᠣᠶᠢᠷᠰᠤᠵᠤ | ᠪᠠᠶᠢᠭ᠎ᠠ ᠠᠪᠤᠷᠭᠤ ᠯᠤᠤ ᠮᠡᠲᠦ ᠮᠤᠷᠤᠯᠵᠠᠨ ᠰᠤᠨᠤᠯᠵᠠᠵᠤ᠂ ᠬᠤᠩᠭᠤᠷ ᠰᠠᠯᠬᠢᠨ ᠢ ᠡᠯᠢᠭᠡᠨ ᠳᠡᠭᠡᠨ ᠡᠷᠬᠡᠯᠡᠭᠦᠯᠵᠦ᠂ | ᠡᠯᠡᠰᠦᠨ ᠮᠥᠬᠦᠯᠢᠭ ᠢᠶᠠᠷ ᠪᠡᠶ᠎ᠡ ᠪᠠᠨ ᠠᠷᠭᠠᠳᠠᠭᠤᠯᠵᠤ᠂ ᠡᠬᠡ ᠪᠠᠶᠢᠭᠠᠯᠢ ᠶᠢᠨ ᠵᠥᠭᠡᠯᠡᠨ ᠮᠥᠷᠳᠠᠯᠠ ᠪᠠᠨ ᠢᠳᠡ | ᠬᠦᠴᠦᠲᠦ ᠠᠮᠢᠰᠬᠤᠭ᠎ᠠ ᠶᠢ ᠮᠡᠳᠡᠷᠡᠭᠦᠯᠳᠡᠭ᠃ | ᠪᠠᠳᠠᠢ ᠶᠢᠨ ᠵᠢᠷᠠᠨ ᠪᠠᠷᠠᠭᠤᠨ ᠲᠠᠯ᠎ᠠ ᠪᠠᠷ ᠢᠶᠠᠨ ᠮᠠᠽᠦ᠋ᠩᠱᠠᠨ ᠠᠭᠤᠯᠠ᠂ ᠵᠡᠭᠦᠨ ᠲᠠᠯ᠎ᠠ ᠪᠠᠷ ᠢᠶᠠᠨ | ᠶᠠᠪᠠᠷᠠᠢ ᠠᠭᠤᠯᠠ᠂ ᠡᠮᠦᠨ᠎ᠡ ᠲᠠᠯ᠎ᠠ ᠪᠠᠷ ᠢᠶᠠᠨ ᠪᠧᠢ ᠳ᠋ᠠ ᠱᠠᠨ ᠠᠭᠤᠯᠠ᠂ ᠬᠤᠶᠢᠲᠤ ᠲᠠᠯ᠎ᠠ ᠪᠠᠷ ᠢᠶᠠᠨ ᠪᠣᠷᠣ ᠠᠭᠤᠯᠠ | ᠨᠢᠷᠤᠭᠤᠳ ᠢᠶᠠᠷ ᠬᠦᠷᠢᠶᠡᠯᠡᠭᠳᠡᠵᠦ᠂ ᠪᠦᠭᠦ ᠡᠯᠡᠰᠦ ᠨᠢ ᠪᠠᠷᠠᠭᠤᠨ ᠠᠴᠠ ᠵᠡᠭᠦᠨᠰᠢ ᠥᠨᠳᠥᠷᠵᠢᠳᠡᠭ᠃ | ᠪᠠᠳᠠᠢ ᠶᠢᠨ ᠵᠢᠷᠠᠨ ᠤ ᠲᠠᠪᠤᠨ ᠶᠡᠭᠡ ᠭᠠᠶᠢᠬᠠᠮᠰᠢᠭ ᠤᠨ ᠨᠢᠭᠡ ᠪᠤᠯᠬᠤ ᠥᠨᠳᠥᠷ ᠰᠦᠷᠯᠢᠭ ᠡᠯᠡᠰᠦᠨ | ᠴᠤᠭᠢᠶᠠᠳ ᠨᠢ ᠵᠡᠭᠦᠨᠰᠢ ᠭᠡᠷᠡᠮᠯᠡᠡ ᠬᠠᠨᠳᠤᠵᠤ ᠵᠠᠷᠢᠮ ᠨᠢ ᠬᠠᠪᠢᠷᠭᠠᠨ ᠰᠠᠷ᠎ᠠ ᠰᠢᠭ᠋ ᠡᠷᠬᠢᠮᠰᠦᠭ ᠭᠤᠸ᠎ᠠ᠂ ᠵᠠᠷᠢᠮ ᠨᠢ | ᠠᠯᠳᠠᠨ ᠰᠢᠷᠭᠠᠯ ᠰᠤᠪᠤᠷᠭ᠎ᠠ ᠮᠡᠲᠦ ᠰᠦᠷᠯᠢᠭ ᠶᠡᠬᠡᠮᠰᠦᠭ᠂ ᠡᠮᠦᠨᠡᠰᠢ ᠤᠮᠠᠷᠠᠰᠢ ᠪᠠᠨ ᠵᠠᠯᠭᠠᠯᠳᠤᠨ᠂ ᠵᠡᠭᠦᠨᠰᠢ | ᠪᠠᠷᠠᠭᠤᠨᠰᠢ ᠪᠠᠨ ᠵᠡᠷᠭᠡᠴᠡᠨ ᠥᠷᠭᠦᠯᠵᠢᠯᠡᠵᠤ᠂ ᠴᠤᠭᠢᠶᠠᠳ ᠤᠨ ᠬᠤᠭᠤᠷᠣᠨᠳᠤ ᠶᠡᠷᠦᠩᠬᠡᠢ ᠳᠡᠭᠡᠨ ᠬᠤᠶᠢᠰᠢ ᠤᠷᠤᠭᠰᠢ | ᠨᠡᠪᠲᠡᠷᠡᠬᠦ ᠠᠭᠤᠵᠢᠮ ᠵᠠᠭᠠᠭ ᠬᠥᠨᠳᠡᠢ ᠲᠠᠢ᠃ ᠡᠨᠡ ᠬᠦ ᠪᠠᠷᠲᠠᠭᠠᠲᠤ ᠡᠯᠡᠰᠦ ᠮᠠᠩᠬ᠎ᠠ ᠶᠢ ᠬᠤᠶᠢᠰᠢ ᠤᠷᠤᠭᠰᠢ | ᠲᠤᠭᠤᠯᠬᠤ ᠲᠡᠮᠡᠭᠡ ᠤᠨᠤᠭ᠎ᠠ ᠮᠠᠰᠢᠨ ᠲᠡᠷᠭᠡᠨ ᠤ ᠠᠶᠠᠨ ᠵᠠᠮ ᠨᠢ ᠡᠨᠡ ᠡᠯᠡᠰᠦᠨ ᠵᠠᠭᠠᠭ ᠬᠥᠨᠳᠡᠢ ᠪᠠᠷ ᠨᠡᠪᠲᠡᠷᠡᠳᠡᠭ᠃ | | ᠳᠡᠯᠡᠬᠡᠢ ᠶᠢᠨ ᠬᠠᠮᠤᠭ ᠤᠨ ᠥᠨᠳᠥᠷ ᠤᠷᠭᠢᠯ ᠲᠥᠪᠡᠳ ᠤᠨ ᠥᠨᠳᠦᠷᠯᠢᠭ ᠲᠤ ᠪᠠᠶᠢᠳᠠᠭ ᠪᠣᠯ ᠬᠠᠮᠤᠭ | ᠤᠨ ᠥᠨᠳᠥᠷ ᠡᠯᠡᠰᠦᠨ ᠴᠣᠬᠢᠶ᠎ᠠ ᠬᠠᠷᠢᠨ ᠪᠠᠳᠠᠢ ᠶᠢᠨ ᠵᠢᠷᠠᠨ ᠡᠯᠡᠰᠦᠨ ᠳᠤ ᠪᠤᠢ᠃ ᠳᠡᠯᠡᠬᠡᠢ ᠶᠢᠨ ᠲᠣᠮᠣ ᠡᠯᠡᠰᠦ | ᠮᠠᠩᠬ᠎ᠠ ᠪᠤᠯᠬᠤ ᠰᠠᠬᠠᠷᠠ᠂ ᠠᠷᠠᠪ᠂ ᠲᠠᠺᠠᠯᠢᠮᠡᠺᠡᠨ ᠵᠡᠷᠭᠡ ᠡᠯᠡᠰᠦ ᠮᠠᠩᠬ᠎ᠠ ᠶᠢᠨ ᠡᠷᠭᠦᠭᠳᠡᠴᠡ ᠨᠢ ᠪᠦᠷ ᠲᠡᠯᠡᠢ ᠶᠢᠨ | ᠲᠦᠪᠰᠢᠨ ᠠᠴᠠ 80 ᠮᠧᠲᠷ ᠢ ᠳᠠᠪᠠᠳᠠᠭ ᠦᠭᠡᠢ᠂ ᠭᠡᠲᠡᠯ᠎ᠡ ᠪᠠᠳᠠᠢ ᠶᠢᠨ ᠵᠢᠷᠠᠨ ᠡᠯᠡᠰᠦᠨ ᠤ ᠴᠣᠬᠢᠶ᠎ᠠ ᠨᠤᠭᠤᠳ ᠨᠢ | ᠨᠡᠶᠢᠳᠡᠮ ᠳᠡᠭᠡᠨ 200-500 ᠭᠠᠷᠤᠢ ᠮᠧᠲᠷ ᠥᠨᠳᠥᠷ ᠪᠠᠶᠢᠵᠤ᠂ ᠡᠳᠡᠭᠡᠷ ᠥᠨᠳᠥᠷ ᠡᠯᠡᠰᠦᠨ ᠴᠤᠭᠢᠶᠠᠳ ᠨᠢ | ᠪᠠᠳᠠᠢ ᠶᠢᠨ ᠵᠢᠷᠠᠨ ᠡᠯᠡᠰᠦᠨ ᠤ 70 % ᠣᠷᠴᠢᠮ ᠢ ᠡᠵᠡᠯᠡᠵᠦ ᠪᠠᠶᠢᠳᠠᠭ᠃ | ᠡᠭᠦᠨ ᠤ ᠳᠣᠲᠣᠷ᠎ᠠ ᠪᠢᠯᠡᠭᠦᠲᠦ ᠶᠢᠨ ᠤᠷᠭᠢᠯ ᠳᠠᠯᠠᠢ ᠶᠢᠨ ᠲᠦᠪᠰᠢᠨ ᠠᠴᠠ 1611.009 ᠮᠧᠲᠷ | ᠡᠷᠭᠦᠭᠳᠡᠵᠦ᠂ ᠬᠠᠷᠢᠴᠠᠩᠭᠤᠢ ᠥᠨᠳᠥᠷ ᠨᠢ 500 ᠮᠧᠲᠷ ᠪᠠᠶᠢᠳᠠᠭ ᠪᠣᠯᠬᠤᠷ ︽ᠳᠡᠯᠡᠬᠡᠢ ᠶᠢᠨ ᠡᠯᠡᠰᠦ ᠮᠠᠩᠬᠠᠨ ᠤ | ᠵᠥᠮᠦᠯᠠᠩᠮᠠ ᠤᠷᠭᠢᠯ︾ ᠬᠡᠮᠡᠭᠳᠡᠵᠦ᠂ ︽ᠪᠠᠭᠠᠲᠤᠷᠴᠤᠤᠯ ᠯᠡ ᠬᠦᠷᠴᠦ ᠴᠢᠳᠠᠬᠤ ᠭᠠᠵᠠᠷ︾ ᠭᠡᠵᠦ ᠠᠯᠳᠠᠷᠰᠢᠵᠠᠢ᠃ | | ᠪᠠᠳᠠᠢ ᠶᠢᠨ ᠵᠢᠷᠠᠨ ᠤ ᠡᠯᠡᠰᠦᠨ ᠴᠤᠭᠢᠶᠠᠳ ᠥᠨᠳᠥᠷ ᠰᠦᠷᠯᠢᠭ ᠪᠣᠯᠤᠭᠰᠠᠨ ᠤ ᠭᠤᠣᠯ ᠰᠢᠯᠲᠠᠭᠠᠨ | ᠨᠢ ᠭᠠᠵᠠᠷ ᠳᠣᠣᠷᠠᠬᠢ ᠤᠰᠤᠨ ᠤ ᠰᠤᠷᠪᠤᠯᠵᠢ ᠡᠯᠪᠡᠭ᠂ ᠨᠠᠭᠤᠷ ᠪᠦᠷᠢᠳᠦ ᠠᠷᠪᠢᠨ ᠲᠤᠯᠠ ᠠᠳᠡᠬᠢ ᠡᠯᠡᠰᠦ | ᠮᠠᠩᠬ᠎ᠠ ᠶᠢ ᠦᠨᠳᠦᠰᠦᠨ ᠳᠡᠭᠡᠨ ᠲᠠᠭᠢᠨ ᠰᠠᠷᠨᠢᠨ ᠨᠡᠭᠦᠳᠡᠯᠯᠡᠬᠦ ᠦᠭᠡᠢ ᠪᠤᠯᠭᠠᠵᠤ᠂ ᠲᠣᠭᠲᠠᠪᠤᠷᠢᠵᠢᠭᠤᠯᠤᠨ | ᠥᠨᠳᠥᠷᠵᠢᠭᠦᠯᠦᠭᠰᠡᠨ ᠪᠠᠶᠢᠨ᠎ᠠ ᠭᠡᠵᠦ ᠬᠠᠮᠢᠶ᠎ᠠ ᠪᠦᠬᠦᠢ ᠲᠤᠰᠬᠠᠢ ᠮᠡᠷᠭᠡᠵᠢᠯᠲᠡᠨ ᠮᠠᠭᠠᠳᠯᠠᠵᠤ ᠪᠤᠢ᠃ ᠨᠥᠭᠦᠭᠡ ᠨᠢᠭᠡ | ᠭᠤᠣᠯ ᠰᠢᠯᠲᠠᠭᠠᠨ ᠨᠢ ᠡᠨᠡ ᠬᠦ ᠨᠡᠯᠦᠭᠡᠷ ᠶᠡᠭᠡ ᠡᠯᠡᠰᠦ ᠮᠠᠩᠬᠠᠨ ᠤ ᠵᠡᠭᠦᠨ ᠲᠠᠯ᠎ᠠ ᠳᠤ ᠬᠥᠨᠳᠡᠯᠢᠳᠦᠨ ᠪᠠᠶᠢᠭ᠎ᠠ | ᠶᠠᠪᠠᠷᠠᠢ ᠠᠭᠤᠯᠠ ᠳᠠᠯᠠᠢ ᠶᠢᠨ ᠲᠦᠪᠰᠢᠨ ᠠᠴᠠ ᠳᠤᠮᠳᠠᠴᠢ ᠪᠠᠷ 1800 ᠰᠢᠬᠠᠮ ᠮᠧᠲᠷ ᠥᠨᠳᠥᠷ ᠡᠷᠭᠦᠭᠳᠡᠵᠦ᠂ | ᠠᠷᠤ ᠥᠪᠥᠷ ᠲᠠᠯ᠎ᠠ ᠨᠢ ᠶᠡᠷᠦᠩᠬᠡᠢ ᠳᠡᠭᠡᠨ ᠠᠰᠬ᠎ᠠ ᠪᠠᠶᠢᠳᠠᠭ ᠢᠶᠠᠷ ᠢᠶᠠᠨ ᠥᠭᠡᠷ᠎ᠡ ᠪᠤᠰᠤᠳ ᠠᠭᠤᠯᠠ ᠨᠢᠷᠤᠭᠤ ᠠᠴᠠ | ᠣᠨᠴᠠᠯᠢᠭᠳᠠᠨ᠂ ᠪᠠᠷᠠᠭᠤᠨ ᠠᠴᠠ ᠵᠡᠭᠦᠨᠰᠢ ᠨᠡᠭᠦᠵᠦ ᠪᠦᠬᠦᠢ ᠪᠠᠳᠠᠢ ᠶᠢᠨ ᠵᠢᠷᠠᠨ ᠡᠯᠡᠰᠦᠨ ᠤ ᠵᠡᠭᠦᠨ ᠲᠠᠯ᠎ᠠ ᠨᠢ | ᠥᠨᠳᠥᠷᠵᠢᠵᠦ᠂ ᠬᠠᠮᠤᠭ ᠥᠨᠳᠥᠷ ᠡᠯᠡᠰᠦᠨ ᠤᠷᠭᠢᠯ ᠨᠤᠭᠤᠳ ᠨᠢ ᠪᠦᠷ ᠶᠠᠪᠠᠷᠠᠢ ᠠᠭᠤᠯᠠ ᠶᠢᠨ ᠠᠷᠤ ᠪᠠᠷ | ᠰᠦᠨᠳᠡᠷᠯᠡᠵᠦ ᠪᠠᠶᠢᠳᠠᠭ ᠠᠴᠠ ᠪᠣᠯᠤᠭᠰᠠᠨ ᠪᠤᠯᠤᠯᠳᠠᠢ ᠭᠡᠵᠦ ᠵᠠᠷᠢᠮ ᠲᠤᠰᠬᠠᠢ ᠮᠡᠷᠭᠡᠵᠢᠯᠲᠡᠨ ᠦᠵᠡᠵᠦ ᠪᠤᠢ᠃ | ᠰᠠᠯᠬᠢᠨ ᠤ ᠴᠡᠩᠬᠡᠷ ᠠᠮᠢᠰᠬᠤᠭ᠎ᠠ ᠪᠠᠷ ᠪᠦᠲᠦᠭᠰᠡᠨ ᠡᠬᠡ ᠪᠠᠶᠢᠭᠠᠯᠢ ᠶᠢᠨ ᠤᠷᠠᠨ ᠭᠠᠶᠢᠬᠠᠮᠰᠢᠭ ᠢ | ᠬᠠᠷᠠᠭᠤᠯᠤᠭᠰᠠᠨ ᠡᠳᠡᠭᠡᠷ ᠥᠨᠳᠥᠷ ᠡᠯᠡᠰᠦᠨ ᠴᠣᠬᠢᠶ᠎ᠠ ᠶᠢ ᠡᠯᠡᠰᠦ ᠰᠠᠶᠢᠨ ᠮᠠᠴᠤᠳᠠᠭ ᠨᠤᠲᠤᠭ ᠤᠨ ᠬᠥᠮᠥᠰ ᠬᠠᠮᠤᠭ | ᠬᠤᠷᠳᠤᠨ ᠳᠠᠭᠠᠨ ᠬᠤᠶᠠᠷ ᠴᠠᠭ ᠭᠠᠷᠤᠢ ᠮᠠᠴᠤᠵᠤ ᠰᠠᠶ᠋ᠢ ᠣᠷᠣᠢ ᠳᠡᠭᠡᠷ᠎ᠡ ᠨᠢ ᠭᠠᠷᠳᠠᠭ ᠭᠡᠨ᠎ᠡ᠃ ᠣᠷᠣᠢ ᠳᠡᠭᠡᠷ᠎ᠡ | ᠨᠢ ᠭᠠᠷᠤᠭᠰᠠᠨ ᠤ ᠳᠠᠷᠠᠭ᠎ᠠ ᠣᠶᠢᠷ᠎ᠠ ᠣᠷᠴᠢᠮ ᠤᠨ ᠪᠠᠷ᠎ᠠ ᠨᠡᠶᠢᠳᠡᠮ ᠲᠣᠳᠣᠷᠠᠵᠤ᠂ ᠨᠡᠯᠦᠭᠡᠷ ᠶᠡᠭᠡ ᠪᠠᠳᠠᠢ ᠶᠢᠨ ᠵᠢᠷᠠᠨ | ᠡᠯᠡᠰᠦ ᠣᠶᠢᠯᠤᠨ ᠳᠠᠪᠠᠯᠭᠠᠯᠠᠵᠤ ᠪᠠᠶᠢᠭ᠎ᠠ ᠳᠠᠯᠠᠢ ᠮᠡᠲᠦ ᠬᠠᠷᠠᠭᠳᠠᠨ᠂ ᠨᠠᠭᠤᠷ ᠤᠨ ᠤᠰᠤ ᠨᠢ ᠠᠰ ᠳᠣᠣᠷ᠎ᠠ | ᠴᠡᠩᠬᠡᠷᠲᠦᠨ ᠦᠵᠡᠭᠳᠡᠵᠦ᠂ ᠠᠶᠢᠯ ᠤᠨ ᠭᠡᠷ ᠪᠠᠶᠢᠰᠢᠩ ᠴᠦᠢᠳᠡᠩ ᠤᠨ ᠬᠠᠶᠢᠷᠴᠠᠭ ᠮᠡᠲᠦ ᠬᠠᠷᠠᠭᠳᠠᠳᠠᠭ᠃ | ᠳᠣᠣᠷ᠎ᠠ ᠠᠴᠠ ᠨᠢ ᠦᠵᠡᠬᠦ ᠳᠤ ᠡᠯᠡᠰᠦᠨ ᠴᠣᠬᠢᠶ᠎ᠠ ᠨᠤᠭᠤᠳ ᠬᠥᠬᠡ ᠲᠡᠭᠷᠢ ᠶᠢ ᠪᠠᠭᠠᠨᠠᠳᠠᠵᠤ | ᠬᠠᠷᠠᠭᠳᠠᠳᠠᠭ᠃ ᠲᠡᠶᠢᠮᠤ ᠪᠠᠷ ᠢᠶᠠᠨ ᠨᠤᠲᠤᠭ ᠤᠨ ᠬᠥᠮᠥᠰ᠄ ︽ᠭᠡᠷ ᠤᠨ ᠲᠣᠭᠤᠨᠣ ᠪᠠᠷ ᠴᠣᠬᠢᠶᠠᠨ ᠣᠷᠣᠢ | ᠬᠠᠷᠠᠭᠳᠠᠵᠤ᠂ ᠴᠣᠬᠢᠶᠠᠨ ᠣᠷᠣᠢ ᠳᠡᠭᠡᠷ᠎ᠡ ᠠᠴᠠ ᠪᠥᠮᠪᠥᠷᠢᠭᠰᠡᠨ ᠲᠡᠮᠡᠭᠡᠨ ᠬᠤᠷᠭᠤᠯ ᠭᠡᠷ ᠤᠨ ᠲᠣᠭᠤᠨᠣ ᠪᠠᠷ ᠤᠨᠠᠵᠤ | ᠢᠷᠡᠳᠡᠭ︾ ᠭᠡᠳᠡᠭ᠃ | ᠡᠯᠡᠰᠦᠨ ᠴᠣᠬᠢᠶ᠎ᠠ ᠨᠤᠭᠤᠳ ᠤᠨ ᠡᠮᠦᠨ᠎ᠡ ᠲᠠᠯ᠎ᠠ ᠨᠢ ᠡᠭᠴᠡ ᠠᠰᠬ᠎ᠠ᠂ ᠠᠷᠤ ᠲᠠᠯ᠎ᠠ ᠨᠢ ᠮᠥᠯᠢᠭᠡᠷ | ᠨᠠᠯᠠᠤ ᠪᠠᠶᠢᠳᠠᠭ᠃ ᠡᠪᠦᠯ ᠴᠠᠰᠤ ᠣᠷᠣᠵᠤ ᠣᠷᠣᠢ ᠪᠠᠷ ᠨᠢ ᠴᠠᠰᠤ ᠮᠥᠰᠥ ᠭᠡᠷᠡᠮᠯᠡᠠ᠂ ᠬᠠᠵᠠᠭᠤ ᠡᠩᠭᠡᠷ ᠤᠨ | ᠬᠥᠷᠥᠰᠥ ᠨᠢ ᠬᠥᠯᠳᠡᠭᠰᠡᠨ ᠴᠠᠭ ᠲᠤ ᠬᠥᠮᠥᠨ ᠠᠮᠢᠳᠠᠨ ᠡᠭᠴᠡ ᠲᠠᠯ᠎ᠠ ᠠᠴᠠ ᠨᠢ ᠳᠠᠪᠠᠭ᠋ᠤ ᠪᠤᠶᠤ ᠪᠠᠭᠤᠬᠤ ᠳᠤ | ᠬᠠᠯᠲᠤᠷᠢᠵᠤ᠂ ᠴᠢᠨᠠᠭᠰᠢᠳᠠ ᠤᠨᠠᠵᠤ ᠭᠡᠮᠲᠦᠬᠦ ᠠᠶᠤᠯ ᠲᠠᠢ᠃ ᠪᠤᠰᠤᠳ ᠴᠠᠭ ᠲᠤ ᠪᠣᠯ ᠡᠯᠡᠰᠦᠨ ᠴᠣᠬᠢᠶ᠎ᠠ ᠨᠢ | ᠬᠥᠮᠥᠰ ᠤᠨ ᠮᠠᠴᠤᠬᠤ᠂ ᠭᠤᠯᠭᠤᠵᠤ ᠨᠠᠭᠠᠳᠴᠤ ᠪᠤᠯᠬᠤ ᠰᠠᠶᠢᠬᠠᠨ ᠭᠠᠵᠠᠷ ᠪᠢᠯᠡ᠃ ︵ᠦᠷᠴᠠᠶᠢᠬᠤ︶ | | |