| ᠡᠷᠳᠡᠨᠢᠴᠡᠴᠡᠭ ᠡᠷᠳᠡᠨᠢᠴᠢᠮᠡᠭ | ᠡᠨᠡ ᠳ᠋ᠤᠭᠠᠷ ᠢᠶᠠᠷ ᠠᠯᠠᠱᠠ ᠨᠤᠲᠤᠭ ᠤᠨ ᠠᠮᠲᠠᠲᠤ ᠢᠳᠡᠭᠡᠨ ᠱᠠᠪᠠᠢ ᠲᠠᠢ ᠪᠠᠩᠰᠢ ᠬᠢᠬᠦ ᠠᠷᠭ᠎ᠠ ᠶᠢ | ᠲᠠᠨᠢᠯᠴᠠᠭᠤᠯᠵᠤ ᠪᠠᠶᠢᠨ᠎ᠠ᠃ ᠱᠠᠪᠠᠢ ᠲᠠᠢ ᠪᠠᠩᠰᠢ ᠭᠡᠳᠡᠭ ᠨᠢ ᠳᠠᠷᠤᠢ ᠮᠠᠯ ᠤᠨ ᠴᠢᠳᠬᠤᠭᠰᠠᠨ ᠬᠤᠲᠣ ᠪᠤᠶᠤ | ᠵᠠᠶᠢᠳᠠᠰᠤ ᠪᠠᠨ ᠴᠢᠨᠠᠵᠤ ᠪᠤᠯᠭᠤᠬᠰᠠᠠ ᠤ ᠲᠠᠷᠠᠭ᠎ᠠ ᠲᠠᠭᠢᠨ ᠴᠠᠪᠴᠢᠵᠤ ᠨᠠᠶᠢᠷᠠᠭᠤᠯᠤᠨ ᠪᠠᠩᠰᠢ ᠬᠢᠬᠦ ᠶᠢ ᠬᠡᠯᠡᠵᠦ | ᠪᠠᠶᠢᠨ᠎ᠠ᠃ ᠮᠣᠩᠭᠤᠯᠴᠤᠳ ᠢᠳᠡᠭᠡᠳ ᠦᠯᠡᠳᠡᠭᠰᠡᠨ ᠬᠤᠲᠣ ᠵᠠᠶᠢᠳᠠᠰᠤ ᠪᠠᠨ ᠶᠡᠷᠦᠨᠢ ᠬᠠᠶᠠᠵᠤ ᠪᠦᠷᠢᠯᠭᠡᠳᠡᠭ ᠦᠭᠡᠢ | ᠳᠠᠳᠬᠠᠯ ᠲᠠᠢ᠃ | ᠱᠠᠪᠠᠢ ᠲᠠᠢ ᠪᠠᠩᠰᠢ ᠬᠢᠬᠦ ᠳᠤ ᠤᠷᠢᠳᠠᠪᠠᠷ ᠭᠤᠯᠢᠷ ᠢᠶᠠᠨ ᠨᠤᠬᠤᠵᠤ ᠲᠠᠯᠪᠢᠨ᠎ᠠ᠃ ᠳᠠᠷᠠᠭ᠎ᠠ ᠨᠢ | ᠴᠢᠨᠠᠵᠤ ᠪᠤᠯᠭᠤᠬᠰᠠᠠ ᠵᠠᠶᠢᠳᠠᠰᠤ ᠪᠠᠨ ᠬᠡᠷᠴᠢᠵᠦ ᠪᠡᠯᠡᠳᠬᠡᠨ᠎ᠡ᠂ ᠰᠣᠩᠭᠢᠨ᠎ᠠ᠂ ᠭᠤᠭᠤᠳ᠂ ᠬᠦᠮᠡᠯᠢ ᠵᠡᠷᠭᠡ ᠢᠳᠡᠰᠢᠨ | ᠨᠣᠭᠤᠭ᠎ᠠ ᠠᠴᠠ ᠠᠯᠢ ᠶᠢ ᠨᠢ ᠢᠳᠡᠬᠦ ᠳᠤᠷᠠᠲᠠᠢ ᠪᠣᠯ ᠲᠡᠭᠦᠨ ᠢᠶᠠᠨ ᠵᠢᠵᠢᠭᠯᠡᠨ ᠬᠡᠷᠴᠢᠨ᠎ᠡ᠃ ᠪᠣᠯᠤᠭᠰᠠᠨ ᠬᠤᠨᠢᠨ ᠤ | ᠰᠡᠭᠦᠯ ᠠᠴᠠ ᠬᠤᠯᠢᠪᠠᠯ ᠮᠠᠰᠢ ᠰᠠᠶᠢᠬᠠᠨ ᠠᠮᠲᠠᠲᠠᠢ ᠪᠤᠯᠳᠠᠭ᠃ ᠡᠳᠡᠭᠡᠷ ᠵᠦᠢᠯ ᠢᠶᠠᠨ ᠪᠦᠭᠦᠨ ᠢ ᠨᠢᠭᠡ ᠭᠠᠳᠤᠷ᠎ᠠ ᠳᠤ | ᠬᠢᠭᠡᠳ ᠳᠡᠭᠡᠷ᠎ᠡ ᠨᠢ ᠳᠠᠪᠤᠰᠤ᠂ ᠠᠶᠢᠷᠠᠭ ᠵᠡᠷᠭᠡ ᠶᠢ ᠨᠡᠮᠡᠭᠰᠡᠨ ᠤ ᠳᠠᠷᠠᠭ᠎ᠠ ᠨᠠᠶᠢᠷᠠᠭᠤᠯᠵᠤ ᠰᠠᠶᠢᠨ ᠬᠤᠳᠬᠤᠨ᠎ᠠ᠃ | ᠱᠠᠪᠠᠢ ᠲᠠᠢ ᠪᠠᠩᠰᠢ ᠪᠠᠨ ᠪᠣᠭᠤᠬᠤ ᠳᠤ ᠡᠩ ᠤᠨ ᠪᠠᠩᠰᠢ ᠠᠴᠠ ᠴᠠᠳᠬᠤᠯᠠᠩ ᠰᠢᠭ᠋ ᠪᠣᠭᠤᠳᠠᠭ᠂ 20 ᠮᠢᠨᠦ᠋ᠲ | ᠵᠢᠩᠨᠡᠪᠡᠯ ᠪᠣᠯᠴᠢᠬᠠᠨ᠎ᠠ᠃ | | |