| | ᠠᠯᠠᠱᠠ ᠶᠢᠨ ᠨᠡᠷ᠎ᠡ ᠠᠯᠳᠠᠷ ᠳᠠᠬᠢᠨᠲᠠ ᠳᠡᠯᠡᠬᠡᠢ ᠳ᠋ᠠᠬᠢᠨ ᠳᠤ ᠳᠠᠭᠤᠷᠢᠰᠤᠯ᠎ᠠ᠃ ᠲᠦᠷᠦᠭᠦᠬᠡᠨ | ᠡᠨᠡᠳᠬᠡᠭ ᠤᠨ ᠨᠡᠶᠢᠰᠯᠡᠯ ᠰᠢᠨ᠎ᠡ ᠳ᠋ᠧᠯᠢ ᠳᠤ ᠶᠠᠪᠤᠭᠳᠠᠭᠰᠠᠨ 46 ᠳ᠋ᠤᠭᠠᠷ ᠬᠤᠭᠤᠴᠠᠭᠠᠨ ᠤ ᠤᠯᠠᠨ ᠤᠯᠤᠰ ᠤᠨ | ᠬᠤᠯᠪᠣᠭᠠᠲᠤ ᠪᠠᠶᠢᠭᠤᠯᠭ᠎ᠠ ᠶᠢᠨ ᠰᠤᠷᠭᠠᠨ ᠬᠥᠮᠦᠵᠢᠯ ᠰᠢᠨᠵᠢᠯᠡᠬᠦ ᠤᠬᠠᠭᠠᠨ ᠰᠣᠶᠣᠯ ᠤᠨ ᠵᠣᠬᠢᠶᠠᠨ | ᠪᠠᠶᠢᠭᠤᠯᠤᠯᠲᠠ ᠶᠢᠨ ᠳᠡᠯᠡᠬᠡᠢ ᠶᠢᠨ ᠥᠪ ᠤᠨ ᠵᠥᠪᠯᠡᠯ ᠤᠨ ᠬᠤᠷᠠᠯ ᠳᠡᠭᠡᠷ᠎ᠡ᠂ ᠳᠤᠮᠳᠠᠳᠤ ᠤᠯᠤᠰ ᠤᠨ ᠥᠪᠥᠷ | ᠮᠣᠩᠭᠤᠯ ᠤᠨ ᠪᠠᠳᠠᠢ ᠶᠢᠨ ᠵᠢᠷᠠᠨ ᠡᠯᠡᠰᠦ - ᠡᠯᠡᠰᠦᠨ ᠴᠣᠬᠢᠶ᠎ᠠ ᠨᠠᠭᠤᠷ ᠪᠦᠷᠢᠳᠦ ᠨᠦᠭᠦᠳ ᠢ ︽ᠳᠡᠯᠡᠬᠡᠢ ᠶᠢᠨ | ᠥᠪ ᠤᠨ ᠨᠡᠷᠡᠰ ᠤᠨ ᠵᠢᠭᠰᠠᠭᠠᠯᠲᠠ︾ ᠳᠤ ᠠᠮᠵᠢᠯᠲᠠ ᠲᠠᠢ ᠪᠦᠷᠢᠳᠬᠡᠭᠦᠯᠵᠦ᠂ ᠳᠡᠯᠡᠬᠡᠢ ᠶᠢᠨ ᠪᠠᠶᠢᠭᠠᠯᠢ ᠶᠢᠨ | ᠥᠪ ᠲᠤ ᠮᠠᠨ ᠤ ᠤᠯᠤᠰ ᠤᠨ ᠡᠯᠡᠰᠦ ᠮᠠᠩᠬᠠᠨ ᠤ ᠲᠦᠷᠦᠯ ᠭᠡᠯᠪᠡᠷᠢ ᠬᠤᠭᠤᠰᠤᠨ ᠪᠠᠶᠢᠭᠰᠠᠨ ᠢ ᠨᠥᠬᠦᠪᠦᠷᠢᠯᠡᠵᠡᠢ᠃ | | ︽ᠪᠠᠳᠠᠢ ᠶᠢᠨ ᠵᠢᠷᠠᠨ ᠡᠯᠡᠰᠦ - ᠡᠯᠡᠰᠦᠨ ᠴᠣᠬᠢᠶ᠎ᠠ ᠨᠠᠭᠤᠷ ᠪᠦᠷᠢᠳᠦ ᠨᠦᠭᠦᠳ︾ ᠨᠢ ᠣᠷᠣᠨ | ᠪᠦᠰᠡ ᠪᠠ ᠭᠠᠵᠠᠷ ᠵᠦᠢ ᠶᠢᠨ ᠪᠦᠷᠢᠯᠳᠦᠯ ᠤᠨ ᠬᠤᠪᠢᠷᠠᠯᠲᠠ᠂ ᠠᠭᠤᠷ ᠠᠮᠢᠰᠬᠤᠯ ᠤᠨ ᠬᠤᠪᠢᠷᠠᠯᠲᠠ᠂ ᠭᠠᠵᠠᠷ ᠤᠨ | ᠲᠥᠷᠬᠦ ᠶᠢᠨ ᠬᠤᠪᠢᠷᠠᠯᠲᠠ ᠵᠢᠴᠢ ᠭᠠᠵᠠᠷ ᠳᠣᠣᠷᠠᠬᠢ ᠤᠰᠤᠨ ᠤ ᠭᠠᠵᠠᠷ ᠰᠢᠨᠵᠢᠯᠡᠭᠡᠨ ᠤ ᠬᠤᠪᠢᠷᠠᠯᠲᠠ ᠶᠢᠨ | ᠣᠨᠴᠠᠯᠢᠭ ᠢ ᠪᠦᠷᠢᠨ ᠪᠦᠲᠦᠨ ᠢᠶᠠᠷ ᠲᠡᠮᠳᠡᠭᠯᠡᠨ ᠲᠤᠰᠬᠠᠵᠤ᠂ ᠪᠦᠭᠦ ᠪᠥᠮᠪᠥᠷᠴᠡᠭ ᠤᠨ ᠬᠡᠪᠴᠢᠶᠡᠨ ᠳᠤ ᠡᠯᠡᠰᠦ | ᠮᠠᠩᠬᠠᠨ ᠤ ᠡᠭᠦᠰᠦᠯ ᠪᠦᠷᠢᠯᠳᠦᠯ ᠪᠠ ᠰᠠᠯᠬᠢ ᠡᠯᠡᠰᠦᠨ ᠤ ᠭᠠᠵᠠᠷ ᠤᠨ ᠲᠥᠷᠬᠦ ᠶᠢᠨ ᠶᠠᠪᠤᠴᠠ ᠶᠢ ᠰᠤᠳᠤᠯᠬᠤ | ᠲᠥᠯᠥᠭᠡᠯᠡᠬᠦ ᠴᠢᠨᠠᠷᠲᠠᠢ ᠣᠷᠣᠨ ᠪᠦᠰᠡ ᠪᠣᠯᠣᠨ᠎ᠠ᠃ | ᠪᠠᠳᠠᠢ ᠶᠢᠨ ᠵᠢᠷᠠᠨ ᠡᠯᠡᠰᠦ ᠶᠢ ᠳᠤᠷᠠᠳᠬᠤ ᠲᠠᠢ ᠵᠡᠷᠭᠡ ᠬᠥᠮᠥᠰ ᠲᠤ ᠨᠢᠭᠤᠴᠠ ᠳᠠᠭᠱᠢᠨ ᠭᠡᠬᠦ | ᠲᠥᠷᠥᠭᠳᠡᠯ ᠢ ᠣᠯᠭᠤᠵᠤ ᠪᠠᠶᠢᠳᠠᠭ᠃ ᠠᠯᠠᠱᠠᠴᠤᠳ ᠳᠡᠯᠡᠬᠡᠢ ᠳ᠋ᠠᠬᠢᠨ ᠳᠤ ᠪᠠᠳᠠᠢ ᠶᠢᠨ ᠵᠢᠷᠠᠨ ᠢᠶᠠᠨ ᠲᠠᠨᠢᠭᠤᠯᠵᠤ | ᠣᠶᠢᠯᠠᠭᠠᠭᠤᠯᠤᠶᠠ ᠭᠡᠬᠦ ᠬᠦᠰᠡᠯ ᠲᠠᠢ ᠨᠢ ᠦᠨᠡᠨ᠂ ᠡᠶᠢᠨ ᠬᠦ ᠪᠢᠳᠠ ᠪᠠᠳᠠᠢ ᠶᠢᠨ ᠵᠢᠷᠠᠨ ᠢᠶᠠᠷ ᠠᠶᠠᠯᠠᠵᠤ᠂ ᠲᠡᠭᠦᠨ ᠤ | ︽ᠨᠢᠭᠤᠴᠠ ᠶᠢ ᠢᠯᠡᠷᠡᠭᠦᠯᠦᠨ︾᠂ ᠡᠯᠡᠰᠦᠨ ᠳᠠᠯᠠᠢ ᠶᠢᠨ ᠡᠴᠢᠨ᠎ᠡ ᠭᠦᠨ ᠳᠠᠬᠢ ᠭᠠᠶᠢᠬᠠᠮᠰᠢᠭ ᠢ ᠮᠦᠷᠳᠠᠠ | ᠢᠯᠡᠷᠡᠭᠦᠯᠰᠦᠭᠡᠢ᠃ | ᠁᠁᠁ | ᠪᠠᠳᠠᠢ ᠶᠢᠨ ᠵᠢᠷᠠᠨ ᠡᠯᠡᠰᠦ ᠪᠣᠯ ᠳᠡᠯᠡᠬᠡᠢ ᠶᠢᠨ ᠭᠤᠷᠪᠠᠳᠤᠭᠠᠷ ᠲᠣᠮᠣ ᠡᠯᠡᠰᠦ ᠮᠠᠩᠬ᠎ᠠ ᠪᠠᠶᠢᠵᠤ᠂ | ᠳᠤᠮᠳᠠᠳᠤ ᠤᠯᠤᠰ ᠤᠨ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠠᠯᠠᠱᠠ ᠠᠶᠢᠮᠠᠭ ᠤᠨ ᠠᠯᠠᠱᠠ | ᠪᠠᠷᠠᠭᠤᠨ ᠬᠤᠰᠢᠭᠤᠨ ᠤ ᠬᠤᠶᠢᠲᠤ ᠬᠡᠰᠡᠭ ᠢᠶᠠᠷ ᠪᠠᠶᠢᠷᠢᠯᠠᠨ᠂ ᠶᠡᠷᠦᠩᠬᠡᠢ ᠲᠠᠯᠠᠪᠠᠢ ᠨᠢ 4.92 ᠲᠦᠮᠡᠨ ᠬᠠᠪᠲᠠᠭᠠᠢ | ᠳᠥᠷᠪᠡᠯᠵᠢᠨ ᠺᠢᠯᠣᠮᠧᠲᠷ ᠪᠠᠶᠢᠳᠠᠭ᠃ | ᠪᠠᠳᠠᠢ ᠶᠢᠨ ᠵᠢᠷᠠᠨ ᠡᠯᠡᠰᠦ ᠨᠢ ︽ᠡᠯᠡᠰᠦᠨ ᠴᠣᠬᠢᠶ᠎ᠠ᠂ ᠪᠦᠷᠢᠶ᠎ᠡ ᠮᠠᠩᠬ᠎ᠠ᠂ ᠨᠠᠭᠤᠷ ᠵᠢᠷᠠᠨ᠂ | ᠰᠢᠳᠢᠲᠦ ᠪᠤᠯᠠᠭ᠂ ᠡᠷᠲᠡᠨ ᠤ ᠰᠦᠮ᠎ᠡ︾ ᠵᠡᠷᠭᠡ ᠲᠠᠪᠤᠨ ᠭᠠᠶᠢᠬᠠᠮᠰᠢᠭ ᠲᠠᠢ ᠪᠠᠷ ᠢᠶᠠᠨ ᠠᠯᠳᠠᠷᠰᠢᠨ᠂ ᠤᠯᠤᠰ ᠤᠨ | ᠵᠢᠭᠤᠯᠴᠢᠯᠠᠯ ᠤᠨ ᠲᠣᠪᠴᠢᠶ᠎ᠠ ᠪᠠ ᠳᠤᠮᠳᠠᠳᠤ ᠤᠯᠤᠰ ᠤᠨ ᠰᠢᠨᠵᠢᠯᠡᠬᠦ ᠤᠬᠠᠭᠠᠨ ᠤ ᠪᠠᠷᠲᠠᠭ᠎ᠠ ᠰᠢᠨᠵᠢᠯᠡᠬᠦ | ᠨᠡᠶᠢᠭᠡᠮᠯᠢᠭ ᠠᠴᠠ ᠬᠠᠮᠲᠤᠷᠠᠨ ᠪᠦᠭᠦ ᠤᠯᠤᠰ ᠤᠨ ᠠᠩᠬᠠᠳᠠᠭᠴᠢ ᠪᠦᠯᠦᠭ ᠤᠨ17 ᠲᠥᠯᠥᠭᠡᠯᠡᠬᠦ ᠴᠢᠨᠠᠷᠲᠠᠢ ᠪᠠᠷᠲᠠᠭ᠎ᠠ | ᠰᠢᠨᠵᠢᠯᠡᠬᠦ ᠵᠢᠭᠤᠯᠴᠢᠯᠠᠯ ᠤᠨ ᠣᠷᠣᠨ ᠤ ᠨᠢᠭᠡ ᠪᠠᠷ ᠲᠣᠭᠲᠠᠭᠠᠵᠠᠢ᠃ ᠡᠭᠦᠨ ᠠᠴᠠ ᠪᠣᠯᠵᠤ ᠬᠡᠭᠡᠷᠡᠯᠡᠨ ᠠᠶᠠᠯᠠᠭᠴᠢᠳ | ᠤᠨ ᠨᠢᠳᠦᠨ ᠳᠠᠬᠢ ︽ᠡᠯᠡᠰᠦ ᠮᠠᠩᠬᠠᠨ ᠳᠤ ᠬᠡᠭᠡᠷᠡᠯᠡᠨ ᠠᠶᠠᠯᠠᠭᠴᠢ ᠶᠢᠨ ᠡᠴᠦᠰ ᠤᠨ ᠰᠣᠷᠢᠯᠲᠠ ᠶᠢᠨ ᠲᠠᠯᠠᠪᠠᠶ︾ | ᠪᠣᠯᠤᠭᠰᠠᠨ ᠪᠠᠶᠢᠨ᠎ᠠ᠃ | ᠪᠠᠷᠳᠠᠭ᠎ᠠ᠄ ᠡᠯᠡᠰᠦᠨ ᠴᠣᠬᠢᠶ᠎ᠠ | ᠪᠢᠯᠡᠭᠦᠲᠦ ᠶᠢᠨ ᠡᠯᠡᠰᠦᠨ ᠴᠣᠬᠢᠶ᠎ᠠ ᠨᠢ ᠪᠠᠳᠠᠢ ᠶᠢᠨ ᠵᠢᠷᠠᠨ ᠡᠯᠡᠰᠦᠨ ᠤ ᠣᠨᠴᠠ ᠦᠵᠡᠮᠵᠢᠲᠦ | ᠰᠦᠷᠯᠢᠭ ᠡᠯᠡᠰᠦᠨ ᠴᠣᠬᠢᠶ᠎ᠠ ᠪᠤᠯᠬᠤ ᠶᠤᠮ᠃ ᠲᠤᠰ ᠴᠣᠬᠢᠶ᠎ᠠ ᠶᠢᠨ ᠬᠠᠷᠢᠴᠠᠩᠭᠤᠢ ᠥᠨᠳᠥᠷ ᠤᠨ ᠬᠡᠮᠵᠢᠶ᠎ᠡ ᠨᠢ | 500 ᠭᠠᠷᠤᠢ ᠮᠧᠲᠷ᠂ ᠳᠡᠯᠡᠬᠡᠢ ᠳᠡᠭᠡᠷᠡᠬᠢ ᠬᠠᠷᠢᠴᠠᠩᠭᠤᠢ ᠥᠨᠳᠥᠷ ᠤᠨ ᠬᠡᠮᠵᠢᠶ᠎ᠡ ᠪᠠᠷ ᠬᠠᠮᠤᠭ ᠥᠨᠳᠥᠷ ᠡᠯᠡᠰᠦᠨ | ᠴᠣᠬᠢᠶ᠎ᠠ ᠪᠣᠯᠵᠤ᠂ ︽ᠡᠯᠡᠰᠦ ᠮᠠᠩᠬᠠᠨ ᠪ᠊ ᠵᠦᠮᠦᠯᠠᠩᠮᠠ︾ ᠭᠡᠵᠦ ᠨᠡᠷᠡᠶᠢᠳᠦᠭᠳᠡᠵᠡᠢ᠃ ᠲᠡᠭᠦᠨ ᠤ ᠥᠨᠳᠥᠷ ᠤᠨ | ᠬᠡᠮᠵᠢᠶ᠎ᠡ ᠨᠢ ᠬᠥᠮᠥᠰ ᠤᠨ ᠠᠩᠬᠠᠷᠤᠯ ᠢ ᠲᠠᠲᠠᠵᠤ ︽ᠵᠥᠪᠭᠡᠨ ᠪᠠᠭᠠᠲᠤᠷᠴᠤᠳ ᠯᠠ ᠬᠦᠷᠴᠦ ᠴᠢᠳᠠᠳᠠᠭ ᠭᠠᠵᠠᠷ︾ | ᠬᠡᠮᠡᠨ ᠠᠯᠳᠠᠷᠰᠢᠭᠰᠠᠨ ᠪᠠᠶᠢᠨ᠎ᠠ᠃ | ᠰᠣᠨᠢᠷᠬᠠᠯ ᠲᠠᠢ᠄ ᠡᠷᠲᠡᠨ ᠤ ᠰᠦᠮ᠎ᠡ | ᠪᠠᠳᠠᠢ ᠶᠢᠨ ᠵᠢᠷᠠᠨ ᠡᠯᠡᠰᠦᠨ ᠳᠤ ᠪᠠᠶᠢᠭᠤᠯᠤᠭᠳᠠᠭᠰᠠᠨ ᠠᠴᠠ ᠤᠳᠤ ᠪᠤᠯᠳᠠᠯ᠎ᠠ ᠪᠦᠷᠢᠨ ᠪᠦᠲᠦᠨ | ᠬᠠᠳᠠᠭᠠᠯᠠᠭᠳᠠᠭᠰᠠᠨ ᠨᠢᠭᠡ ᠡᠷᠲᠡᠨ ᠤ ᠰᠦᠮ᠎ᠡ ᠪᠠᠶᠢᠵᠤ᠂ ︽ᠡᠯᠡᠰᠦ ᠮᠠᠩᠬᠠᠨ ᠳᠠᠬᠢ ᠡᠷᠲᠡᠨ ᠤ ᠣᠷᠳᠣᠨ︾ ᠭᠡᠵᠦ | ᠨᠡᠷᠡᠯᠡᠭᠳᠡᠵᠡᠢ᠃ ᠲᠡᠷᠡ ᠲᠥᠪ ᠶᠡᠬᠡᠮᠰᠦᠭ᠂ ᠨᠠᠮᠤᠭᠤᠬᠠᠨ ᠬᠡᠭᠡᠨᠴᠢᠷ᠂ ᠨᠠᠮ ᠵᠢᠮ ᠢᠶᠠᠷ ᠨᠡᠯᠦᠭᠡᠷ ᠶᠡᠭᠡ ᠡᠯᠡᠰᠦ | ᠮᠠᠩᠬᠠᠨ ᠳᠤ ᠣᠨ ᠤᠳᠠᠭᠠᠨ ᠤᠷᠤᠰᠢᠬᠰᠬᠠᠷ ᠤᠳᠤ ᠪᠣᠯᠵᠠᠢ᠃ | | ᠳᠠᠭᠤ᠄ ᠪᠦᠷᠢᠶ᠎ᠡ ᠮᠠᠩᠬ᠎ᠠ | ᠪᠠᠳᠠᠢ ᠶᠢᠨ ᠵᠢᠷᠠᠨ ᠡᠯᠡᠰᠦᠨ ᠳᠤ ᠳᠡᠯᠡᠬᠡᠢ ᠳᠡᠭᠡᠷᠡᠬᠢ ᠬᠠᠮᠤᠭ ᠤᠨ ᠲᠣᠮᠣ ᠪᠦᠷᠢᠶ᠎ᠡ ᠮᠠᠩᠬᠠᠨ ᠣᠷᠣᠨ | ᠲᠠᠢ᠃ ᠲᠥᠪ ᠣᠷᠣᠨ ᠤ ᠳᠤᠮᠳᠠᠴᠢ ᠬᠠᠷᠢᠴᠠᠩᠭᠤᠢ ᠥᠨᠳᠥᠷ ᠤᠨ ᠬᠡᠮᠵᠢᠶ᠎ᠡ ᠨᠢ 200 - 500 ᠮᠧᠲᠷ ᠤᠨ | ᠪᠦᠷᠢᠶ᠎ᠡ ᠮᠠᠩᠬᠠᠨ ᠳᠤ ᠠᠶᠤᠩᠭ᠎ᠠ ᠬᠦᠷᠴᠢᠭᠢᠨᠡᠬᠦ ᠮᠡᠲᠦ ᠳᠠᠭᠤᠠ ᠦᠷᠭᠦᠯᠵᠢᠯᠠᠵᠤ᠂ ᠠᠷᠪᠠᠨ ᠬᠡᠳᠦᠨ ᠭᠠᠵᠠᠷ ᠤᠨ | ᠴᠠᠭᠠᠨ᠎ᠠ ᠠᠴᠠ ᠰᠣᠨᠣᠰᠳᠠᠨ᠂ ︽ᠳᠡᠯᠡᠬᠡᠢ ᠶᠢᠨ ᠪᠦᠷᠢᠶ᠎ᠡ ᠮᠠᠩᠬᠠᠨ ᠤ ᠸᠠᠩᠲᠤ ᠤᠯᠤᠰ︾ ᠭᠡᠰᠡᠨ ᠰᠠᠶᠢᠬᠠᠨ ᠴᠣᠯᠠ | ᠲᠠᠢ ᠪᠣᠯᠵᠠᠢ᠃ ᠡᠯᠡᠰᠦ ᠮᠠᠩᠬᠠᠨ ᠤ ᠥᠷᠥᠴᠡᠨ ᠳᠤ ᠡᠮᠬᠢ ᠵᠢᠷᠤᠮ ᠲᠠᠢ ᠦᠷᠭᠦᠯᠵᠢᠯᠠᠠ ᠵᠢᠭᠰᠠᠭᠰᠠᠨ ᠠᠪᠤᠷᠭᠤ ᠶᠡᠭᠡ | ᠡᠯᠡᠰᠦᠨ ᠴᠤᠭᠢᠶᠠᠳ ᠨᠢ ᠳᠠᠪᠠᠯᠭᠠᠨ ᠮᠡᠲᠦ ᠦᠶᠡᠯᠡᠨ ᠨᠡᠶᠢᠯᠡᠮᠡᠯ ᠮᠠᠩᠬ᠎ᠠ ᠶᠢ ᠪᠤᠢ ᠪᠤᠯᠭᠠᠵᠤ᠂ ᠳᠤᠮᠳᠠᠳᠤ ᠤᠯᠤᠰ ᠤᠨ | ᠭᠠᠵᠠᠷ ᠰᠢᠨᠵᠢᠯᠡᠭᠡ ᠳᠤ ︽ᠬᠤᠷᠮᠤᠰᠲᠠ ᠲᠡᠭᠷᠢ ᠠᠴᠠ ᠵᠢᠷᠤᠭᠯᠠᠭᠰᠠᠨ ᠭᠠᠶᠢᠬᠠᠮᠰᠢᠭᠲᠤ ᠱᠤᠭᠤᠮ︾ ᠭᠡᠵᠦ | ᠨᠡᠷᠡᠯᠡᠭᠳᠡᠭᠰᠡᠨ ᠪᠠᠶᠢᠨ᠎ᠠ᠃ | ᠠᠷᠪᠢᠨ᠄ ᠨᠠᠭᠤᠷ ᠵᠢᠷᠠᠨ | ᠪᠠᠳᠠᠢ ᠶᠢᠨ ᠵᠢᠷᠠᠨ ᠡᠯᠡᠰᠦᠨ ᠤ ᠵᠢᠯ ᠤᠨ ᠬᠤᠷ᠎ᠠ ᠲᠤᠨᠳᠠᠰᠤ ᠶᠢᠨ ᠬᠡᠮᠵᠢᠶ᠎ᠡ 50 - 60 ᠮᠢᠯᠢᠮᠧᠲᠷ | ᠯᠠ ᠪᠠᠶᠢᠬᠤ ᠳᠤ ᠨᠢᠭᠡᠨᠲᠡ ᠬᠠᠶᠢᠨ ᠲᠣᠳᠣᠯᠠᠭᠰᠠᠨ ᠨᠠᠭᠤᠷ ᠵᠢᠷᠠᠨ ᠬᠠᠷᠢᠨ144 ᠪᠠᠶᠢᠳᠠᠭ᠃ ᠵᠤᠠ ᠤ ᠤᠯᠠᠷᠢᠯ | ᠪᠤᠯᠬᠤ ᠪᠦᠷᠢ ᠤᠯᠠᠠ ᠥᠩᠭᠡ ᠶᠢᠨ ᠨᠠᠭᠤᠷ ᠵᠢᠷᠠᠨ ᠨᠢ ᠠᠰᠬᠠᠭᠰᠠᠨ ᠪᠣᠯᠣᠷ ᠴᠢᠯᠠᠭᠤ ᠮᠡᠲᠦ ᠮᠡᠯᠲᠡᠭᠡᠨᠡᠨ ᠭᠢᠯᠠᠯᠵᠠᠵᠤ᠂ | ᠥᠷᠭᠡᠨ ᠠᠭᠤᠳᠠᠮ ᠡᠯᠡᠰᠦ ᠮᠠᠩᠬ᠎ᠠ ᠶᠢ ᠰᠣᠯᠣᠩᠭᠠᠨ ᠥᠩᠭᠡ ᠪᠠᠷ ᠴᠢᠮᠡᠭᠯᠡᠳᠡᠭ᠃ ᠡᠯᠡᠰᠦ ᠮᠠᠩᠬ᠎ᠠ ᠪᠠ ᠲᠡᠭᠷᠢ ᠶᠢᠨ | ᠬᠠᠶᠠᠭ᠎ᠠ ᠵᠠᠯᠭᠠᠯᠳᠤᠨ᠂ ᠡᠯᠡᠰᠦᠨ ᠴᠣᠬᠢᠶ᠎ᠠ ᠳᠠᠪᠬᠤᠷᠯᠠᠨ ᠰᠦᠨᠳᠡᠷᠯᠡᠵᠦ ᠨᠠᠯᠠᠶᠢᠨ ᠦᠷᠭᠦᠯᠵᠢᠯᠡᠨ᠎ᠡ᠃ ᠡᠯᠡᠰᠦᠨ | ᠴᠣᠬᠢᠶ᠎ᠠ ᠨᠠᠭᠤᠷ ᠤᠨ ᠤᠰᠤᠨ ᠳᠤ ᠲᠤᠰᠴᠤ ᠬᠥᠬᠡᠮᠳᠦᠭ ᠲᠡᠭᠷᠢ ᠨᠣᠭᠤᠭᠠᠨ ᠬᠤᠯᠤᠰᠤ ᠰᠣᠯᠣᠩᠭᠠᠷᠠᠨ᠎ᠠ ᠁ | ᠨᠠᠭᠤᠷ ᠢ ᠲᠣᠭᠤᠷᠢᠨ ᠠᠶᠠᠯᠠᠪᠠᠯ᠂ ᠡᠬᠡ ᠪᠠᠶᠢᠭᠠᠯᠢ ᠶᠢᠨ ᠰᠦᠷᠯᠢᠭ ᠰᠠᠶᠢᠬᠠᠨ ᠦᠵᠡᠮᠵᠢ ᠪᠣᠯᠣᠨ ᠡᠴᠢᠨ᠎ᠡ ᠳᠠᠯᠳᠠ | ᠶᠢᠨ ᠨᠢᠭᠤᠴᠠ ᠭᠠᠶᠢᠬᠠᠮᠰᠢᠭ ᠨᠢ ᠲᠠᠨ ᠳᠤ ᠬᠢᠵᠠᠭᠠᠯᠠᠰᠢ ᠦᠭᠡᠢ ᠬᠠᠴᠢᠨ ᠰᠣᠨᠢᠷᠬᠠᠯᠳᠤ ᠲᠥᠷᠥᠭᠳᠡᠯ ᠢ ᠣᠯᠭᠤᠬᠤ | ᠨᠢ ᠳᠠᠮᠵᠢᠭ ᠦᠭᠡᠢ᠃ | ᠭᠠᠶᠢᠬᠠᠯᠲᠠᠢ᠄ ᠰᠢᠳᠢᠲᠦ ᠪᠤᠯᠠᠭ | ᠪᠠᠳᠠᠢ ᠶᠢᠨ ᠵᠢᠷᠠᠨ ᠤ ᠭᠦᠨ ᠳᠠᠬᠢ ᠢᠨᠳᠠᠷᠲᠤ ᠶᠢᠨ ᠵᠢᠷᠠᠨ ᠨᠢ ᠵᠥᠭᠡᠯᠡᠨ ᠰᠠᠯᠬᠢᠨ ᠳᠤ ᠮᠢᠷᠠᠯᠵᠠᠨ | ᠲᠤᠨᠤᠷᠠᠵᠤ᠂ 3 ᠲᠡᠭᠰᠢ ᠳᠥᠷᠪᠡᠯᠵᠢᠨ ᠮᠧᠲᠷ ᠬᠦᠷᠬᠦ ᠦᠭᠡᠢ ᠭᠠᠵᠠᠷ ᠳᠡᠭᠡᠷᠡᠬᠢ 108 ᠪᠤᠯᠠᠭ ᠠᠴᠠ ᠡᠳᠦᠷ ᠰᠥᠨᠢ | ᠦᠭᠡᠢ ᠪᠣᠯᠣᠷ ᠲᠤᠩᠭᠠᠯᠠᠭ ᠤᠰᠤ ᠣᠷᠭᠢᠯᠤᠨ ᠭᠠᠷᠤᠨ᠎ᠠ᠃ ᠲᠤᠬᠠᠢ ᠶᠢᠨ ᠭᠠᠵᠠᠷ ᠤᠨ ᠬᠥᠮᠥᠰ ᠠᠮᠲᠠᠲᠤ ᠪᠤᠯᠠᠭ ᠤᠨ | ᠤᠰᠤ ᠶᠢ ︽ᠰᠢᠳᠢᠲᠦ ᠪᠤᠯᠠᠭ︾ ᠭᠡᠳᠡᠭ᠃ | ︽ᠰᠢᠳᠢᠲᠦ ᠪᠤᠯᠠᠭ︾ ᠨᠢ ᠣᠨ ᠰᠠᠷ᠎ᠠ ᠶᠢᠨ ᠡᠷᠭᠢᠯᠲᠡ ᠶᠢ ᠭᠡᠷᠡᠴᠢᠯᠡᠵᠦ ᠪᠠᠶᠢᠬᠤ ᠪᠥᠭᠡᠳ ᠨᠠᠩ ᠴᠸ | ᠳᠤᠰ ᠭᠠᠵᠠᠷ ᠤᠨ ᠬᠥᠮᠥᠨ ᠠᠮᠢᠳᠠᠠ᠂ ᠲᠦᠮᠡᠨ ᠪᠣᠳᠠᠰ ᠢ ᠤᠮᠳᠠᠯᠠᠭᠰᠠᠭᠠᠷ ᠢᠷᠡᠵᠠᠢ᠃ | ᠪᠠᠳᠠᠢ ᠶᠢᠨ ᠵᠢᠷᠠᠨ ᠳᠤ ᠢᠷᠡᠭᠡᠷᠡᠢ᠂ ᠪᠠᠳᠠᠢ ᠶᠢᠨ ᠵᠢᠷᠠᠨ ᠤ ᠡᠨᠡ ᠲᠠᠪᠤᠨ ᠭᠠᠶᠢᠬᠠᠮᠰᠢᠭ ᠨᠢ ᠲᠠᠨ ᠳᠤ | ᠡᠯᠡᠰᠦ ᠮᠠᠩᠬᠠᠨ ᠤ ᠨᠡᠯᠦᠭᠡᠷ ᠠᠭᠤᠳᠠᠮ᠂ ᠰᠦᠷᠯᠢᠭ ᠭᠠᠶᠢᠬᠠᠮᠰᠢᠭ ᠢ ᠮᠡᠳᠡᠷᠡᠭᠦᠯᠬᠦ ᠶᠢᠨ ᠬᠠᠮᠲᠤ ᠡᠨᠡ ᠨᠤᠲᠤᠭ ᠤᠨ | ᠭᠤᠶᠤ ᠰᠠᠶᠢᠬᠠᠨ᠂ ᠬᠥᠮᠥᠨ ᠠᠷᠠᠳ ᠤᠨ ᠠᠭᠤᠤ ᠶᠡᠭᠡ ᠶᠢ ᠣᠶᠢᠯᠠᠭᠠᠭᠤᠯᠬᠤ ᠨᠢ ᠯᠠᠪᠲᠠᠢ᠃ | | |