ᠤᠶᠢᠷᠠᠳ ᠵᠡᠬᠦᠨᠰᠢ ᠪᠠᠨ ᠨᠡᠬᠦᠨ ᠰᠢᠯᠵᠢᠭᠰᠡᠨ
ᠨᠡᠶᠢᠲᠡᠯᠡᠭᠰᠡᠨ ᠴᠠᠭ᠄
2024/9/6
       ᠡᠰᠡᠨ ᠬᠠᠨ ᠨᠠᠰᠤᠯᠠᠭᠰᠠᠨ ᠤ ᠳᠠᠷᠠᠭ᠎ᠠ᠂ ᠤᠶᠢᠷᠠᠳ ᠡᠳᠤᠷ ᠢᠷᠡᠬᠦᠶ᠎ᠡ ᠳᠤᠷᠤᠶᠢᠳᠠᠵᠤ᠂ ᠠᠷᠪᠠᠨ ᠳᠠᠪᠤᠳᠤᠭᠠᠷ ᠵᠠᠭᠤᠨ ᠤ ᠨᠠᠶᠠᠭᠠᠳ ᠤᠨ ᠤ ᠰᠡᠬᠦᠯᠡᠷ᠂ ᠳᠠᠶᠠᠨ ᠬᠠᠨ ᠵᠡᠪᠰᠡᠭᠳᠤ ᠬᠦᠴᠦᠨ ᠢᠶᠠᠷ ᠤᠶᠢᠷᠠᠳ ᠢ ᠰᠢᠬᠠᠮᠳᠤᠵᠤ᠂ ᠨᠤᠳᠤᠭ ᠤᠰᠤᠨ ᠠᠴᠠ ᠨᠢ ᠰᠠᠯᠭᠠᠵᠤ ᠵᠡᠬᠦᠨᠰᠢ ᠨᠡᠬᠦᠨ ᠰᠢᠯᠵᠢᠬᠦᠯᠦᠭᠰᠡᠨ ᠶᠤᠮ᠃ ᠭᠤᠪᠢ ᠶᠢᠨ ᠬᠤᠶᠢᠳᠤᠬᠢ ᠤᠶᠢᠷᠠᠳᠴᠤᠳ ᠨᠢ ᠠᠷᠭ᠎ᠠ ᠪᠤᠰᠤ ᠵᠢᠯ ᠳᠠᠷᠠᠭᠠᠯᠠᠨ ᠳᠠᠶᠢᠨ ᠬᠢᠵᠤ᠂ ᠤᠶᠢᠷᠠᠳ ᠤᠨ ᠪᠠᠷᠠᠭᠤᠨ ᠬᠡᠰᠡᠭ ᠎ ᠤᠨ ᠪᠡᠯᠴᠢᠬᠡᠷ ᠢ ᠳᠡᠮᠡᠴᠡᠨ ᠤᠯᠪᠠ᠃ 17 ᠳ᠋ᠤᠭᠠᠷ ᠵᠠᠭᠤᠨ ᠤ ᠡᠬᠢᠨ ᠤ ᠦᠶ᠎ᠡ ᠳᠤ᠂ ᠤᠶᠢᠷᠠᠳᠴᠤᠳ ᠡᠷᠴᠢᠰ ᠭᠤᠤᠯ ᠪᠠ ᠡᠪᠢ ᠭᠤᠤᠯ ᠤᠨ ᠳᠡᠬᠡᠳᠤ ᠤᠷᠤᠰᠬᠠᠯ ᠵᠢᠴᠢ ᠸᠤᠯᠭ᠎ᠠ ᠭᠤᠤᠯ ᠤᠨ ᠳᠤᠤᠷᠠᠳᠤ ᠤᠷᠤᠰᠬᠠᠯ ᠤᠷᠤᠨ ᠳᠠᠭᠠᠤ ᠠᠬᠦᠳᠡᠯᠯᠡᠨ ᠮᠠᠯᠵᠢᠵᠤ ᠪᠠᠶᠢᠪᠠ᠃
 
ᠢᠷᠡᠯᠲᠡ᠄ ᠠᠯᠠᠱᠠ ᠵᠡᠭᠦᠨ ᠬᠤᠰᠢᠭᠤᠨ ᠤ ᠵᠠᠰᠠᠭ ᠤᠨ ᠣᠷᠳᠣᠨ ᠤ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号