ᠳᠤᠷᠭᠤᠳ ᠵᠡᠬᠦᠨᠰᠢ ᠪᠠᠨ ᠨᠡᠬᠦᠨ ᠰᠢᠯᠵᠢᠭᠰᠡᠨ
ᠨᠡᠶᠢᠲᠡᠯᠡᠭᠰᠡᠨ ᠴᠠᠭ᠄
2024/9/6
         1628 ᠤᠨ ᠳᠤ᠂ ᠳᠤᠷᠭᠤᠳ ᠤᠨ ᠳᠦᠷᠦᠬᠦᠦ᠂ ᠪᠡᠯᠴᠢᠬᠡᠷ ᠤᠰᠤ ᠪᠠᠨ ᠦᠷᠬᠡᠳᠬᠡᠵᠤ᠂ ᠤᠶᠢᠷᠠᠳ ᠎ ᠤᠨ ᠳᠤᠳᠤᠭᠠᠳᠤ ᠳᠠᠬᠢ ᠳᠠᠶᠢᠨ ᠳᠠᠵᠢᠨ ᠠᠴᠠ ᠵᠠᠶᠢᠯᠠᠰᠬᠢᠬᠤ ᠶᠢᠨ ᠳᠦᠯᠦᠬᠡ᠂ ᠳᠤᠷᠭᠤᠳ ᠠᠶᠢᠮᠠᠭ ᠪᠠ ᠬᠤᠱᠤᠳ᠂ ᠳᠦᠷᠪᠡᠳ᠂ ᠬᠤᠶᠢᠳ ᠵᠡᠷᠬᠡ ᠠᠶᠢᠮᠠᠭ ᠤᠨ 23 ᠳᠦᠮᠡᠨ ᠬᠠᠷᠢᠶᠠᠳᠤ ᠢ ᠳᠠᠭᠠᠭᠤᠯᠵᠤ᠂ ᠳᠠᠷᠪᠠᠭᠠᠳᠠᠢ ᠠᠴᠠ ᠰᠠᠯᠵᠤ ᠸᠤᠯᠭ᠎ᠠ ᠮᠦᠷᠡᠨ ᠤ ᠳᠤᠤᠷᠠᠳᠤ ᠤᠷᠤᠰᠬᠠᠯ ᠳᠤ ᠬᠦᠷᠪᠡ᠃ 1630 ᠤᠨ ᠳᠤ᠂ ᠸᠤᠯᠭ᠎ᠠ ᠭᠤᠤᠯ ᠤᠨ ᠪᠠᠷᠠᠭᠤᠨ ᠡᠷᠬᠢ ᠳᠤ ᠰᠢᠨ᠎ᠡ ᠬᠠᠭᠠᠨᠳᠤ ᠤᠯᠤᠰ ᠢᠶᠠᠨ ᠪᠠᠶᠢᠭᠤᠯᠪᠠ᠃ ᠳᠤᠷᠭᠤᠳᠴᠤᠳ ᠦᠪᠡᠷ ᠤᠨ ᠦᠢᠯᠡ ᠠᠵᠢᠯᠯᠠᠭ᠎ᠠ ᠪᠠᠷ ᠎ ᠢᠶᠠᠨ ᠤᠶᠢᠷᠠᠳ ᠤᠨ ᠳᠤᠳᠤᠭᠠᠳᠤ ᠳᠠᠬᠢ ᠳᠠᠶᠢᠨ ᠢ ᠨᠠᠮᠳᠠᠭᠤᠯᠵᠤ᠂ ᠵᠦᠩᠭᠠᠷ ᠤᠨ ᠪᠡᠯᠴᠢᠬᠡᠷ ᠤᠰᠤ ᠤᠨ ᠰᠢᠬᠠᠭᠠᠤ ᠪᠠᠶᠢᠳᠠᠯ ᠢ ᠦᠬᠡᠷᠡᠴᠢᠯᠡᠭᠰᠡᠨ ᠢᠶᠠᠷ ᠪᠠᠷᠠᠬᠤ ᠦᠬᠡᠢ ᠤᠶᠢᠷᠠᠳ ᠮᠤᠩᠭᠤᠯ ᠢ ᠳᠠᠶᠢᠨ ᠳᠠᠭᠠᠭᠤᠯᠬᠤ ᠤᠷᠤᠰ ᠤᠨ ᠬᠡᠢ ᠬᠦᠰᠡᠯ ᠢ ᠪᠤᠳᠠ ᠨᠢᠷᠬᠢᠭᠰᠡᠨ ᠠᠴᠠ ᠤᠶᠢᠷᠠᠳ ᠤᠨ ᠡᠯ᠎ᠡ ᠠᠶᠢᠮᠠᠭ ᠪᠦᠯᠦᠭ ᠪᠠ ᠡᠬᠡ ᠤᠯᠤᠰ ᠤᠨ ᠠᠷᠠᠳ ᠳᠦᠮᠡᠨ ᠎ ᠤ ᠬᠦᠷᠢᠶᠡᠯᠡᠯ ᠢ ᠤᠯᠤᠭᠰᠠᠨ ᠪᠠᠶᠢᠨ᠎ᠠ᠃ ᠳᠤᠷᠭᠤᠳ ᠠᠶᠢᠮᠠᠭ ᠵᠡᠬᠦᠨᠰᠢ ᠨᠡᠬᠦᠨ ᠰᠢᠯᠵᠢᠭᠰᠡᠨ 140 ᠭᠠᠷᠤᠢ ᠵᠢᠯ ᠳᠤ ᠂ ᠡᠬᠡ ᠤᠯᠤᠰ ᠲᠠᠢ ᠪᠠᠨ ᠨᠢᠭᠳᠠ ᠬᠠᠷᠢᠴᠠᠭ᠎ᠠ ᠪᠠᠨ ᠪᠠᠳᠤᠯᠠᠵᠤ ᠪᠠᠶᠢᠯ᠎ᠠ᠃
 
ᠢᠷᠡᠯᠲᠡ᠄ ᠠᠯᠠᠱᠠ ᠵᠡᠭᠦᠨ ᠬᠤᠰᠢᠭᠤᠨ ᠤ ᠵᠠᠰᠠᠭ ᠤᠨ ᠣᠷᠳᠣᠨ ᠤ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号