ᠬᠥᠭᠡᠮᠡᠢ
ᠨᠡᠶᠢᠲᠡᠯᠡᠭᠰᠡᠨ ᠴᠠᠭ᠄
2024/9/6
       ᠬᠥᠭᠡᠮᠡᠢ ᠪᠤᠯ ᠮᠤᠩᠭᠤᠯᠴᠤᠳ ᠤᠨ ᠡᠬᠦᠳᠤᠨ ᠵᠤᠬᠢᠶᠠᠭᠰᠠᠨ ᠨᠢᠬᠡ ᠵᠦᠢᠯ ᠤᠨ ᠳᠠᠭᠤᠯᠠᠬᠤ ᠮᠡᠷᠬᠡᠵᠢᠯ᠂ ᠨᠢᠬᠡ ᠵᠦᠢᠯ ᠤᠨ ᠭᠠᠶᠢᠬᠠᠮᠰᠢᠭᠳᠠᠢ ᠬᠤᠭᠤᠯᠠᠢ ᠶᠢᠨ ᠤᠷᠠᠯᠢᠭ ᠪᠤᠯᠤᠨ᠎ᠠ᠃ ᠳᠠᠭᠤᠴᠢᠨ ᠤᠨᠴᠠᠭᠠᠢ ᠳᠠᠭᠤᠯᠠᠬᠤ ᠮᠡᠷᠬᠡᠵᠢᠯ ᠢᠶᠠᠷ᠂ ᠨᠢᠬᠡ ᠬᠦᠮᠦᠨ ᠬᠤᠶᠠᠷ ᠪᠤᠶᠤ ᠬᠤᠶᠠᠷ ᠠᠴᠠ ᠳᠡᠬᠡᠭᠰᠢ ᠳᠠᠭᠤᠨ ᠦᠩᠬᠡ ᠶᠢ ᠬᠠᠮᠳᠤ ᠳᠤᠨᠢ ᠭᠠᠷᠭᠠᠵᠤ᠂ ᠦᠯᠢᠳᠬᠡᠰᠢ ᠦᠬᠡᠢ ᠰᠠᠶᠢᠬᠠᠨ ᠰᠤᠨᠤᠰᠬᠤᠯᠠᠩ ᠲᠠᠢ ᠪᠠᠶᠢᠳᠠᠭ᠃ ᠬᠥᠭᠡᠮᠡᠢ ᠨᠢ ᠮᠤᠩᠭᠤᠯᠴᠤᠳ ᠤᠨ ᠤᠷᠴᠢᠯᠠᠩ ᠪᠠᠶᠢᠭᠠᠯᠢ ᠪᠠ ᠳᠦᠮᠡᠨ ᠪᠤᠳᠠᠰ ᠤᠨ ᠳᠤᠬᠠᠢ ᠬᠦᠨ ᠤᠬᠠᠭᠠᠨ ᠤ ᠰᠡᠳᠬᠢᠬᠦᠢ ᠪᠠ ᠭᠤᠸ᠎ᠠ ᠵᠦᠢ ᠶᠢᠨ ᠪᠤᠳᠠᠳᠤ ᠢᠯᠡᠷᠡᠯ ᠪᠤᠯᠤᠨ᠎ᠠ᠃ ᠠᠯᠠᠱᠠ ᠶᠢᠨ ᠤᠷᠠᠯᠢᠭᠴᠢᠳ ᠡᠨᠡᠬᠦ ᠬᠠᠴᠢᠨ ᠤᠷᠠᠯᠢᠭ ᠢ ᠨᠢᠮᠪᠠᠢ ᠰᠤᠷᠤᠯᠴᠠᠵᠤ᠂ ᠳᠠᠬᠢᠨ ᠰᠡᠬᠦᠬᠡᠵᠤ᠂ ᠡᠮᠬᠢᠳᠬᠡᠨ ᠳᠢᠭᠯᠡᠬᠦ ᠪᠠᠷ ᠳᠠᠮᠵᠢᠵᠤ᠂ ᠡᠨᠡᠬᠦ ᠤᠷᠠᠯᠢᠭ ᠨᠢ ᠠᠯᠠᠱᠠ ᠶᠢᠨ ᠦᠷᠬᠡᠨ ᠳᠠᠯ᠎ᠠ ᠨᠤᠳᠤᠭ ᠲᠤ ᠬᠡᠷᠡᠯ ᠬᠢᠯᠪᠠᠭ᠎ᠠ ᠪᠠᠨ ᠰᠠᠴᠤᠷᠠᠭᠤᠯᠵᠤ ᠪᠠᠶᠢᠭ᠎ᠠ᠃
 
ᠢᠷᠡᠯᠲᠡ᠄ ᠠᠯᠠᠱᠠ ᠵᠡᠭᠦᠨ ᠬᠤᠰᠢᠭᠤᠨ ᠤ ᠵᠠᠰᠠᠭ ᠤᠨ ᠣᠷᠳᠣᠨ ᠤ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号