ᠠᠯᠠᠱᠠ ᠤᠷᠢᠳᠤ ᠶᠢᠨ ᠳᠠᠭᠤᠤ
ᠨᠡᠶᠢᠲᠡᠯᠡᠭᠰᠡᠨ ᠴᠠᠭ᠄
2024/9/6
           ᠠᠯᠠᠱᠠ ᠤᠷᠢᠳᠤ ᠶᠢᠨ ᠳᠠᠭᠤᠤ ᠨᠢ ᠠᠭᠤᠯᠭ᠎ᠠ ᠪᠠᠶᠠᠯᠢᠭ᠂ ᠬᠡᠯᠪᠡᠷᠢ ᠤᠯᠠᠨ᠂ ᠪᠦᠳᠦᠴᠡ ᠬᠢᠨᠠᠮᠠᠭᠠᠢ᠂ ᠬᠤᠯᠪᠤᠴᠠ ᠵᠢᠭᠳᠡ᠂ ᠠᠶ᠎ᠠ ᠤᠷᠳᠤ᠂ ᠦᠬᠡ ᠤᠬᠤᠷ ᠢᠶᠠᠷ ᠢᠶᠠᠨ ᠦᠪᠡᠷᠮᠢᠴᠡ ᠬᠡᠪ ᠨᠠᠮᠪᠠ ᠪᠦᠷᠢᠯᠳᠦᠪᠡ᠃ ᠠᠯᠠᠱᠠ ᠤᠷᠢᠳᠤ ᠶᠢᠨ ᠳᠠᠭᠤᠤ ᠶᠢ ᠳᠠᠭᠤᠯᠬᠤ ᠤᠷ᠎ᠠ ᠮᠡᠷᠬᠡᠵᠢᠯ ᠢᠶᠠᠷ ᠢᠶᠠᠨ ᠭᠤᠤᠯᠳᠠᠭᠤ ᠬᠤᠱᠤᠳ᠂ ᠳᠤᠷᠭᠤᠳ᠂ ᠬᠠᠯᠬ᠎ᠠ ᠪᠠ ᠬᠦᠬᠡᠪᠤᠷ ᠤᠷᠢᠳᠤ ᠶᠢᠨ ᠳᠠᠭᠤᠤ ᠬᠡᠵᠤ ᠳᠦᠷᠪᠡ ᠬᠤᠪᠢᠶᠠᠳᠠᠭ᠃ ᠠᠯᠠᠱᠠ ᠤᠷᠢᠳᠤ ᠶᠢᠨ ᠳᠠᠭᠤᠤ ᠳᠡᠤᠬᠡᠨ ᠬᠦᠭᠵᠢᠯᠳᠡ ᠶᠢᠨ ᠳᠤᠮᠳᠠ᠂ ᠦᠪᠡᠷᠮᠢᠴᠡ ᠪᠦᠬᠦᠢ ᠬᠡᠪ ᠨᠠᠮᠪᠠ᠂ ᠤᠨᠴᠠᠯᠢᠭ ᠪᠠ ᠰᠢᠰᠲ᠋ᠧᠨ ᠲᠠᠢ ᠪᠤᠯᠵᠤ᠂ ᠴᠠᠭᠯᠠᠰᠢ ᠦᠬᠡᠢ ᠳᠡᠤᠬᠡ ᠰᠤᠶᠤᠯ ᠤᠨ ᠦᠨ᠎ᠡ ᠦᠷᠳᠡᠭ ᠲᠠᠢ ᠮᠦᠷᠳᠡᠬᠡᠨ ᠮᠦᠨᠴᠤ ᠠᠯᠠᠱᠠ ᠮᠤᠩᠭᠤᠯᠴᠤᠳ ᠤᠨ ᠳᠡᠤᠬᠡ ᠰᠤᠶᠤᠯ ᠤᠨ ᠬᠤᠷᠢᠶᠠᠩᠭᠤᠶᠢᠯᠠᠯ ᠪᠠ ᠤᠷᠠᠯᠢᠭ ᠤᠨ ᠤᠬᠢ ᠬᠠᠨᠳᠠ ᠪᠤᠯᠤᠨ᠎ᠠ᠃
 
ᠢᠷᠡᠯᠲᠡ᠄ ᠠᠯᠠᠱᠠ ᠵᠡᠭᠦᠨ ᠬᠤᠰᠢᠭᠤᠨ ᠤ ᠵᠠᠰᠠᠭ ᠤᠨ ᠣᠷᠳᠣᠨ ᠤ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号