ᠵᠡᠭᠡᠭᠲᠦ ᠨᠠᠭᠠᠭᠮᠠᠯ ︵ᠲᠠᠩᠺ︶
ᠨᠡᠶᠢᠲᠡᠯᠡᠭᠰᠡᠨ ᠴᠠᠭ᠄
2024/9/6
       ᠵᠡᠭᠡᠭᠲᠦ ᠨᠠᠭᠠᠭᠮᠠᠯ ᠨᠢ ᠳᠦᠪᠠᠤᠨ ᠤ ᠡᠬᠢᠨ ᠤ ᠦᠶ᠎ᠡ ᠳᠤ ᠪᠦᠷᠢᠯᠳᠤᠵᠤ᠂ ᠤᠯᠠᠩᠬᠢ ᠨᠢ ᠪᠦᠰ᠂ ᠳᠤᠷᠭ᠎ᠠ ᠂ ᠴᠠᠭᠠᠰᠤᠨ ᠳᠡᠬᠡᠷ᠎ᠡ ᠵᠢᠷᠤᠵᠤ᠂ ᠪᠠᠰᠠ ᠬᠠᠳᠬᠤᠮᠠᠯ᠂ ᠳᠤᠷᠭᠠᠨ ᠮᠢᠨᠳᠠᠰᠤᠨ ᠨᠡᠬᠡᠮᠡᠯ᠂ ᠨᠠᠭᠠᠮᠠᠯ ᠵᠢᠷᠤᠭ ᠵᠡᠷᠬᠡ ᠬᠡᠯᠪᠡᠷᠢ ᠪᠠᠶᠢᠳᠠᠭ᠃ ᠵᠡᠭᠡᠭᠲᠦ ᠨᠠᠭᠠᠭᠮᠠᠯ ᠶᠢᠨ ᠠᠭᠤᠯᠭ᠎ᠠ ᠨᠢ ᠮᠠᠰᠢ ᠦᠷᠬᠡᠨ ᠳᠠᠯᠬᠡᠷᠡᠩᠬᠦᠢ ᠪᠠᠶᠢᠵᠤ᠂ ᠨᠡᠶᠢᠬᠡᠮ ᠳᠡᠤᠬᠡ ᠪᠠ ᠠᠮᠢᠳᠤᠷᠠᠯ ᠤᠨ ᠳᠠᠳᠬᠠᠯ ᠢᠶᠠᠷ ᠰᠡᠳᠤᠪᠯᠡᠵᠤ᠂ ᠪᠠᠰᠠ ᠵᠢᠷᠤᠬᠠᠢ ᠪᠠ ᠡᠮ ᠡᠮᠨᠡᠯᠬᠡ ᠶᠢᠨ ᠰᠡᠳᠤᠪ ᠲᠠᠢ ᠵᠡᠭᠡᠭᠲᠦ ᠨᠠᠭᠠᠭᠮᠠᠯ ᠪᠠᠶᠢᠳᠠᠭ᠃ ᠳᠡᠤᠬᠡ ᠶᠢ ᠦᠨᠳᠤᠰᠤᠯᠡᠵᠤ ᠵᠢᠷᠤᠬᠤ᠂ ᠵᠢᠷᠤᠭ ᠢᠶᠠᠷ ᠳᠡᠤᠬᠡ ᠶᠢ ᠳᠤᠭᠠᠴᠢᠬᠤ ᠨᠢ ᠵᠡᠭᠡᠭᠲᠦ ᠨᠠᠭᠠᠭᠮᠠᠯ ᠶᠢᠨ ᠳᠤᠪᠤᠶᠢᠮ᠎ᠠ ᠤᠨᠴᠠᠯᠢᠭ ᠪᠤᠯᠤᠨ᠎ᠠ᠃ ᠵᠡᠭᠡᠭᠲᠦ ᠨᠠᠭᠠᠭᠮᠠᠯ ᠨᠢ ᠡᠷᠳᠡᠨ ᠤᠨ ᠤᠯᠠᠮᠵᠢᠯᠠᠯᠳᠤ ᠳᠡᠤᠬᠡᠨ ᠦᠯᠡᠳᠡᠭᠳᠡᠯ ᠪᠠᠶᠢᠵᠤ᠂ ᠬᠦᠮᠦᠰ ᠤᠨ ᠡᠷᠳᠡᠨ ᠤ ᠵᠢᠷᠤᠭ ᠤᠨ ᠤᠷᠠᠯᠢᠭ ᠢ ᠰᠤᠳᠤᠯᠬᠤ ᠨᠠᠨᠳᠢᠨ ᠮᠠᠲ᠋ᠧᠷᠢᠶᠠᠯ ᠪᠤᠯᠤᠨ᠎ᠠ᠃ ᠪᠤᠷᠬᠠᠨ ᠤ ᠱᠠᠰᠢᠨ ᠠᠯᠠᠱᠠ ᠳᠤ ᠤᠯᠠᠮᠵᠢᠯᠠᠨ ᠳᠡᠯᠬᠡᠷᠡᠭᠰᠡᠨ ᠠᠴᠠ ᠵᠡᠭᠡᠭᠲᠦ ᠨᠠᠭᠠᠭᠮᠠᠯ ᠤᠷᠠᠯᠢᠭ ᠴᠤ ᠠᠯᠠᠱᠠ ᠳᠤ ᠳᠡᠯᠬᠡᠷᠡᠨ ᠬᠦᠭᠵᠢᠪᠡ᠃
 
ᠢᠷᠡᠯᠲᠡ᠄ ᠠᠯᠠᠱᠠ ᠵᠡᠭᠦᠨ ᠬᠤᠰᠢᠭᠤᠨ ᠤ ᠵᠠᠰᠠᠭ ᠤᠨ ᠣᠷᠳᠣᠨ ᠤ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号