ᠰᠠᠪᠠᠷᠳᠢᠩ ᠪᠦᠵᠢᠭ
ᠨᠡᠶᠢᠲᠡᠯᠡᠭᠰᠡᠨ ᠴᠠᠭ᠄
2024/9/6
         ᠰᠠᠪᠠᠷᠳᠢᠩ ᠪᠤᠯ ᠠᠯᠠᠱᠠ ᠪᠠ ᠰᠢᠨᠵᠢᠶᠠᠩ ᠮᠤᠩᠭᠤᠯᠴᠤᠳ ᠤᠨ ᠤᠯᠠᠮᠵᠢᠯᠠᠯᠳᠤ ᠪᠦᠵᠢᠭ ᠪᠤᠯᠤᠨ᠎ᠠ᠃ ᠡᠨᠡᠬᠦ ᠪᠦᠵᠢᠭ ᠨᠢ ᠳᠤᠪᠰᠢᠭᠤᠷ ᠤᠨ ᠬᠠᠪᠰᠤᠷᠭᠠᠨ ᠤ ᠳᠤᠤᠷ᠎ᠠ᠂ ᠪᠦᠵᠢᠭᠯᠡᠭᠴᠢᠳ ᠬᠤᠶᠠᠷ ᠭᠠᠷ ᠤᠨ ᠳᠠᠪᠤᠨ ᠬᠤᠷᠤᠭᠤ ᠪᠠᠨ ᠳᠡᠭᠰᠢᠬᠡᠨ ᠨᠡᠶᠢᠯᠡᠬᠦᠯᠵᠤ᠂ ᠮᠦᠷᠤ ᠪᠠᠨ ᠨᠤᠬᠤᠯᠠᠵᠤ ᠬᠦᠩᠬᠡᠬᠡᠨ ᠴᠡᠴᠡᠷᠡᠬᠦᠯᠬᠦ ᠵᠢᠴᠢ ᠪᠦᠬᠦᠶᠢᠵᠤ ᠬᠡᠳᠡᠶᠢᠬᠦ᠂ ᠭᠠᠷ ᠢᠶᠠᠨ ᠳᠡᠯᠬᠡᠨ ᠮᠦᠷᠤ ᠪᠠᠨ ᠨᠤᠬᠤᠯᠠᠬᠤ ᠵᠡᠷᠬᠡ ᠭᠤᠶᠤᠮᠰᠠᠭ ᠬᠦᠳᠡᠯᠬᠡᠬᠡᠨ ᠢᠶᠠᠷ ᠠᠮᠢᠳᠤᠷᠠᠯ ᠤᠨ ᠰᠠᠶᠢᠨ ᠰᠠᠶᠢᠬᠠᠨ ᠢ ᠮᠠᠳᠠᠨ ᠳᠠᠭᠤᠯᠠᠵᠤ ᠪᠠᠶᠢᠳᠠᠭ᠃ ᠰᠠᠪᠠᠷᠳᠢᠩ ᠨᠢ ᠡᠳᠤᠷ ᠳᠤᠳᠤᠮ ᠤᠨ ᠠᠮᠢᠳᠤᠷᠠᠯ ᠤᠨ ᠦᠢᠯᠡᠳᠤᠯᠬᠡ ᠳᠤ ᠰᠠᠭᠤᠷᠢᠯᠠᠵᠤ᠂ ᠤᠯᠠᠨ ᠠᠷᠪᠢᠨ ᠠᠮᠢᠳᠤᠷᠠᠯ ᠦᠢᠯᠡᠳᠪᠤᠷᠢᠯᠡᠯ ᠤᠨ ᠬᠦᠳᠡᠯᠮᠤᠷᠢ ᠶᠢᠨ ᠬᠦᠳᠡᠯᠬᠡᠬᠡᠨ  ᠲᠠᠢ ᠪᠠᠶᠢᠳᠠᠭ᠃ ᠵᠢᠱᠢᠶᠠᠯᠡᠪᠡᠯ᠂ ᠰᠦ ᠰᠠᠭᠠᠬᠤ᠂ ᠠᠶᠢᠷᠠᠭ ᠪᠦᠯᠢᠬᠦ᠂ ᠠᠳᠤᠭᠤ ᠤᠷᠭᠠᠯᠠᠬᠤ᠂ ᠰᠠᠴᠤᠯᠢ ᠡᠷᠬᠦᠬᠦ ᠵᠡᠷᠬᠡ ᠪᠠᠶᠢᠳᠠᠭ᠃ ᠪᠠᠰᠠ ᠵᠢᠱᠢᠶᠠᠯᠡᠪᠡᠯ᠂ ᠡᠮᠡᠭᠳᠡᠢ ᠶᠢᠨ ᠨᠢᠭᠤᠷ ᠢᠶᠠᠨ ᠳᠤᠯᠢᠳᠠᠬᠤ᠂ ᠰᠠᠮᠨᠠᠵᠤ ᠭᠤᠶᠤᠯᠠᠬᠤ ᠬᠦᠳᠡᠯᠬᠡᠬᠡᠨ ᠪᠠᠶᠢᠳᠠᠭ᠃ ᠪᠠᠰᠠ ᠠᠮᠢᠳᠠᠨ ᠢ ᠳᠠᠭᠤᠷᠢᠶᠠᠭᠰᠠᠨ ᠬᠦᠳᠡᠯᠬᠡᠬᠡᠨ ᠪᠠᠶᠢᠳᠠᠭ᠂ ᠪᠦᠷᠬᠦᠳ ᠮᠡᠳᠤ ᠨᠢᠰᠬᠦ᠂ ᠢᠮᠠᠭ᠎ᠠ ᠮᠦᠷᠬᠦᠬᠦ᠂ ᠮᠤᠷᠢᠨ ᠤ ᠡᠯ᠎ᠡ ᠵᠦᠢᠯ ᠤᠨ ᠠᠯᠬᠤᠳᠠᠯ ᠢ ᠳᠠᠭᠤᠷᠢᠶᠠᠭᠰᠠᠨ ᠤᠯᠠᠨ ᠠᠷᠪᠢᠨ ᠬᠦᠳᠡᠯᠬᠡᠬᠡᠨ ᠲᠠᠢ ᠪᠠᠶᠢᠳᠠᠭ᠃
 
ᠢᠷᠡᠯᠲᠡ᠄ ᠠᠯᠠᠱᠠ ᠵᠡᠭᠦᠨ ᠬᠤᠰᠢᠭᠤᠨ ᠤ ᠵᠠᠰᠠᠭ ᠤᠨ ᠣᠷᠳᠣᠨ ᠤ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号