ᠠᠭᠤᠯᠠ ᠰᠢᠭ᠋ ᠰᠦᠮᠪᠦᠷᠯᠡᠬᠦ ᠠᠪᠤ ᠶᠢᠨ ᠬᠠᠶᠢᠷ᠎ᠠ
ᠨᠡᠶᠢᠲᠡᠯᠡᠭᠰᠡᠨ ᠴᠠᠭ᠄
2025/3/24
                            ᠰᠤᠷᠪᠤᠯᠵᠢᠯᠠᠬᠴᠢ ᠡᠷᠳᠡᠨᠢᠠ᠋ᠭᠤᠯᠠ ᠴᠢᠮᠡᠭᠡᠯᠡᠭᠴᠢ ᠡᠷᠳᠡᠨᠢᠬᠦᠦ ᠳ᠋ᠠᠷᠰᠢ          ᠡᠪᠦᠯ ᠤᠨ ᠨᠠᠮᠤᠭᠤᠬᠠᠨ ᠥᠷᠯᠥᠭᠡ ᠲᠡᠮᠡᠭᠡᠨ ᠠᠭᠤᠯᠠ ᠬᠥᠬᠡᠷᠡᠵᠦ ᠲᠤᠨᠤᠷᠠᠵᠤ ᠬᠠᠷᠠᠭᠳᠠᠨ᠎ᠠ᠃ ᠲᠡᠭᠦᠨ ᠤ ᠡᠩᠭᠡᠷ ᠲᠤ ᠰᠤᠨᠤᠯᠵᠠᠭᠰᠠᠨ ᠬᠥᠳᠡᠭᠡ ᠶᠢᠨ ᠰᠢᠷ᠎ᠠ ᠵᠠᠮ ᠢᠶᠠᠷ ᠳᠦᠭᠦᠷᠡᠩ ᠡᠪᠡᠰᠦ ᠠᠴᠢᠭᠰᠠᠨ ᠤᠯᠠᠭᠠᠨ ᠥᠩᠭᠡᠲᠡᠢ ᠠᠴᠢᠶᠠᠨ ᠪ᠊ ᠮᠠᠰᠢᠨ ᠲᠣᠭᠤᠰᠣ ᠲᠠᠲᠠᠭᠤᠯᠤᠨ ᠳᠠᠪᠬᠢᠭᠤᠯᠤᠨ᠎ᠠ᠃ ᠵᠢᠯᠣᠭᠤᠴᠢ ᠶᠢ ᠣᠶᠤᠨᠪᠠᠲᠤ ᠭᠡᠳᠡᠭ᠃ ᠳᠡᠷᠡ ᠲᠠᠨᠢᠯ ᠠᠶᠢᠯ ᠳᠠᠭᠠᠨ ᠵᠠᠬᠢᠶᠠᠯᠠᠭᠰᠠᠨ ᠡᠪᠡᠰᠦ ᠶᠢ ᠨᠢ ᠬᠦᠷᠭᠡᠵᠦ ᠥᠭᠭᠦᠭᠡᠳ ᠦᠳᠡ ᠪᠤᠯᠬᠤ ᠠᠴᠠ ᠡᠮᠦᠨ᠎ᠡ ᠠᠮᠵᠢᠭᠤᠯᠤᠨ ᠬᠠᠷᠢᠵᠤ ᠥᠬᠢᠨ ᠳᠡᠭᠡᠨ ᠪᠤᠳᠠᠭ᠎ᠠ ᠬᠤᠭᠤᠯᠠ ᠶᠢ ᠨᠢ ᠬᠢᠵᠦ ᠥᠭᠬᠦ᠂ ᠴᠠᠭᠢᠯᠭᠠᠨ ᠭᠦᠳᠡᠯᠭᠡᠭᠦᠷᠳᠦ ᠮᠣᠲ᠋ᠣᠷ ᠵᠠᠰᠠᠬᠤ᠂ ᠲᠠᠷᠢᠶᠠᠨ ᠭᠠᠵᠠᠷ ᠲᠤ ᠡᠪᠡᠰᠦ ᠬᠤᠷᠢᠶᠠᠵᠤ ᠪᠣᠭᠤᠳᠠᠯᠯᠠᠬᠤ ᠮᠡᠲᠦ ᠶᠢᠨ ᠴᠥᠷᠬᠡᠯᠡᠭᠳᠡᠭᠰᠡᠨ ᠣᠯᠠᠨ ᠠᠵᠢᠯ ᠢᠶᠠᠨ ᠠᠮᠵᠢᠭᠤᠯᠬᠤ ᠪᠠᠷ ᠶᠠᠭᠠᠷᠠᠵᠤ ᠪᠠᠶᠢᠭ᠎ᠠ ᠠᠵᠢ᠃          ᠦᠳᠡ ᠣᠶᠢᠷᠠᠳᠬᠤ ᠪᠠᠷ ᠪᠢᠳᠠ ᠣᠶᠤᠨᠪᠠᠲᠤ ᠲᠠᠢ ᠠᠭᠤᠯᠵᠠᠬᠤ ᠰᠠᠨ ᠭᠡᠵᠦ ᠬᠤᠶᠠᠷᠬᠤᠳᠳᠤᠭ ᠤᠨ ᠬᠥᠳᠡᠭᠡ ᠶᠢᠨ ᠰᠤᠷᠭᠠᠭᠤᠯᠢ ᠶᠢᠨ ᠡᠰᠡᠷᠭᠦ ᠲᠠᠯ᠎ᠠ ᠳᠤ ᠪᠠᠶᠢᠷᠢᠯᠠᠭ᠎ᠠ ︽ᠠ ᠯᠠᠩ ᠴᠠᠭᠢᠯᠭᠠᠨ ᠭᠦᠳᠡᠯᠭᠡᠭᠦᠷᠳᠦ ᠲᠡᠷᠭᠡ︾ ᠭᠡᠬᠦ ᠵᠠᠰᠠᠪᠤᠷᠢ ᠶᠢᠨ ᠭᠠᠵᠠᠷ ᠲᠤ ᠢᠷᠡᠵᠦ ᠬᠦᠯᠢᠶᠡᠪᠡ᠃ ᠤᠳᠠᠯ ᠦᠭᠡᠢ ᠰᠤᠷᠭᠠᠭᠤᠯᠢ ᠲᠠᠷᠬᠠᠬᠤ ᠳᠤ ᠳᠤᠭᠤᠢ ᠲᠡᠷᠭᠡ ᠶᠢ ᠮᠤᠨᠳᠠᠭ ᠬᠤᠷᠳᠤᠨ ᠤᠨᠤᠳᠠᠭ ᠪᠢᠴᠢᠬᠠᠨ ᠥᠬᠢᠨ ᠰᠠᠯᠬᠢ ᠲᠠᠲᠠᠭᠤᠯᠤᠨ ᠢᠷᠡᠯ᠎ᠡ᠃ ᠪᠢᠴᠢᠬᠠᠨ ᠥᠬᠢᠨ ᠤ ᠰᠡᠷᠭᠦᠯᠡᠩ ᠭᠡᠳᠡᠭ ᠨᠢ ᠠᠷᠭ᠎ᠠ ᠦᠭᠡᠢ᠃ ᠲᠠᠨᠢᠬᠤ ᠦᠭᠡᠢ ᠬᠥᠮᠥᠨ ᠡᠭᠦᠳᠡᠨ ᠳᠤᠨᠢ ᠪᠠᠶᠢᠬᠤᠯᠠᠷ ᠰᠢᠭᠤᠳ ᠲᠦᠯᠬᠢᠭᠦᠷ ᠢᠶᠠᠨ ᠠᠪᠴᠤ ᠳᠡᠯᠭᠡᠭᠦᠷ ᠲᠡᠭᠡᠨ ᠣᠷᠣᠭᠰᠠᠨ ᠦᠭᠡᠢ᠂ ᠬᠠᠷᠢᠨ ᠠᠪᠤ ᠪᠠᠨ ᠬᠦᠯᠢᠶᠡᠭᠰᠡᠨ ᠪᠠᠶᠢᠳᠠᠯ ᠭᠠᠷᠭᠠᠨ ᠪᠢᠳᠠᠨ ᠢ ᠠᠵᠢᠭᠯᠠᠵᠤ ᠪᠠᠶᠢᠯ᠎ᠠ᠃ ᠳᠡᠭᠡᠭᠡᠳ ᠳᠠᠭᠢᠨ ᠳᠤᠭᠤᠢ ᠪᠠᠨ ᠤᠨᠤᠵᠤ ᠨᠡᠯᠢᠶᠡᠳ ᠵᠠᠶᠢᠲᠠᠢ ᠭᠠᠵᠠᠷ ᠳᠠᠪᠬᠢᠭᠤᠯᠵᠤ ᠭᠠᠷᠤᠭᠠᠳ ᠠᠪᠤ ᠳᠠᠭᠠᠨ ᠤᠲᠠᠰᠤᠳᠠᠵᠤ ᠪᠠᠶᠢᠬᠤ ᠮᠠᠶ᠋ᠢᠭ ᠲᠠᠢ᠂ ᠬᠡᠰᠡᠭ ᠤᠳᠠᠭᠠᠳ ᠳᠠᠪᠬᠢᠭᠤᠯᠵᠤ ᠢᠷᠡᠭᠡᠳ ᠲᠦᠯᠬᠢᠭᠦᠷ ᠲᠠᠯᠪᠢᠵᠤ ᠪᠠᠶᠢᠭᠰᠠᠨ ᠭᠠᠵᠠᠷ ᠠᠴᠠ ᠪᠠᠨ ᠲᠦᠯᠬᠢᠭᠦᠷ ᠢᠶᠠᠨ ᠠᠪᠴᠤ ᠡᠭᠦᠳᠡ ᠪᠠᠨ ᠨᠡᠭᠡᠭᠡᠭᠡᠳ ᠪᠢᠳᠠᠨ ᠢ ᠣᠷᠣᠭᠤᠯᠪᠠ᠃          ᠣᠶᠤᠨᠪᠠᠲᠤ ᠵᠠᠰᠠᠪᠤᠷᠢ ᠶᠢᠨ ᠭᠠᠵᠠᠷ ᠤᠨ ᠨᠢᠭᠡᠳᠦᠭᠡᠷ ᠳᠠᠪᠬᠤᠷᠯᠢᠭ ᠲᠠᠭᠠᠨ ᠠᠷᠢᠬᠢ ᠲᠠᠮᠠᠬᠢ ᠠᠴᠠ ᠥᠭᠰᠥᠭᠦᠯᠦᠨ ᠡᠳᠦᠷ ᠳᠤᠳᠤᠮ ᠤᠨ ᠬᠡᠷᠡᠭᠯᠡᠭᠡᠨ ᠤ ᠵᠦᠢᠯᠡᠰ᠂ ᠴᠠᠭᠢᠯᠭᠠᠨ ᠭᠦᠳᠡᠯᠭᠡᠭᠦᠷᠳᠦ ᠮᠣᠲ᠋ᠣᠷ ᠤᠨ ᠳᠤᠨᠤᠭ ᠰᠡᠯᠪᠢᠭ ᠬᠤᠳᠠᠯᠳᠤᠵᠤ᠂ ᠬᠤᠶᠠᠳᠤᠭᠠᠷ ᠳᠠᠪᠬᠤᠷᠯᠢᠭ ᠲᠤ ᠬᠤᠨᠣᠵᠤ ᠰᠠᠭᠤᠵᠤ ᠪᠠᠶᠢᠳᠠᠭ ᠶᠤᠮ ᠪᠠᠶᠢᠨ᠎ᠠ᠃ ᠪᠢᠴᠢᠬᠠᠨ ᠥᠬᠢᠨ ᠪᠢᠰᠢᠭᠦᠷᠬᠡᠬᠦ ᠦᠭᠡᠢ ᠪᠣᠯᠵᠤ᠂ ᠪᠢᠳᠠᠨ ᠳᠤ ᠴᠠᠢ ᠵᠠᠰᠠᠵᠤ ᠦᠭᠭᠦᠯ᠎ᠠ᠃ ᠮᠠᠨᠳᠠᠷᠠᠸ᠎ᠠ ᠭᠡᠳᠡᠭ ᠨᠡᠷ᠎ᠡ ᠲᠠᠢ ᠭᠡᠨ᠎ᠡ          ᠤᠳᠠᠯ ᠦᠭᠡᠢ ᠣᠶᠤᠨᠪᠠᠲᠤ ᠬᠠᠷᠢᠵᠤ ᠢᠷᠠᠯ᠎ᠠ᠃ ᠭᠠᠷ ᠨᠢᠭᠤᠷ ᠢᠶᠠᠨ ᠤᠬᠢᠶᠠᠵᠤ ᠪᠠᠷᠠᠮᠠᠭᠴᠠ ᠪᠤᠳᠠᠭ᠎ᠠ ᠴᠠᠢ ᠪᠡᠯᠡᠳᠬᠡᠨ ᠪᠤᠵᠢᠭᠢᠨᠠᠵᠤ ᠭᠠᠷᠪᠠ᠃ ᠨᠠᠷᠢᠬᠠᠨ ᠪᠡᠶ᠎ᠡ ᠲᠠᠢ ᠡᠨᠡ ᠡᠷ᠎ᠡ ᠭᠡᠷ ᠤᠨ ᠪᠦᠭᠦ  ᠠᠵᠢᠯ ᠢ ᠪᠦᠷ ᠠᠮᠵᠢᠭᠤᠯᠤᠨ ᠬᠢᠴᠢᠬᠡᠳᠡᠭ ᠱᠠᠯᠠᠮᠠᠭᠠᠢ ᠬᠥᠮᠥᠨ ᠪᠠᠶᠢᠯ᠎ᠠ᠃ ︽ᠥᠬᠢᠨ ᠰᠤᠷᠭᠠᠭᠤᠯᠢ ᠳᠤ ᠰᠠᠭᠤᠬᠤ ᠳᠤ ᠳᠦᠭᠦᠮ ᠭᠡᠵᠦ 50 ᠲᠦᠮᠡᠨ ᠲᠥᠭᠦᠷᠢᠭ ᠢᠶᠠᠷ ᠡᠨᠡ ᠠᠰᠠᠷ ᠢ ᠬᠤᠳᠠᠯᠳᠤᠨ ᠠᠪᠤᠭᠰᠠᠨ ᠶᠤᠮ᠃ ᠠᠰᠠᠷ ᠠᠪᠬᠤ ᠳᠤ ᠵᠣᠭᠤᠰ ᠵᠢᠭᠡᠯᠡᠵᠦ ᠥᠷᠢ ᠲᠠᠯᠪᠢᠭᠰᠠᠨ ᠲᠤᠯᠠ ᠤᠳᠤ ᠠᠵᠢᠯ ᠪᠠᠶᠢᠪᠠᠯ ᠬᠢᠵᠦ᠂ ᠡᠳᠦᠷᠵᠢᠨ ᠶᠠᠭᠠᠷᠠᠵᠤ ᠯᠡ ᠪᠠᠶᠢᠨ᠎ᠠ︾ ᠭᠡᠵᠦ ᠢᠨᠢᠶᠡᠮᠰᠦᠭᠯᠡᠨ ᠬᠡᠯᠡᠨ᠎ᠡ᠃          ᠣᠶᠤᠨᠪᠠᠲᠤ᠂ ᠲᠡᠭᠷᠢ ᠡᠯᠡᠰᠦ ᠪᠠᠯᠭᠠᠰᠤᠨ ᠤ ᠲᠡᠮᠡᠭᠡᠨ ᠠᠭᠤᠯᠠ ᠭᠠᠴᠠᠭᠠᠨ ᠤ ᠤᠤᠭᠠᠯ᠃ ᠳᠡᠭᠡᠷ᠎ᠡ ᠵᠠᠭᠤᠨ ᠤ ᠶᠡᠷᠡᠭᠡᠳ ᠣᠨ ᠳᠤ ᠮᠠᠯᠴᠢᠳ ᠢ ᠬᠤᠶᠠᠷᠬᠤᠳᠳᠤᠭ ᠤᠨ ᠬᠥᠳᠡᠭᠡ ᠳᠤ ᠨᠡᠭᠦᠯᠭᠡᠬᠦ ᠲᠥᠷᠥ ᠶᠢᠨ ᠪᠣᠳᠣᠯᠭ᠎ᠠ ᠶᠢᠨ ᠲᠣᠬᠢᠷᠠᠭᠤᠯᠭ᠎ᠠ ᠪᠠᠷ ᠵᠢᠷᠭᠠᠯᠰᠠᠶᠢᠬᠠᠨ ᠪᠠᠯᠭᠠᠰᠤᠨ ᠤ ᠬᠠᠳᠤᠠᠭᠤᠤᠯ ᠭᠠᠴᠠᠭᠠᠨ ᠳᠤ ᠨᠤᠲᠤᠭᠰᠢᠵᠠᠢ᠃ ︽ᠪᠢ 32 ᠮᠦ ᠲᠠᠷᠢᠶᠠᠨ ᠭᠠᠵᠠᠷ ᠲᠠᠢ᠂ ᠥᠩᠭᠡᠷᠡᠭᠰᠡᠨ ᠳᠤ ᠲᠠᠷᠢᠶᠠᠨ ᠤ ᠤᠷᠤᠯᠭ᠎ᠠ ᠰᠠᠶᠢᠨ ᠪᠢᠰᠢ ᠪᠣᠯᠬᠤᠷ ᠪᠤᠰᠤᠳ ᠲᠤ ᠲᠦᠷᠢᠶᠡᠰᠦᠯᠡᠵᠦ ᠥᠭᠭᠦᠭᠡᠳ ᠲᠡᠭᠡᠭᠡᠪᠦᠷᠢ ᠶᠢᠨ ᠠᠵᠢᠯ ᠬᠢᠵᠦ ᠪᠠᠶᠢᠭᠰᠠᠨ᠃ ᠥᠬᠢᠨ ᠢ ᠭᠤᠷᠪᠠᠨ ᠨᠠᠰᠤᠲᠠᠢ ᠳᠤ ᠤᠷᠤᠭ ᠰᠠᠯᠤᠭᠰᠠᠨ ᠠᠴᠠ ᠲᠠᠷᠢᠶᠠᠨ ᠠᠵᠢᠯ ᠢ ᠳᠠᠭᠢᠨ ᠬᠢᠬᠦ ᠪᠣᠯᠤᠭᠰᠠᠨ ᠶᠤᠮ᠃ ᠪᠤᠰᠤᠳ ᠲᠤ ᠭᠠᠵᠠᠷ ᠢᠶᠠᠨ ᠲᠦᠷᠢᠶᠡᠰᠦᠯᠡᠬᠦ ᠠᠴᠠ ᠥᠪᠡᠷ ᠢᠶᠠᠨ ᠳᠠᠷᠢᠪᠠᠯ ᠤᠷᠤᠯᠭ᠎ᠠ ᠪᠠᠭ᠎ᠠ ᠨᠡᠮᠡᠭᠳᠡᠯ ᠲᠠᠢ᠂ ᠲᠡᠷᠡᠴᠢᠯᠡᠨ ᠥᠬᠢᠨ ᠬᠡᠦᠬᠡᠳ ᠤᠨ ᠴᠡᠴᠡᠷᠯᠢᠭ ᠲᠤ ᠰᠠᠭᠤᠬᠤ ᠪᠣᠯᠤᠭᠰᠠᠨ ᠢᠶᠠᠷ ᠭᠠᠳᠠᠭᠰᠢ ᠭᠠᠷᠴᠤ ᠲᠡᠭᠡᠭᠡᠪᠦᠷᠢ ᠶᠢᠨ ᠠᠵᠢᠯ ᠬᠢᠬᠦ ᠶᠢᠨ ᠠᠷᠭ᠎ᠠ ᠦᠭᠡᠢ᠃ ᠳᠡᠭᠡᠭᠡᠳ ᠲᠠᠷᠢᠶᠠᠨ ᠠᠵᠢᠯ ᠬᠢᠬᠦ ᠶᠢᠨ ᠳᠠᠭᠠᠤ ᠣᠶᠢᠷ᠎ᠠ ᠵᠠᠭᠤᠷ᠎ᠠ ᠠᠵᠢᠯ ᠣᠯᠵᠤ ᠬᠢᠭᠡᠳ ᠠᠮᠢᠳᠤᠷᠠᠯ ᠢᠶᠠᠨ ᠪᠣᠰᠬᠠᠵᠤ ᠶᠠᠪᠤᠯ᠎ᠠ︾ ᠭᠡᠬᠦ ᠳᠤ ᠬᠠᠷ᠎ᠠ ᠪᠣᠷᠣ ᠠᠵᠢᠯ ᠳᠤ ᠳᠠᠷᠤᠭᠳᠠᠭᠰᠠᠨ ᠬᠥᠷᠥᠰᠦᠯᠢᠭ ᠴᠢᠷᠠᠢ  ᠳᠤᠨᠢ ᠭᠤᠨᠢᠭ ᠮᠠᠨᠠᠨᠳᠠᠵᠦ ᠬᠠᠷᠠᠭᠳᠠᠨ᠎ᠠ᠃           ︽ᠡᠷ᠎ᠡ ᠪᠦᠰᠡᠲᠡᠢ ᠬᠥᠮᠥᠨ ᠭᠠᠭᠴᠠᠭᠠᠷ ᠢᠶᠠᠨ ᠬᠡᠦᠬᠡᠳ ᠥᠰᠬᠡᠨ᠎ᠡ ᠭᠡᠭᠴᠢ ᠠᠮᠠᠷ ᠦᠭᠡᠢ᠂ ᠢᠳᠡᠵᠦ ᠡᠮᠦᠰᠬᠦ᠂ ᠤᠬᠢᠶᠠᠵᠤ ᠴᠡᠪᠡᠷᠯᠡᠬᠦ᠂ ᠰᠤᠷᠭᠠᠵᠤ ᠬᠥᠮᠥᠵᠢᠭᠦᠯᠬᠦ ᠤᠯᠠᠨ ᠤᠴᠢᠷ ᠠᠷᠤ ᠠᠷᠤ ᠠᠴᠠ ᠪᠠᠨ ᠴᠤᠪᠤᠷᠠᠨ᠎ᠠ᠃ ᠬᠡᠷᠪᠡ ᠡᠪᠡᠳᠴᠢᠯᠡᠵᠦ ᠵᠣᠪᠠᠪᠠᠯ ᠠᠵᠢᠯ ᠬᠠᠶᠠᠭᠳᠠᠵᠤ᠂ ᠬᠠᠷᠠᠵᠤ ᠬᠠᠷᠠᠭᠠᠯᠵᠠᠬᠤ ᠤᠴᠢᠷ ᠲᠤ ᠰᠦᠢᠳ ᠪᠤᠯᠳᠠᠭ᠃ ᠬᠡᠦᠬᠡᠳ ᠢᠶᠠᠨ ᠡᠷᠡᠭᠦᠯ ᠰᠠᠷᠠᠭᠤᠯ ᠰᠠᠶᠢᠬᠠᠨ ᠠᠪᠴᠤ ᠶᠠᠪᠤᠶ᠎ᠠ ᠭᠡᠵᠦ ᠵᠢᠳᠬᠦᠭᠰᠡᠭᠡᠷ ᠢᠷᠡᠭᠰᠡᠨ ᠶᠤᠮ᠃ ᠳᠡᠭᠡᠭᠡᠳ ᠬᠡᠦᠬᠡᠳ ᠢᠶᠠᠨ ᠬᠡᠵᠢᠶᠡᠳᠡ ᠬᠠᠵᠠᠭᠤ ᠳᠠᠭᠠᠨ ᠳᠠᠭᠠᠭᠤᠯᠵᠤ ᠲᠠᠷᠢᠶᠠᠨ ᠠᠵᠢᠯ ᠢᠶᠠᠨ ᠬᠢᠳᠡᠭ᠃ ᠲᠣᠮᠣ ᠬᠥᠮᠥᠨ ᠲᠠᠢ ᠶᠠᠪᠤᠬᠤ ᠳᠤ ᠬᠡᠦᠬᠡᠳ ᠶᠡᠷᠦᠨᠢ ᠨᠠᠭᠠᠳᠬᠤ ᠬᠠᠨᠢ ᠦᠭᠡᠢ ᠭᠠᠭᠴᠠᠭᠠᠷᠳᠠᠬᠤ ᠶᠤᠮ ᠪᠢᠯᠡ᠂ ᠪᠢ ᠵᠠᠪ ᠭᠠᠷᠤᠭᠰᠠᠭᠠᠷ ᠬᠡᠦᠬᠡᠳ ᠲᠠᠢ ᠪᠠᠨ ᠨᠠᠭᠠᠳᠴᠤ ᠤᠷᠮ᠎ᠠ ᠶᠢ ᠨᠢ ᠰᠡᠷᠭᠦᠭᠡᠳᠡᠭ ᠪᠠᠶᠢᠭᠰᠠᠨ︾ ᠭᠡᠳ ᠬᠠᠷᠠᠩᠭᠤᠢ ᠰᠥᠨᠢ ᠪᠠᠭᠤᠯᠭᠠᠭᠰᠠᠨ ᠨᠢᠭᠡᠨ ᠰᠡᠭᠦᠳᠡᠷ ᠢ ᠵᠢᠭᠠᠭᠠᠳ᠄ ︽ᠡᠨᠡ ᠵᠢᠷᠤᠭ ᠦᠯᠢᠭᠡᠷ ᠲᠠᠢ ᠶᠤᠮ᠃ ᠰᠥᠨᠢ ᠲᠠᠷᠢᠶᠠᠨ ᠳᠤ ᠤᠰᠤ ᠳᠠᠯᠪᠢᠬᠤ ᠦᠶ᠎ᠡ ᠳᠤ ᠬᠡᠦᠬᠡᠳ ᠢ ᠲᠡᠷᠭᠡᠨ ᠳᠡᠭᠡᠷ᠎ᠡ ᠰᠠᠭᠤᠯᠭᠠᠭᠠᠳ ᠪᠢ ᠠᠵᠢᠯ ᠳᠠᠭᠠᠨ ᠶᠠᠭᠠᠷᠠᠭᠰᠠᠨ᠃ ᠪᠤᠴᠠᠵᠤ ᠢᠷᠡᠬᠦᠯᠡᠷ ᠬᠡᠦᠬᠡᠳ ᠠᠶᠤᠵᠤ ᠡᠮᠢᠶᠡᠨ ᠠᠲᠤᠷᠢᠵᠤ ᠬᠤᠷᠠᠭᠠᠳ ᠶᠡᠭᠡ ᠬᠥᠭᠡᠷᠦᠬᠦᠶᠢᠯᠡᠯᠲᠡᠢ ᠪᠠᠶᠢᠯ᠎ᠠ᠃ ᠳᠡᠭᠡᠭᠡᠳ ᠬᠡᠦᠬᠡᠳ ᠢᠶᠠᠨ ᠠᠷᠭᠠᠳᠠᠬᠤ ᠶᠢᠨ ᠳᠠᠭᠠᠤ ᠲᠡᠭᠦᠨ ᠲᠠᠢ ᠨᠢᠭᠤᠯᠴᠠᠭ᠎ᠠ ᠬᠢᠵᠦ ᠨᠠᠭᠠᠳᠤᠭᠰᠠᠨ᠃ ᠬᠡᠦᠬᠡᠳ ᠭᠡᠭᠴᠢ ᠬᠥᠭᠡᠷᠦᠬᠦᠢ᠂ ᠨᠠᠭᠠᠳᠤᠨ᠎ᠠ ᠭᠡᠭᠰᠡᠭᠡᠷ ᠪᠡᠯᠡᠨ ᠤᠷᠮ᠎ᠠ ᠲᠠᠢ ᠪᠣᠯᠵᠤ ᠠᠪᠤ ᠶᠢᠨ ᠢᠶᠠᠨ ᠳᠡᠷᠭᠡᠳᠡ ᠵᠣᠷᠢᠭ ᠲᠠᠢ ᠪᠣᠯᠴᠢᠬᠠᠳᠠᠭ ᠶᠤᠮ ᠪᠠᠶᠢᠨ᠎ᠠ᠂ ᠬᠠᠷᠠᠩᠭᠤᠢ ᠰᠥᠨᠢ ᠪᠢᠳᠠ ᠬᠤᠶᠠᠭᠤᠯᠠ ᠬᠥᠯᠥᠰᠦ ᠭᠠᠷᠳᠠᠯ᠎ᠠ ᠪᠠᠨ ᠲᠣᠭᠯᠠᠭᠠᠳ ᠠᠮᠠᠷᠠᠬᠤ ᠦᠶ᠎ᠡ ᠳᠤ ᠡᠨᠡ ᠰᠡᠭᠦᠳᠡᠷ ᠢ ᠲᠠᠲᠠᠭᠤᠯᠵᠤ ᠪᠢᠯᠡ︾ ᠭᠡᠵᠦ ᠥᠩᠭᠡᠷᠡᠭᠰᠡᠨ ᠤ ᠠᠮᠢᠳᠤᠷᠠᠯ ᠤᠨ ᠬᠡᠰᠡᠭ ᠪᠤᠰᠤᠭ ᠢᠶᠠᠨ ᠡᠷᠭᠢᠴᠡᠭᠦᠯᠦᠨ ᠶᠠᠷᠢᠨ᠎ᠠ᠃ ᠠᠪᠤ ᠬᠥᠮᠥᠨ ᠠᠵᠢᠯᠯᠠᠭᠠᠳ ᠬᠡᠳᠦᠢ ᠶᠠᠳᠠᠷᠠᠵᠤ ᠪᠠᠶᠢᠭᠰᠠᠨ ᠴᠦ ᠬᠡᠦᠬᠡᠳ ᠢᠶᠠᠨ ᠬᠠᠷᠠᠮᠠᠭᠴᠠ ᠵᠦᠳᠡᠷᠡᠯ  ᠨᠢ ᠮᠠᠷᠲᠠᠭᠳᠠᠵᠤ ᠲᠡᠭᠦᠨ ᠤ ᠪᠠᠨ ᠲᠥᠯᠥᠭᠡ ᠶᠠᠭᠤᠨ ᠠᠴᠠ ᠴᠦ ᠪᠤᠴᠠᠬᠤ ᠦᠭᠡᠢ ᠪᠣᠯᠴᠢᠬᠠᠳᠠᠭ ᠨᠢ ᠶᠠᠮᠠᠷ ᠨᠢᠭᠡᠨ ᠷᠢᠳᠢ ᠰᠢᠳᠢ ᠭᠡᠯᠲᠡᠢ᠃          ᠣᠶᠤᠨᠪᠠᠲᠤ ᠲᠠᠢ ᠶᠠᠷᠢᠯᠴᠠᠬᠤ ᠳᠤ ᠦᠭᠡ ᠶᠠᠷᠢᠶ᠎ᠠ ᠨᠢ ᠥᠬᠢᠨ ᠤ ᠪᠠᠨ ᠲᠤᠬᠠᠢ ᠰᠡᠳᠦᠪ ᠠᠴᠠ ᠰᠠᠯᠬᠤ ᠦᠭᠡᠢ ᠪᠠᠶᠢᠯ᠎ᠠ᠃ ᠳᠡᠷᠡ ᠭᠠᠷ ᠤᠲᠠᠰᠤ ᠪᠠᠨ ᠭᠠᠷᠭᠠᠨ ᠥᠬᠢᠨ ᠤ ᠪᠠᠨ ᠥᠰᠴᠦ ᠪᠣᠶᠢᠵᠢᠭᠰᠠᠨ ᠥᠩᠭᠡᠷᠡᠯᠲᠡ ᠶᠢ ᠪᠢᠳᠠᠨ ᠳᠤ ᠦᠵᠡᠭᠦᠯᠵᠦ᠂ ᠵᠢᠷᠭᠤᠭᠠᠨ ᠵᠢᠯ ᠤᠨ ᠲᠤᠷᠰᠢᠬᠢ ᠬᠡᠦᠬᠡᠳ ᠢᠶᠠᠨ ᠥᠰᠬᠡᠭᠰᠡᠨ ᠦᠯᠢᠭᠡᠷ ᠢᠶᠠᠨ ᠶᠠᠷᠢᠨ᠎ᠠ᠃ ᠪᠢᠴᠢᠬᠠᠨ ᠮᠠᠨᠳᠠᠷᠠᠸ᠎ᠠ ᠠᠯᠢᠶ᠎ᠠ ᠳᠡᠭᠵᠢᠨ ᠪᠠᠶᠢᠳᠠᠭ ᠲᠤᠬᠠᠢ᠂ ᠤᠬᠠᠭᠠᠨ ᠲᠣᠮᠤᠭ᠎ᠠ ᠲᠠᠢ ᠪᠠᠶᠢᠳᠠᠭ ᠲᠤᠬᠠᠢ᠂ ᠬᠡᠳᠦᠢ ᠱᠠᠩᠨᠠᠯ ᠣᠯᠣᠭᠰᠠᠨ᠂ ᠬᠡᠳᠦᠨ ᠰᠢᠯᠦᠭ ᠴᠡᠭᠡᠵᠢᠯᠡᠭᠰᠡᠨ᠂ ᠬᠡᠳᠦᠨ ᠦᠯᠢᠭᠡᠷ ᠶᠠᠷᠢᠵᠤ ᠴᠢᠳᠠᠳᠠᠭ ᠭᠡᠳ ᠬᠡᠦᠬᠡᠳ ᠤᠨ ᠲᠤᠬᠠᠢ ᠶᠠᠷᠢᠬᠤ ᠳᠤ ᠦᠭᠡ ᠨᠢ ᠣᠨᠳᠣᠷᠴᠤ ᠰᠡᠳᠬᠢᠯ ᠨᠢ ᠭᠡᠷᠡᠯᠲᠦᠨ᠎ᠡ᠃ ᠭᠡᠪᠡᠴᠦ ᠥᠪᠡᠷ ᠤᠨ ᠬᠢᠨᠢ ᠲᠤᠬᠠᠢ ᠶᠠᠷᠢᠬᠤ ᠳᠤ ᠦᠭᠡ ᠨᠢ ᠴᠥᠭᠡᠳᠡᠵᠦ᠂ ᠱᠠᠯᠠᠵᠤ ᠰᠢᠬᠠᠬᠤ ᠶᠢᠨ ᠨᠠᠭᠠᠭᠤᠷ ᠪᠠᠶᠢᠮᠠᠨ ᠰᠠᠶ᠋ᠢ ᠲᠡᠭᠦᠨ ᠤ ᠡᠳᠦᠷ ᠲᠤ ᠳᠥᠷᠪᠡ ᠲᠠᠪᠤᠨ ᠵᠦᠢᠯ ᠤᠨ ᠠᠵᠢᠯ ᠢ ᠡᠷᠲᠡᠯᠡᠵᠦ ᠣᠷᠣᠶᠢᠯᠠᠨ ᠬᠢᠵᠦ᠂ ᠠᠮᠢᠳᠤᠷᠠᠯ ᠢᠶᠠᠨ ᠥᠭᠡᠳᠡ ᠳᠠᠳᠠᠨ ᠪᠣᠰᠬᠠᠵᠤ ᠪᠠᠶᠢᠳᠠᠭ ᠢ ᠮᠡᠳᠡᠵᠦ ᠠᠪᠤᠭᠰᠠᠨ ᠶᠤᠮ᠃          ᠪᠢᠴᠢᠬᠠᠨ ᠮᠠᠨᠳᠠᠷᠠᠸ᠎ᠠ ᠬᠡᠦᠬᠡᠳ ᠤᠨ ᠴᠡᠴᠡᠷᠯᠢᠭ ᠲᠤ ᠣᠷᠣᠭᠰᠠᠨ ᠠᠴᠠ ᠨᠠᠭᠠᠰᠢ᠂ ᠥᠬᠢᠨ ᠢᠶᠠᠨ ᠶᠠᠭᠠᠬᠢᠵᠤ ᠬᠥᠮᠥᠨ ᠤ ᠬᠡᠦᠬᠡᠳ ᠲᠠᠢ ᠠᠳᠠᠯᠢᠬᠠᠨ ᠡᠷᠬᠡ ᠵᠢᠷᠭᠠᠯ ᠲᠠᠢ ᠥᠰᠬᠡᠬᠦ ᠪᠢᠯᠡ ᠭᠡᠳᠡᠭ ᠨᠢ ᠣᠶᠤᠨᠪᠠᠲᠤ ᠶᠢᠨ ᠰᠡᠳᠬᠢᠯ ᠳᠤ ᠤᠶᠠᠭᠠᠲᠠᠢ ᠪᠣᠯᠤᠭᠰᠠᠨ ᠭᠡᠨ᠎ᠡ᠃ ᠳᠡᠭᠡᠭᠡᠳ ᠳᠡᠷᠡ ᠲᠠᠷᠢᠶᠠᠨ ᠠᠵᠢᠯ ᠤᠨ ᠴᠢᠯᠦᠭᠡ ᠵᠠᠪ ᠢᠶᠠᠷ ᠬᠥᠳᠡᠭᠡ ᠶᠢᠨ ᠠᠶᠢᠯ ᠳᠤ ᠣᠴᠢᠵᠤ ᠬᠠᠪᠲᠠᠰᠤᠨ ᠭᠡᠷ ᠪᠠᠷᠢᠬᠤ᠂ ᠬᠦᠷᠢᠶ᠎ᠡ ᠬᠠᠰᠢᠶ᠎ᠠ ᠵᠠᠰᠠᠬᠤ ᠪᠠ ᠪᠠᠯᠭᠠᠰᠤᠨ ᠳᠡᠭᠡᠷ᠎ᠡ ᠳᠡᠯᠭᠡᠭᠦᠷ ᠲᠤ ᠠᠵᠢᠯᠯᠠᠬᠤ᠂ ᠵᠠᠰᠠᠪᠤᠷᠢ ᠶᠢᠨ ᠭᠠᠵᠠᠷ ᠱᠠᠪᠢ ᠣᠷᠣᠬᠤ᠂ ᠲᠡᠷᠭᠡ ᠮᠠᠰᠢᠨ ᠤ ᠰᠡᠯᠪᠢᠭ ᠳᠤᠨᠤᠭ ᠬᠤᠳᠠᠯᠳᠤᠬᠤ ᠭᠡᠬᠦᠴᠢᠯᠡᠨ ᠠᠵᠢᠯ ᠢ ᠭᠤᠯᠣᠯ ᠦᠭᠡᠢ ᠬᠢᠵᠦ ᠶᠠᠪᠤᠵᠠᠢ᠃ ᠭᠡᠪᠡᠴᠦ ᠥᠬᠢᠨ ᠢᠶᠠᠨ ᠴᠡᠴᠡᠷᠯᠢᠭ ᠲᠤ ᠬᠦᠷᠭᠡᠬᠦ᠂ ᠬᠠᠷᠠᠵᠤ ᠳᠣᠳᠣᠮᠳᠠᠬᠤ᠂ ᠬᠢᠴᠢᠶᠡᠯ ᠳᠠᠰᠬᠠᠯ ᠢ ᠨᠢ ᠵᠢᠯᠤᠭᠤᠳᠬᠤ ᠲᠤᠯᠠ ᠬᠤᠯᠠ ᠭᠠᠵᠠᠷ ᠶᠠᠪᠤᠵᠤ ᠴᠢᠳᠠᠯ ᠦᠭᠡᠢ᠂ ᠳᠣᠣᠷ᠎ᠠ ᠤᠷᠤᠯᠭ᠎ᠠ ᠲᠠᠢ ᠬᠥᠯᠥᠰᠦᠨ ᠠᠵᠢᠯ ᠬᠢᠵᠦ ᠪᠠᠶᠢᠪᠠ᠃ ᠣᠶᠤᠨᠪᠠᠲᠤ ᠬᠡᠳᠦᠶᠢᠪᠡᠷ ᠰᠤᠷᠤᠯᠭ᠎ᠠ ᠶᠢᠨ ᠮᠥᠷ ᠬᠥᠭᠡᠭᠡᠵᠦ ᠪᠢᠴᠢᠭ ᠨᠣᠮ ᠰᠤᠷᠤᠭ᠎ᠠ ᠦᠭᠡᠢ ᠪᠤᠯᠪᠠᠴᠦ ᠰᠤᠷᠴᠤ ᠰᠤᠳᠤᠯᠬᠤ ᠳᠤᠷᠠᠲᠠᠢ᠂ ᠪᠠᠭ᠎ᠠ ᠠᠴᠠ ᠪᠠᠨ ᠲᠡᠷᠭᠡ ᠮᠠᠰᠢᠨ ᠢ ᠵᠠᠰᠠᠵᠤ ᠤᠷᠤᠯᠳᠤᠬᠤ ᠳᠤ ᠪᠠᠭ᠋ᠠᠲᠠᠢ ᠭᠡᠨ᠎ᠡ᠃ ᠵᠢᠯ ᠭᠠᠷᠤᠢ ᠵᠠᠰᠠᠪᠤᠷᠢ ᠶᠢᠨ ᠭᠠᠵᠠᠷ ᠱᠠᠪᠢ ᠪᠤᠯᠬᠤ ᠳᠠᠭᠠᠨ ᠴᠠᠭᠢᠯᠭᠠᠨ ᠭᠦᠳᠡᠯᠭᠡᠭᠦᠷᠳᠦ ᠲᠡᠷᠭᠡ ᠶᠢ ᠵᠠᠰᠠᠬᠤ ᠮᠡᠷᠭᠡᠵᠢᠯ ᠢ ᠭᠠᠶᠢᠭᠤᠢ ᠰᠠᠶᠢᠨ ᠡᠵᠡᠮᠰᠢᠵᠦ᠂ ᠳᠡᠭᠡᠷ᠎ᠡ ᠨᠢ ᠨᠣᠮ ᠪᠢᠴᠢᠭ᠂ ᠰᠦᠯᠵᠢᠶᠡᠨ ᠳᠡᠭᠡᠷ᠎ᠡ ᠠᠴᠠ ᠮᠡᠳᠡᠯᠭᠡ ᠰᠤᠷᠤᠯᠴᠠᠭᠠᠳ᠂ ᠥᠪᠡᠷ ᠤᠨ ᠮᠡᠷᠭᠡᠵᠢᠯ ᠢᠶᠠᠨ ᠶᠡᠬᠡᠬᠡᠨ ᠳᠡᠭᠡᠭᠰᠢᠯᠡᠭᠦᠯᠵᠡᠢ᠃ ᠤᠷᠵᠢᠨᠤᠨ ᠨᠠᠮᠤᠷ ᠪᠢᠴᠢᠬᠠᠨ ᠮᠠᠨᠳᠠᠷᠠᠸ᠎ᠠ ᠪᠠᠭ᠎ᠠ ᠰᠤᠷᠭᠠᠭᠤᠯᠢ ᠳᠤ ᠣᠷᠣᠬᠤ ᠪᠤᠯᠬᠤ ᠳᠤ ᠳᠡᠷᠡ ᠰᠤᠷᠭᠠᠭᠤᠯᠢ ᠶᠢᠨ ᠡᠭᠦᠳᠡᠨ ᠤ ᠡᠰᠡᠷᠭᠦ ᠲᠠᠯ᠎ᠠ ᠳᠤ ᠳᠡᠯᠭᠡᠭᠦᠷ ᠭᠠᠷᠭᠠᠨ ᠵᠠᠰᠠᠪᠤᠷᠢ ᠶᠢᠨ ᠠᠵᠢᠯ ᠬᠢᠬᠦ ᠪᠣᠯᠵᠠᠢ᠃ ︽ᠮᠠᠨ ᠤ ᠭᠠᠴᠠᠭ᠎ᠠ ᠰᠤᠷᠭᠠᠭᠤᠯᠢ ᠠᠴᠠ ᠬᠡᠳᠦᠨ ᠺᠢᠯᠣᠮᠧᠲᠷ ᠵᠠᠶᠢᠲᠠᠢ᠂ ᠥᠬᠢᠨ ᠤ ᠰᠤᠷᠭᠠᠭᠤᠯᠢ ᠳᠤ ᠶᠠᠪᠤᠬᠤ ᠳᠤ ᠳᠦᠭᠦᠮ ᠢ ᠪᠤᠳᠤᠵᠤ᠂ ᠡ᠊ᠨᠳᠡ ᠠᠴᠠ ᠠᠰᠠᠷ ᠠᠪᠴᠤ ᠵᠠᠰᠠᠪᠤᠷᠢ ᠶᠢᠨ ᠭᠠᠵᠠᠷ ᠢᠶᠠᠨ ᠭᠠᠷᠭᠠᠯ᠎ᠠ᠃ ᠥᠪᠡᠷ ᠤᠨ ᠭᠡᠬᠦ ᠲᠣᠭᠲᠠᠮᠠᠯ ᠠᠵᠢᠯ ᠬᠢᠪᠡᠯ ᠤᠷᠤᠯᠭ᠎ᠠ ᠰᠠᠶᠢᠵᠢᠷᠠᠨ᠂ ᠥᠬᠢᠨ ᠢᠶᠠᠨ ᠨᠡᠩ ᠰᠠᠶᠢᠨ ᠠᠮᠢᠳᠤᠷᠠᠭᠤᠯᠵᠤ ᠴᠢᠳᠠᠨ᠎ᠠ︾ ᠭᠡᠵᠦ ᠣᠶᠤᠨᠪᠠᠲᠤ ᠶᠠᠷᠢᠨ᠎ᠠ᠃           ︽ᠤᠰᠤ ᠠᠷᠪᠢᠯᠠᠬᠤ ᠲᠤᠰᠬᠠᠢ ᠲᠣᠬᠢᠷᠠᠭᠤᠯᠤᠯᠲᠠ ᠲᠠᠢ ᠪᠣᠯᠬᠤᠷ  ᠤᠰᠤᠯᠠᠭᠠᠨ ᠳᠤ ᠠᠷᠪᠢᠲᠠᠢ ᠲᠠᠷᠢᠮᠠᠯ ᠢ ᠨᠢᠭᠡᠳᠦᠯᠲᠡᠢ ᠲᠠᠷᠢᠳᠠᠭ᠃ ᠤᠷᠵᠢᠨᠤᠨ ᠡᠷᠳᠡᠨᠢ ᠰᠢᠰᠢ ᠳᠠᠷᠢᠭᠠᠳ17 ᠳᠤᠨ ᠬᠤᠷᠢᠶᠠᠵᠤ 3.4 ᠲᠦᠮᠡᠨ ᠲᠥᠭᠦᠷᠢᠭ ᠢᠶᠠᠷ ᠬᠤᠳᠠᠯᠳᠤᠭᠰᠠᠨ᠃ ᠨᠢᠳᠤᠨᠤᠨ ᠪᠠᠰᠠ ᠡᠷᠳᠡᠨᠢ ᠰᠢᠰᠢ ᠳᠠᠷᠢᠬᠤ ᠪᠠᠷ ᠲᠣᠬᠢᠷᠠᠭᠤᠯᠤᠭᠰᠠᠨ᠂ ᠪᠢ ᠨᠢᠭᠲᠠ ᠰᠢᠭ᠋ ᠳᠠᠷᠢᠭᠰᠠᠨ ᠤ ᠳᠡᠭᠡᠷ᠎ᠡ ᠬᠤᠷ᠎ᠠ ᠪᠣᠷᠣᠭᠠᠨ ᠰᠠᠶᠢᠨ ᠪᠣᠯᠬᠤᠷ ᠬᠤᠷᠢᠶᠠᠯᠲᠠ ᠳᠡᠭᠡᠷ᠎ᠡ ᠵᠢᠯ ᠤᠨ ᠬᠢ ᠠᠴᠠ ᠰᠠᠶᠢᠨ ᠪᠣᠯᠤᠭᠰᠠᠨ᠂ ᠤᠳᠤ ᠪᠤᠯᠳᠠᠯ᠎ᠠ ᠡᠷᠳᠡᠨᠢ ᠰᠢᠰᠢ ᠪᠠᠨ ᠬᠤᠳᠠᠯᠳᠤᠭᠠᠳᠤᠢ ᠪᠠᠶᠢᠭᠰᠠᠭᠠᠷ᠃ ᠪᠢᠳᠠ ᠡᠷᠳᠡᠨᠢ ᠰᠢᠰᠢ ᠶᠢ ᠳᠤᠰᠤᠯᠭᠠᠨ ᠤᠰᠤᠯᠠᠬᠤ ᠮᠡᠷᠭᠡᠵᠢᠯ ᠢᠶᠠᠷ ᠳᠠᠷᠢᠵᠦ ᠪᠠᠶᠢᠨ᠎ᠠ᠃ ᠪᠤᠰᠤᠳ ᠬᠥᠮᠥᠨ ᠳᠤᠰᠤᠯᠭᠠᠨ ᠤᠰᠤᠯᠠᠬᠤ ᠭᠤᠤᠷᠰᠤ ᠶᠢ ᠲᠠᠷᠢᠶᠠᠨ ᠳᠠᠭᠠᠨ ᠲᠣᠭᠲᠠᠮᠠᠯ ᠪᠠᠶᠢᠷᠢᠰᠢᠭᠤᠯᠤᠨ ᠲᠠᠯᠪᠢᠳᠠᠭ᠂ ᠪᠢ ᠥᠪᠡᠷ ᠢᠶᠠᠨ ᠡᠪᠬᠡᠵᠦ ᠬᠤᠷᠢᠶᠠᠬᠤ ᠲᠥᠬᠦᠭᠡᠷᠦᠮᠵᠢ ᠵᠣᠬᠢᠶᠠᠭᠠᠳ ᠬᠤᠷᠢᠶᠠᠵᠤ ᠠᠪᠳᠠᠭ᠃ ᠡᠨᠡ ᠨᠢ ᠨᠠᠷᠠᠨ ᠳᠤ ᠥᠭᠢᠷᠡᠬᠦ᠂ ᠡᠯᠡᠭᠳᠡᠵᠦ ᠴᠤᠭᠤᠷᠠᠬᠤ ᠠᠴᠠ ᠰᠡᠷᠭᠡᠶᠢᠯᠡᠵᠦ᠂ ᠵᠠᠷᠤᠯᠭ᠎ᠠ ᠪᠠᠨ ᠭᠠᠮᠨᠠᠬᠤ ᠪᠠᠷ ᠪᠠᠷᠠᠬᠤ ᠦᠭᠡᠢ ᠬᠥᠷᠥᠰᠥ ᠰᠢᠷᠣᠢ ᠶᠢ ᠪᠠᠰᠠ ᠦᠷᠡᠭᠡᠳᠡᠭ ᠦᠭᠡᠢ᠂ ᠣᠷᠴᠢᠨ ᠲᠣᠭᠤᠷᠢᠨ ᠤ ᠬᠠᠮᠠᠭᠠᠯᠠᠯᠲᠠ ᠳᠤ ᠠᠰᠢᠭᠲᠠᠢ ᠪᠠᠶᠢᠳᠠᠭ᠃ ᠡᠪᠦᠯ ᠬᠠᠪᠤᠷ ᠤᠨ ᠴᠠᠭ ᠲᠤ ᠮᠠᠯᠴᠢᠳ ᠲᠤ ᠡᠪᠡᠰᠦ ᠪᠣᠷᠳᠤᠭ᠎ᠠ ᠬᠦᠷᠭᠡᠬᠦ ᠠᠵᠢᠯ ᠢ ᠬᠢᠳᠡᠭ᠂ ᠨᠢᠭᠡ ᠤᠳᠠᠭ᠎ᠠ ᠬᠦᠷᠭᠡᠪᠡᠯ ᠪᠠᠷᠤᠭ 500 ᠲᠥᠭᠦᠷᠢᠭ ᠤᠨ ᠤᠷᠤᠯᠭ᠎ᠠ ᠣᠯᠵᠤ ᠴᠢᠳᠠᠨ᠎ᠠ᠂ ᠵᠤᠨ ᠨᠠᠮᠤᠷ ᠵᠠᠪ ᠴᠢᠯᠦᠭᠡ ᠪᠠᠷ ᠬᠥᠳᠡᠭᠡ ᠶᠢᠨ ᠠᠶᠢᠯ ᠤᠨ ᠬᠠᠰᠢᠶ᠎ᠠ ᠰᠠᠷᠠᠪᠴᠢ ᠵᠠᠰᠠᠬᠤ᠂ ᠬᠠᠪᠲᠠᠰᠤᠨ ᠭᠡᠷ ᠬᠥᠮᠥᠷᠭᠡ ᠪᠠᠷᠢᠬᠤ᠂ ᠲᠡᠷᠭᠡ ᠮᠠᠰᠢᠨ ᠢ ᠵᠠᠰᠠᠬᠤ ᠵᠡᠷᠭᠡ ᠪᠠᠷ ᠳᠠᠭᠤᠳᠠᠯᠭ᠎ᠠ ᠢᠷᠡᠪᠡᠯ ᠣᠴᠢᠭᠠᠳ ᠬᠢᠵᠦ ᠦᠭᠳᠡᠭ᠃ ᠲᠠᠷᠢᠶᠠᠨ ᠠᠵᠢᠯ ᠳᠡᠭᠡᠷ᠎ᠡ ᠴᠤ ᠦᠷᠭᠦᠯᠵᠢ ᠪᠤᠰᠤᠳ ᠢ ᠬᠠᠪᠰᠤᠷᠴᠤ ᠪᠠᠶᠢᠳᠠᠭ ᠢᠶᠠᠷ ᠨᠠᠳᠠ ᠠᠵᠢᠯ ᠳᠤᠲᠠᠭᠳᠠᠳᠠᠭ ᠦᠭᠡᠢ᠃ ᠮᠠᠨ ᠤ ᠡ᠊ᠨᠳᠡᠭᠢ ᠠᠶᠢᠯ ᠪᠣᠯᠭᠠᠨ ᠳᠤ ᠭᠤᠷᠪᠠ ᠳᠦᠷᠪᠡᠨ ᠴᠠᠭᠢᠯᠭᠠᠨ ᠭᠦᠳᠡᠯᠭᠡᠭᠦᠷᠳᠦ ᠲᠡᠷᠭᠡ ᠲᠠᠢ᠂ ᠡᠪᠳᠡᠷᠡᠪᠡᠯ ᠳᠡᠳᠡ ᠨᠠᠮᠠᠶᠢ ᠡᠷᠢᠵᠦ ᠵᠠᠰᠠᠭᠤᠯᠳᠠᠭ᠃ ᠪᠢ ᠭᠠᠳᠠᠨ᠎ᠠ ᠠᠵᠢᠯ ᠬᠢᠵᠦ ᠪᠠᠶᠢᠪᠠᠯ ᠵᠠᠰᠠᠭᠤᠯᠬᠤ ᠲᠡᠷᠭᠡ ᠪᠠᠨ ᠠᠪᠴᠢᠷᠠᠵᠤ ᠲᠠᠯᠪᠢᠭᠠᠳ ᠬᠠᠮᠢᠭ᠎ᠠ ᠨᠢ ᠪᠤᠯᠬᠤ ᠪᠠᠨ ᠪᠠᠶᠢᠭᠰᠠᠨ ᠭᠡᠵᠦ ᠸᠢᠴᠠᠲ ᠢᠶᠠᠷ ᠬᠡᠯᠡᠭᠡᠳ ᠶᠠᠪᠤᠴᠢᠬᠠᠨ᠎ᠠ᠃ ᠪᠢ ᠰᠥᠨᠢ ᠪᠠᠷ ᠵᠠᠰᠠᠵᠤ ᠭᠠᠷᠭᠠᠭᠠᠳ ᠳᠡᠳᠡᠨ ᠤ ᠳᠠᠷᠠᠭ᠎ᠠ ᠡᠳᠦᠷ ᠨᠢ ᠬᠡᠷᠡᠭᠯᠡᠬᠦ ᠳᠤ ᠪᠡᠯᠡᠬᠡᠨ ᠪᠣᠯᠭᠠᠴᠢᠬᠠᠳᠠᠭ᠃ ᠡᠨᠡ ᠨᠢ ᠨᠠᠳᠠ ᠵᠢᠯ ᠳᠡᠭᠡᠨ ᠬᠡᠳᠦᠨ ᠲᠦᠮᠡᠨ ᠲᠥᠭᠦᠷᠢᠭ ᠤᠨ ᠤᠷᠤᠯᠭ᠎ᠠ ᠣᠯᠭᠤᠵᠤ ᠪᠠᠶᠢᠨ᠎ᠠ᠃ ᠠᠮᠢᠳᠤᠷᠠᠯ ᠵᠢᠯ ᠠᠴᠠ ᠵᠢᠯ ᠰᠠᠶᠢᠵᠢᠷᠠᠵᠤ ᠪᠠᠶᠢᠨ᠎ᠠ᠂ ᠤᠳᠠᠯ ᠦᠭᠡᠢ ᠥᠷᠢ ᠰᠢᠷᠢ ᠪᠠᠨ ᠲᠥᠯᠥᠵᠦ ᠪᠠᠷᠠᠭᠠᠳ᠂ ᠪᠦᠭᠦ ᠶᠠᠭᠤᠮ᠎ᠠ ᠤᠯᠠᠮ ᠰᠠᠶᠢᠨ ᠪᠣᠯᠣᠨ᠎ᠠ ᠭᠡᠳᠡᠭ ᠲᠤ ᠢᠲᠡᠭᠡᠯ ᠳᠦᠭᠦᠷᠡᠩ ᠪᠠᠶᠢᠨ᠎ᠠ︾ ᠭᠡᠵᠦ ᠰᠡᠳᠬᠢᠯ ᠬᠠᠩᠬᠤᠯᠤᠭᠤᠨ ᠶᠠᠷᠢᠨ᠎ᠠ᠃          ᠤᠳᠠᠯ ᠦᠭᠡᠢ ᠦᠳᠡ ᠶᠢᠨ ᠬᠤᠶᠢᠨ᠎ᠠ ᠶᠢᠨ ᠬᠢᠴᠢᠶᠡᠯ ᠣᠷᠣᠬᠤ ᠴᠠᠭ ᠪᠣᠯᠪᠠ᠃ ᠣᠶᠤᠨᠪᠠᠲᠤ ᠥᠬᠢᠨ ᠢᠶᠠᠨ ᠳᠠᠭᠤᠳᠠᠨ ᠬᠤᠪᠴᠠᠰᠤ ᠬᠤᠨᠠᠷ ᠢ ᠨᠢ ᠰᠣᠯᠢᠵᠤ ᠡᠮᠦᠰᠬᠡᠨ᠂ ᠦᠰᠦ ᠭᠡᠵᠢᠭᠡ ᠶᠢ ᠨᠢ ᠰᠠᠮᠨᠠᠵᠤ ᠥᠭᠭᠦᠭᠡᠳ ᠶᠠᠪᠤᠭᠤᠯᠪᠠ᠃ ᠠᠭᠤᠯᠠ ᠰᠢᠭ᠋ ᠲᠦᠰᠢᠭ ᠪᠣᠯᠤᠭᠰᠠᠨ ᠠᠪᠤ ᠶᠢᠨ ᠢᠶᠠᠨ ᠬᠠᠯᠠᠭᠤᠨ ᠵᠢᠷᠦᠬᠡᠨ ᠤ ᠬᠠᠶᠢᠷ᠎ᠠ ᠶᠢ ᠨᠢ ᠥᠪᠯᠡᠨ᠂ ᠰᠠᠨᠴᠢᠭ ᠲᠤᠨᠢ ᠨᠡᠮᠡᠭᠳᠡᠬᠦ ᠮᠥᠩᠭᠦᠨ ᠰᠤᠷ ᠤᠨ ᠲᠣᠭᠠᠯᠠᠩ ᠢᠶᠠᠷ ᠡᠷᠬᠡ ᠵᠢᠷᠭᠠᠯ ᠲᠠᠢ ᠥᠰᠴᠦ ᠪᠣᠶᠢᠵᠢᠭ᠎ᠠ ᠪᠢᠴᠢᠬᠠᠨ ᠮᠠᠨᠳᠠᠷᠠᠸ᠎ᠠ ᠦᠰᠦᠷᠴᠦ ᠳᠡᠭᠳᠡᠭᠰᠡᠭᠡᠷ ᠰᠤᠷᠭᠠᠭᠤᠯᠢ ᠵᠦᠭ ᠢᠶᠠᠨ ᠶᠠᠪᠤᠵᠤ ᠣᠳᠪᠠ᠃ ᠠᠮᠢᠳᠤᠷᠠᠯ ᠰᠣᠶᠣᠯ ᠤᠨ ᠣᠷᠭᠢᠯ ᠰᠠᠨᠰᠠᠷ ᠥᠭᠡᠳᠡ ᠳᠡᠭᠦᠯᠢᠬᠦ ᠵᠠᠮ ᠤᠨ ᠴᠢᠯᠠᠭᠤ ᠪᠦᠭᠦᠨ ᠢ ᠨᠢ ᠵᠥᠭᠡᠯᠡᠯᠡᠵᠦ᠂ ᠥᠷᠭᠡᠰᠦ ᠪᠦᠭᠦᠨ ᠢ ᠨᠢ ᠲᠡᠭᠦᠬᠦ ᠣᠶᠤᠨᠪᠠᠲᠤ ᠶᠢᠨ ᠴᠢᠷᠠᠢ ᠳᠤ ᠵᠢᠷᠭᠠᠯ ᠤᠨ ᠲᠤᠶᠠᠭ᠎ᠠ ᠲᠠᠲᠠᠵᠤ᠂ ︽ᠠᠮᠠᠷᠠᠵᠤ ᠪᠤᠯᠳᠠᠭ ᠦᠭᠡᠢ︾ ᠲᠤᠰᠢᠶᠠᠯ ᠠᠪᠤᠭᠰᠠᠨ ᠰᠢᠭ᠋ ᠥᠪᠡᠷ ᠤᠨ ᠠᠵᠢᠯ ᠳᠠᠭᠠᠨ ᠭᠠᠷᠤᠯ᠎ᠠ ᠁  
 
ᠢᠷᠡᠯᠲᠡ᠄ ᠠᠯᠠᠱᠠ ᠶᠢᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号