| ᠵᠠᠢ ᠨᠢ 30 — 60 ᠭᠠᠵᠠᠷ ᠤᠨ ᠬᠤᠭᠤᠷᠤᠨᠳᠤ ᠪᠠᠶᠢᠵᠤ᠂ ᠤᠷᠤᠯᠳᠤᠭᠠᠨ ᠤ ᠳᠡᠬᠦᠰᠭᠡᠯ ᠤᠨ ᠭᠠᠵᠠᠷ ᠲᠤ | ᠳᠤᠰᠬᠠᠶᠢᠯᠠᠨ ᠳᠤᠮᠢᠯᠠᠭᠰᠠᠨ ᠪᠠᠷᠢᠶᠠᠨ ᠤ ᠬᠦᠮᠤᠰ ᠤᠨᠤᠭ᠎ᠠ ᠪᠠᠨ ᠤᠨᠤᠨ ᠳᠡᠷᠢᠬᠦᠯᠡᠵᠤ ᠢᠷᠡᠭᠰᠡᠨ ᠳᠡᠮᠡᠭᠡᠨ ᠠᠴᠠ | ᠦᠭᠰᠤᠬᠦᠯᠤᠨ ᠳᠠᠰᠤᠯᠪᠤᠷᠢ ᠳᠤ ᠬᠦᠷᠳᠡᠯ᠎ᠡ ᠨᠢᠵᠡᠭᠡᠳ ᠳᠤᠰᠤᠨ ᠪᠠᠷᠢᠵᠤ ᠬᠦᠳᠤᠯᠤᠭᠡᠳ ᠨᠠᠷᠢᠨ ᠱᠤᠭᠰᠢᠯᠭᠠ ᠪᠠᠷ | ᠨᠠᠶᠢᠷ ᠤᠨ ᠳᠠᠯᠠᠪᠠᠢ ᠶᠢ ᠵᠦᠪ ᠭᠤᠷᠪᠠ ᠡᠷᠭᠢᠨ ᠤᠨᠤᠭᠠᠨ ᠤ ᠠᠮᠢᠰᠬᠤᠭ᠎ᠠ ᠶᠢ ᠳᠠᠷᠤᠵᠤ᠂ ᠨᠠᠶᠢᠷ ᠤᠨ ᠳᠠᠯᠠᠪᠠᠢ ᠳᠤ | ᠢᠷᠡᠭᠰᠡᠨ ᠳᠠᠷᠠᠭᠠᠯᠠᠯ ᠢᠶᠠᠷ ᠵᠢᠭᠰᠠᠨ ᠵᠤᠭᠰᠤᠬᠤ ᠳᠤ᠂ ᠳᠡᠮᠡᠭᠡ ᠤᠨᠤᠭᠰᠠᠨ ᠢᠷᠤᠭᠡᠯᠴᠢ ᠮᠦᠩᠬᠦᠨ ᠴᠦᠬᠦᠴᠠ ᠲᠠᠢ | ᠴᠠᠭᠠᠨ ᠢᠳᠡᠭᠡ᠂ ᠬᠠᠳᠠᠭ ᠳᠡᠷᠢᠬᠦᠳᠡᠨ ᠢ ᠳᠡᠭᠡᠷ᠎ᠡ ᠡᠷᠬᠦᠨ ᠲᠦᠷᠦᠭᠦᠦ ᠠᠲᠠ ᠶᠢ ᠢᠷᠦᠭᠡᠵᠤ᠂ ᠲᠦᠷᠦᠭᠦᠯᠦᠭᠰᠡᠨ | ᠵᠠᠯᠠᠭᠤ ᠶᠢ ᠮᠢᠯᠢᠶᠠᠬᠤ ᠪᠠᠷ ᠪᠠᠷᠠᠬᠤ ᠦᠭᠡᠢ ᠬᠠᠮᠤᠭ ᠰᠡᠭᠦᠯ ᠳᠤ ᠢᠷᠡᠭᠰᠡᠨ ᠲᠡᠮᠡᠭᠡ ᠶᠢ ᠪᠠᠷᠢᠵᠤ᠂ ᠡᠵᠡᠨ ᠳᠤᠨᠢ | ᠰᠢᠨ᠎ᠡ ᠴᠠᠭᠠᠨ ᠢᠰᠡᠭᠡᠢ ᠤᠭᠤᠳᠠ ᠪᠠᠷᠢᠭᠤᠯᠤᠭᠠᠳ ︽ᠪᠠᠶᠠᠨ ᠬᠤᠳᠤᠭᠤᠳᠤ ᠶᠢᠨ ᠢᠷᠦᠭᠡᠯ︾ ᠲᠠᠯᠪᠢᠳᠠᠭ ᠵᠠᠩᠰᠢᠯ | ᠪᠤᠢ᠃ ᠬᠤᠴᠤᠷᠴᠤ ᠢᠷᠡᠭᠰᠡᠨ ᠠᠲᠠ᠂ ᠬᠤᠴᠤᠷᠤᠭᠰᠠᠨ ᠠᠲᠠᠨ ᠤ ᠡᠵᠡᠨ ᠢ ᠢᠷᠦᠭᠡᠭᠡᠳᠲ᠋ᠡᠷᠢᠬᠦᠯᠡᠵᠤ ᠢᠷᠡᠭᠰᠡᠨ | ᠠᠳᠠᠨ ᠤ ᠡᠵᠡᠨ ᠳᠤ ᠶᠢᠰᠤ ᠶᠢᠨ ᠱᠠᠩ ᠦᠭᠴᠤ᠂ ᠪᠤᠰᠤᠳ ᠳ᠋ᠤᠭᠠᠷ ᠲᠤ ᠤᠷᠤᠭᠰᠠᠨ ᠳᠡᠮᠡᠭᠡᠨ ᠤ ᠡᠵᠡᠨ ᠳᠤ ᠠᠳᠠᠯᠢ | ᠪᠤᠰᠤ ᠱᠠᠩ ᠤᠯᠭᠤᠵᠤ ᠤᠷᠤᠯᠳᠤᠭᠠᠨ ᠢ ᠲᠡᠭᠦᠰᠭᠡᠳᠡᠭ᠃ ᠭᠡᠪᠡᠴᠤ ᠪᠠᠶᠠᠨ ᠬᠤᠳᠤᠭᠤᠳᠤᠨ ᠳᠤ ᠱᠠᠩᠨᠠᠯ ᠦᠭᠬᠦ | ᠦᠭᠡᠢ᠂ ᠬᠠᠷᠢᠨ ᠵᠦᠪᠬᠡᠨ ᠨᠢᠭᠡ ᠬᠠᠳᠠᠭ ᠳᠡᠭᠡᠷ᠎ᠡ ᠨᠢᠭᠡ ᠴᠠᠢ ᠲᠠᠯᠪᠢᠬᠤ ᠵᠡᠷᠭᠡ ᠶᠠᠭᠤᠮ᠎ᠠ ᠦᠭᠴᠤ ᠮᠢᠯᠢᠶᠠᠳᠠᠭ | ᠳᠠᠳᠬᠠᠯ ᠪᠠᠶᠢᠳᠠᠭ᠃ | | |