| | | ᠬᠠᠪᠤᠷ ᠤᠨ ᠤᠯᠠᠷᠢᠯ ᠨᠢ ᠲᠦᠮᠡᠨ ᠪᠣᠳᠠᠰ ᠠᠮᠢᠯᠠᠨ ᠲᠥᠯᠵᠢᠬᠦ ᠴᠠᠭ ᠤᠯᠠᠷᠢᠯ ᠪᠠᠶᠢᠵᠤ᠂ ᠮᠥᠨ ᠴᠦ ᠡᠯᠢᠭᠡ ᠶᠢ | ᠲᠡᠵᠢᠭᠡᠬᠦ ᠲᠣᠬᠢᠲᠠᠢ ᠴᠠᠭ ᠪᠤᠯᠳᠠᠭ᠃ ᠤᠴᠢᠷ ᠨᠢ ᠬᠠᠪᠤᠷ ᠤᠨ ᠤᠯᠠᠷᠢᠯ ᠨᠢ ᠲᠠᠪᠤᠨ ᠮᠠᠬᠠᠪᠤᠳ ᠤᠨ ᠳᠣᠲᠣᠷ᠎ᠠ ᠮᠣᠳᠣᠨ | ᠮᠠᠬᠠᠪᠤᠳ ᠲᠤ ᠪᠠᠭᠲᠠᠵᠤ᠂ ᠬᠥᠮᠥᠨ ᠤ ᠪᠡᠶ᠎ᠡ ᠶᠢᠨ ᠲᠠᠪᠤᠨ ᠴᠤᠯᠤ ᠶᠢᠨ ᠡᠯᠢᠭᠡ ᠨᠢ ᠴᠦ ᠮᠥᠨ ᠮᠣᠳᠣᠨ ᠮᠠᠬᠠᠪᠤᠳ ᠲᠤ | ᠪᠠᠭᠲᠠᠳᠠᠭ ᠪᠣᠯᠬᠤᠷ ᠬᠠᠪᠤᠷ ᠴᠠᠭ ᠨᠢ ᠡᠯᠢᠭᠡ ᠶᠢ ᠲᠡᠵᠢᠭᠡᠬᠦ ᠬᠠᠮᠤᠭ ᠤᠨ ᠲᠣᠬᠢᠷᠠᠮᠵᠢᠲᠠᠢ ᠤᠯᠠᠷᠢᠯ ᠪᠤᠯᠳᠠᠭ᠃ | ᠡᠯᠢᠭᠡ ᠮᠠᠭᠤᠳᠠᠬᠤ ᠳᠤ ᠳᠣᠣᠷᠠᠬᠢ ᠢᠯᠡᠷᠡᠯ ᠤᠳ ᠭᠠᠷᠳᠠᠭ᠄ | 1.ᠠᠷᠢᠬᠢᠨ ᠳᠤ ᠠᠮᠠᠷᠬᠠᠨ ᠰᠣᠭᠲᠣᠬᠤ᠄ ᠵᠠᠷᠢᠮ ᠬᠥᠮᠥᠰ ᠤᠤᠯ ᠳᠠᠭᠠᠨ ᠠᠷᠢᠬᠢ ᠰᠠᠶᠢᠨ ᠳᠠᠭᠠᠭᠠᠳᠠᠭ | ᠪᠠᠶᠢᠭᠰᠠᠨ ᠢᠶᠠᠨ ᠭᠡᠨᠡᠳᠲᠡ ᠪᠠᠭ᠎ᠠ ᠰᠠᠭ᠎ᠠ ᠤᠤᠭᠤᠭᠰᠠᠭᠠᠷ ᠠᠮᠠᠷᠬᠠᠨ ᠰᠣᠭᠲᠣᠬᠤ ᠪᠤᠯᠳᠠᠭ ᠨᠢ ᠡᠯᠢᠭᠡᠨ ᠤ ᠴᠢᠳᠠᠪᠬᠢ | ᠮᠠᠭᠤᠳᠠᠭᠰᠠᠨ ᠢ ᠬᠠᠷᠠᠭᠤᠯᠵᠤ ᠪᠤᠢ᠂ ᠤᠴᠢᠷ ᠨᠢ ᠡᠯᠢᠭᠡ ᠮᠠᠭᠤᠳᠠᠪᠠᠯ ᠠᠷᠢᠬᠢᠨ ᠤ ᠡᠲ᠋ᠢᠯ ᠠᠯᠺᠦᠯ ᠢ ᠭᠠᠳᠠᠭᠰᠢᠯᠠᠭᠤᠯᠵᠤ | ᠲᠡᠶᠢᠯᠭᠦ ᠦᠭᠡᠢ ᠪᠤᠯᠳᠠᠭ᠃ | 2.ᠪᠠᠳᠬ᠎ᠠ ᠰᠡᠪᠬᠡ ᠠᠷᠪᠢᠳᠬᠤ᠄ ᠡᠯᠢᠭᠡ ᠮᠠᠭᠤᠳᠠᠪᠠᠯ ᠬᠥᠮᠥᠨ ᠤ ᠪᠡᠶ᠎ᠡ ᠶᠢᠨ ᠰᠢᠷ᠎ᠠ ᠴᠣᠭᠴᠠ ᠶᠢᠨ | ᠬᠤᠷᠮᠣᠨ ᠢ ᠡᠪᠳᠡᠵᠦ᠂ ᠬᠤᠷᠮᠣᠨ ᠤ ᠲᠡᠩᠴᠡᠭᠦᠷᠢ ᠶᠢ ᠠᠯᠳᠠᠭᠳᠠᠭᠤᠯᠬᠤ ᠠᠴᠠ ᠪᠣᠯᠵᠤ᠂ ᠠᠷᠠᠰᠤᠨ ᠤ ᠥᠭᠡᠬᠦ ᠶᠢᠨ | ᠱᠦᠭᠦᠷᠡᠯᠲᠡ ᠨᠡᠮᠡᠭᠳᠡᠵᠦ᠂ ᠪᠠᠳᠬ᠎ᠠ ᠰᠡᠪᠬᠡ ᠠᠷᠪᠢᠨ ᠭᠠᠷᠬᠤ ᠪᠤᠯᠳᠠᠭ᠃ | 3.ᠰᠢᠷᠬ᠎ᠠ ᠰᠣᠷᠪᠢ ᠠᠮᠠᠷᠬᠠᠨ ᠦᠷᠪᠢᠰᠴᠦ ᠬᠠᠯᠳᠠᠪᠤᠷᠢᠯᠠᠬᠤ᠄ ᠬᠥᠮᠥᠨ ᠤ ᠪᠡᠶ᠎ᠡ ᠶᠢᠨ ᠰᠢᠨ᠎ᠡ ᠬᠠᠭᠤᠴᠢᠨ ᠤ | ᠰᠣᠯᠢᠯᠴᠠᠭ᠎ᠠ ᠳᠤ ᠭᠤᠣᠯ ᠦᠢᠯᠡᠳᠦᠯ ᠦᠵᠡᠭᠦᠯᠳᠡᠭ ᠤᠨ ᠬᠤᠪᠢ ᠳᠤ᠂ ᠡᠯᠢᠭᠡ ᠮᠠᠭᠤᠳᠠᠪᠠᠯ ᠠᠷᠠᠰᠤ ᠮᠢᠬᠠᠨ ᠤ | ᠡᠳᠡᠭᠡᠷᠡᠯᠲᠡ ᠳᠤ ᠬᠠᠷᠰᠢ ᠰᠠᠭᠠᠳ ᠤᠴᠠᠷᠠᠭᠤᠯᠳᠠᠭ᠃ ᠡᠭᠦᠨ ᠠᠴᠠ ᠭᠠᠳᠠᠨ᠎ᠠ᠂ ᠡᠯᠢᠭᠡᠨ ᠤ ᠬᠤᠣᠷ ᠢ ᠭᠠᠳᠠᠭᠰᠢᠯᠠᠭᠤᠯᠬᠤ | ᠴᠢᠳᠠᠪᠬᠢ ᠳᠣᠷᠣᠭᠰᠢᠯᠠᠭᠰᠠᠨ ᠠᠴᠠ ᠪᠣᠯᠵᠤ ᠰᠢᠷᠬ᠎ᠠ ᠰᠣᠷᠪᠢ ᠠᠮᠠᠷᠬᠠᠨ ᠪᠠᠺᠲ᠋ᠧᠷᠢ ᠬᠠᠯᠳᠠᠭᠠᠬᠤ ᠪᠤᠯᠳᠠᠭ᠃ | 4.ᠨᠢᠭᠤᠷ ᠬᠠᠷᠠᠯᠠᠬᠤ᠄ ᠡᠯᠢᠭᠡ ᠨᠢ ᠲᠡᠮᠦᠷ ᠤᠨ ᠰᠢᠨ᠎ᠡ ᠬᠠᠭᠤᠴᠢᠨ ᠤ ᠰᠣᠯᠢᠭᠳᠠᠯ ᠳᠤ ᠴᠢᠬᠤᠯᠠ ᠦᠢᠯᠡᠳᠦᠯ | ᠦᠵᠡᠭᠦᠯᠵᠦ᠂ ᠡᠩ ᠤᠨ ᠦᠶ᠎ᠡ ᠳᠤ ᠡᠯᠢᠭᠡᠨ ᠳᠣᠲᠣᠷ᠎ᠠ ᠲᠡᠮᠦᠷ ᠠᠭᠤᠯᠤᠭᠳᠠᠳᠠᠭ᠃ ᠡᠯᠢᠭᠡ ᠮᠠᠭᠤᠳᠠᠪᠠᠯ᠂ ᠡᠯᠢᠭᠡᠨ ᠡᠰ | ᠳᠣᠲᠣᠷᠠᠬᠢ ᠲᠡᠮᠦᠷ ᠨᠢ ᠴᠢᠰᠤᠨ ᠰᠤᠳᠠᠯ ᠳᠤ ᠤᠷᠤᠰᠤᠨ ᠣᠷᠣᠵᠤ᠂ ᠴᠢᠰᠤᠨ ᠳᠣᠲᠣᠷᠠᠬᠢ ᠲᠡᠮᠦᠷ ᠤᠨ ᠠᠭᠤᠯᠤᠭᠳᠠᠴᠠ | ᠶᠡᠬᠡᠰᠴᠦ ᠨᠢᠭᠤᠷ ᠴᠢᠷᠠᠢ ᠬᠠᠷᠠᠯᠠᠳᠠᠭ᠃ | ᠡᠭᠦᠨ ᠠᠴᠠ ᠭᠠᠳᠠᠨ᠎ᠠ᠂ ᠥᠭᠡᠬᠦ ᠲᠣᠰᠣ ᠢᠳᠡᠬᠦ ᠳᠤᠷᠠᠰᠢᠯ ᠨᠡᠮᠡᠭᠳᠡᠬᠦ᠂ ᠶᠠᠪᠤᠵᠤ ᠰᠠᠭᠤᠬᠤ ᠳᠤ ᠪᠡᠶ᠎ᠡ | ᠠᠮᠠᠷᠬᠠᠨ ᠶᠠᠳᠠᠷᠠᠬᠤ᠂ ᠠᠮᠠ ᠭᠠᠰᠢᠭᠤᠷᠠᠨ ᠭᠡᠳᠡᠰᠦ ᠲᠦᠭᠦᠷᠡᠬᠦ᠂ ᠨᠢᠳᠦ᠂ ᠠᠷᠠᠰᠤ ᠰᠢᠷᠠᠯᠠᠬᠤ᠂ ᠬᠠᠮᠠᠷ ᠪᠣᠯᠣᠨ ᠰᠢᠳᠤᠨ | ᠠᠴᠠ ᠪᠠᠶᠢᠩᠭᠤ ᠴᠢᠰᠤ ᠭᠠᠷᠬᠤ ᠵᠡᠷᠭᠡ ᠢᠯᠡᠷᠡᠯ ᠨᠢ ᠡᠯᠢᠭᠡ ᠮᠠᠭᠤᠳᠠᠭᠰᠠᠨ ᠠᠴᠠ ᠪᠣᠯᠤᠭᠰᠠᠨ ᠪᠣᠯᠣᠯᠴᠠᠭ᠎ᠠ ᠶᠡᠭᠡ ᠶᠤᠮ᠃ | ᠡᠯᠢᠭᠡ ᠮᠠᠭᠤᠳᠠᠬᠤ ᠶᠢ ᠮᠣᠩᠭᠤᠯ ᠬᠢᠲᠠᠳ ᠡᠮᠨᠡᠯᠭᠡ ᠪᠠᠷ ᠵᠠᠰᠠᠵᠤ ᠪᠤᠯᠬᠤ ᠠᠴᠠ ᠭᠠᠳᠠᠨ᠎ᠠ ᠶᠡᠷᠦ ᠶᠢᠨ ᠴᠠᠭ ᠤᠨ | ᠠᠮᠢᠳᠤᠷᠠᠯ ᠤᠨ ᠵᠤᠷᠰᠢᠯ᠂ ᠢᠳᠡᠭᠡᠨ ᠤᠮᠳᠠᠭᠠᠨ ᠤ ᠲᠣᠬᠢᠷᠠᠭᠤᠯᠤᠯᠲᠠ ᠪᠠᠨ ᠢᠮᠠᠭᠲᠠ ᠠᠩᠬᠠᠷᠬᠤ ᠨᠢ ᠴᠦ ᠡᠯᠢᠭᠡ ᠶᠢ | ᠲᠡᠵᠢᠭᠡᠨ ᠰᠢᠮᠡᠵᠢᠭᠦᠯᠵᠦ ᠪᠤᠯᠳᠠᠭ᠃ | 1. ᠬᠤᠭᠤᠯᠠ ᠤᠮᠳᠠ ᠪᠠᠨ ᠲᠡᠩᠴᠡᠭᠦᠷᠢᠲᠡᠢ ᠪᠤᠯᠭᠠᠬᠤ᠄ ᠬᠡᠷᠪᠡ ᠦᠷᠭᠦᠯᠵᠢ ᠬᠡᠲᠦᠷᠡᠲᠡᠯ᠎ᠡ ᠢᠳᠡᠬᠦ ᠪᠤᠶᠤ | ᠡᠷᠢᠨ ᠪᠣᠯᠭᠠᠨ ᠤ ᠬᠤᠭᠤᠯᠠᠨ ᠤ ᠬᠡᠮᠵᠢᠶ᠎ᠡ ᠲᠡᠩᠴᠡᠭᠦᠷᠢ ᠪᠠᠨ ᠠᠯᠳᠠᠬᠤ ᠨᠢ ᠡᠯᠢᠭᠡᠨ ᠤ ᠳᠠᠷᠤᠭᠠᠰᠤ ᠶᠢ ᠬᠦᠨᠳᠦᠷᠡᠭᠦᠯᠳᠡᠭ | ᠠᠴᠠ ᠬᠤᠭᠤᠯᠠ ᠤᠮᠳᠠ ᠪᠠᠨ ᠬᠡᠮᠵᠢᠶ᠎ᠡ ᠲᠠᠢ ᠪᠤᠯᠭᠠᠬᠤ ᠶᠢᠨ ᠳᠠᠭᠠᠤ᠂ ᠶᠡᠷᠦ ᠶᠢᠨ ᠴᠠᠭ ᠲᠠᠭᠠᠨ ᠢᠳᠡᠰᠢᠨ ᠨᠣᠭᠤᠭ᠎ᠠ᠂ | ᠵᠢᠮᠢᠰ ᠢᠯᠡᠭᠦᠬᠡᠨ ᠢᠳᠡᠵᠦ᠂ ᠢᠳᠡᠭᠡᠨ ᠤ ᠰᠢᠷᠬᠡᠭᠯᠢᠭ ᠡᠳ᠋ ᠪᠠ ᠸᠢᠲ᠋ᠠᠮᠢᠨ ᠨᠥᠬᠦᠬᠦ ᠬᠡᠷᠡᠭᠲᠡᠢ᠃ ᠪᠠᠰᠠ ᠥᠭᠡᠬᠦ ᠲᠣᠰᠣ᠂ | ᠠᠷᠢᠬᠢ ᠤᠤᠭᠤᠬᠤ ᠶᠢ ᠴᠡᠭᠡᠷᠯᠡᠪᠡᠯ ᠰᠠᠶᠢᠨ᠃ | 2.ᠡᠯᠢᠭᠡ ᠪᠠᠷ ᠡᠯᠢᠭᠡ ᠶᠢ ᠨᠥᠬᠦᠬᠦ᠄ ᠶᠠᠭᠤ ᠢᠳᠡᠪᠡᠯ ᠶᠠᠭᠤ ᠨᠥᠬᠦᠳᠡᠭ ᠭᠡᠳᠡᠭ ᠢᠶᠠᠷ ᠭᠠᠭ᠋ᠠᠢ ᠶᠢᠨ ᠡᠯᠢᠭᠡ᠂ | ᠲᠠᠬᠢᠶᠠᠨ ᠡᠯᠢᠭᠡ ᠢᠳᠡᠬᠦ ᠨᠢ ᠡᠯᠢᠭᠡ ᠶᠢ ᠨᠥᠬᠦᠬᠦ ᠦᠢᠯᠡᠳᠦᠯ ᠲᠠᠢ ᠪᠠᠶᠢᠳᠠᠭ᠃ ᠮᠥᠨ ᠴᠦ ᠡᠯᠢᠭᠡ ᠨᠢ ᠬᠥᠮᠥᠨ ᠤ ᠨᠢᠳᠦ | ᠲᠠᠢ ᠰᠢᠭᠤᠳ ᠬᠤᠯᠪᠤᠭ᠎ᠠ ᠲᠠᠢ ᠪᠠᠶᠢᠳᠠᠭ ᠠᠴᠠ ᠨᠢᠭᠤᠷ ᠰᠢᠷᠠᠯᠠᠬᠤ᠂ ᠬᠠᠷᠠᠭ᠎ᠠ ᠮᠠᠭᠤᠳᠠᠬᠤ ᠵᠡᠷᠭᠡ ᠨᠢ ᠡᠯᠢᠭᠡ ᠮᠠᠭᠤᠳᠠᠭᠰᠠᠨ | ᠲᠠᠢ ᠬᠤᠯᠪᠤᠭ᠎ᠠ ᠲᠠᠢ ᠪᠠᠶᠢᠵᠤ᠂ ᠡᠳᠦᠷ ᠲᠤᠳᠤᠮ ᠤᠨ ᠠᠮᠢᠳᠤᠷᠠᠯ ᠳᠤᠮᠳᠠ ᠪᠠᠨ ᠵᠣᠬᠢᠬᠤ ᠬᠡᠮᠵᠢᠶᠡᠨ ᠤ ᠡᠯᠢᠭᠡ ᠢᠳᠡᠬᠦ ᠨᠢ | ᠡᠯᠢᠭᠡ ᠶᠢ ᠨᠥᠬᠦᠨ ᠲᠥᠯᠵᠢᠭᠦᠯᠵᠦ᠂ ᠨᠢᠳᠦ ᠶᠢ ᠰᠠᠶᠢᠵᠢᠷᠠᠭᠤᠯᠤᠨ᠂ ᠨᠢᠭᠤᠷ ᠢ ᠭᠤᠸᠠᠵᠢᠭᠤᠯᠬᠤ ᠦᠢᠯᠡᠳᠦᠯ ᠲᠠᠢ᠃ | 3.ᠦᠷᠭᠡᠰᠦᠳᠦ ᠨᠣᠭᠤᠭ᠎ᠠ ᠢᠳᠡᠬᠦ᠄ ᠦᠷᠭᠡᠰᠦᠳᠦ ᠨᠣᠭᠤᠭ᠎ᠠ ᠨᠢ ᠬᠠᠪᠤᠷ ᠴᠠᠭ ᠤᠨ ᠭᠤᠣᠯ ᠢᠳᠡᠰᠢᠨ | ᠨᠣᠭᠤᠭ᠎ᠠ ᠪᠣᠯᠤᠭᠰᠠᠨ ᠤ ᠬᠤᠪᠢ ᠳᠤ᠂ ᠪᠢᠯᠢᠭ ᠢ ᠲᠡᠵᠢᠭᠡᠨ᠂ ᠡᠯᠢᠭᠡ ᠶᠢ ᠴᠡᠪᠡᠷᠯᠡᠨ ᠴᠢᠰᠤ ᠶᠢ ᠲᠡᠵᠢᠭᠡᠬᠦ ᠦᠢᠯᠡᠳᠦᠯ ᠲᠠᠢ | ᠪᠠᠶᠢᠳᠠᠭ ᠠᠴᠠ ᠬᠠᠪᠤᠷ ᠤᠨ ᠤᠯᠠᠷᠢᠯ ᠳᠤ ᠡᠯᠢᠭᠡᠨ ᠤ ᠪᠢᠯᠢᠭ ᠴᠢᠨᠠᠷ ᠳᠤᠲᠠᠭᠰᠠᠨ ᠠᠴᠠ ᠪᠣᠯᠤᠭᠰᠠᠨ ᠴᠢᠰᠤᠨ ᠳᠠᠷᠤᠯᠲᠠ | ᠥᠨᠳᠥᠷ᠂ ᠲᠣᠯᠣᠭᠠᠢ ᠡᠷᠭᠢᠬᠦ᠂ ᠰᠢᠬᠢᠷ ᠰᠢᠵᠢᠩ ᠡᠪᠡᠳᠴᠢᠨ᠂ ᠴᠢᠰᠤ ᠳᠤᠲᠠᠬᠤ ᠵᠡᠷᠭᠡ ᠡᠪᠡᠳᠴᠢᠨ ᠠᠷᠬᠠᠭ ᠢ ᠡᠮᠨᠡᠨ | ᠵᠠᠰᠠᠬᠤ ᠳᠤ ᠲᠤᠰᠠᠯᠠᠳᠠᠭ᠃ | ᠡᠭᠦᠨ ᠠᠴᠠ ᠭᠠᠳᠠᠨ᠎ᠠ᠂ ᠤᠨᠲᠠᠵᠤ ᠠᠮᠠᠷᠠᠬᠤ ᠴᠠᠭ ᠢᠶᠠᠨ ᠵᠣᠬᠢᠰᠲᠠᠢ ᠪᠤᠯᠭᠠᠬᠤ᠂ ᠪᠡᠶ᠎ᠡ ᠶᠢᠨ ᠲᠠᠮᠢᠷ ᠤᠨ | ᠬᠥᠳᠡᠯᠭᠡᠭᠡᠨ ᠳᠤ ᠢᠯᠡᠭᠦᠬᠡᠨ ᠣᠷᠤᠯᠴᠠᠬᠤ ᠨᠢ ᠴᠦ ᠡᠯᠢᠭᠡ ᠶᠢ ᠬᠠᠮᠠᠭᠠᠯᠠᠬᠤ ᠦᠢᠯᠡᠳᠦᠯ ᠲᠠᠢ ᠶᠤᠮ |