ᠬᠠᠷᠤᠤᠨ᠎ᠠ ᠶᠢᠨ ᠠᠭᠤᠯᠠᠨ ᠳᠤ ᠬᠠᠶᠢᠨ ᠰᠤᠷᠪᠤᠯᠵᠢᠯᠠᠭᠰᠠᠨ ᠲᠡᠮᠳᠡᠭᠯᠡᠯ
ᠨᠡᠶᠢᠲᠡᠯᠡᠭᠰᠡᠨ ᠴᠠᠭ᠄
2025/3/26
ᠦᠯᠢᠭᠡᠷ ᠳᠣᠮᠣᠭᠲᠤ ᠠᠭᠤᠯᠠ ᠤᠰᠤᠨ ᠤ ᠠᠮᠢᠰᠬᠤᠯ ᠢ ᠴᠢᠩᠨᠠᠬᠤᠢ ᠰᠣᠳᠣᠪᠠᠶᠠᠷ ᠳᠠᠪᠰᠢᠯᠲᠤ                    2024 ᠣᠨ ᠤ 8 ᠰᠠᠷ᠎ᠠ ᠶᠢᠨ 12 ᠤᠨ ᠡᠳᠦᠷ ᠤᠨ ᠥᠷᠯᠥᠭᠡ᠂ ᠮᠠᠨ ᠤ ᠬᠠᠶᠢᠨ ᠰᠤᠷᠪᠤᠯᠵᠢᠯᠠᠬᠤ ᠪᠦᠯᠭᠦᠮ ᠤᠨ ᠬᠢᠨ ᠬᠠᠷᠤᠤᠨ᠎ᠠ ᠶᠢᠨ ᠠᠭᠤᠯᠠ ᠶᠢᠨ ᠦᠯᠢᠭᠡᠷ ᠲᠤᠮᠤᠭ᠂ ᠥᠩᠭᠡ ᠦᠵᠡᠮᠵᠢ᠂ ᠬᠥᠮᠥᠨ ᠠᠷᠠᠳ ᠢ ᠰᠤᠷᠪᠤᠯᠵᠢᠯᠠᠬᠤ ᠬᠡᠮᠡᠨ ᠪᠠᠶᠠᠨᠬᠤᠲᠠ ᠠᠴᠠ ᠡᠷᠲᠡᠯᠡᠨ ᠮᠣᠷᠳᠠᠭᠰᠠᠨ ᠶᠤᠮ᠃          ᠮᠣᠩᠭᠤᠯ ᠤᠯᠤᠰ ᠤᠨ ᠱᠠᠩᠨᠠᠯᠲᠤ ᠵᠣᠬᠢᠶᠠᠯᠴᠢ ᠴ᠊  ·  ᠪᠤᠶᠠᠨᠵᠠᠶᠠᠭ᠎ᠠ ᠶᠢᠨ ︽ᠮᠣᠷᠢᠨ ᠤᠷᠤᠭᠤᠯ︾ ᠬᠡᠮᠡᠬᠦ ᠨᠣᠮ ᠳᠤ ︽᠁ ᠶᠡᠷᠦᠨᠢ ᠬᠤᠷᠸ᠎ᠠ ᠶᠢᠷᠲᠢᠨᠴᠦ ᠠᠴᠠ ᠬᠥᠮᠥᠰ ᠤᠨ ᠪᠤᠴᠠᠬᠤ ᠶᠢᠨ ᠲᠣᠭᠠᠯᠠᠩ ᠢᠶᠠᠷ ᠬᠡᠴᠢᠨᠡᠨ ᠴᠤ ᠦᠯᠢᠭᠡᠷ ᠲᠤᠮᠤᠭ ᠦᠭᠡᠢ ᠪᠣᠯᠵᠤ ᠪᠠᠶᠢᠭ᠎ᠠ ᠶᠢ ᠬᠡᠨ ᠮᠡᠳᠡᠬᠦ ᠪᠢᠯᠡ᠃ ᠢᠩᠭᠢᠬᠦᠯᠡᠷ ᠠᠮᠢᠳᠤ ᠪᠡᠶ᠎ᠡ ᠮᠠᠬᠠᠪᠤᠳ ᠪᠠᠶᠢᠲᠤᠭᠠᠢ ᠦᠯᠢᠭᠡᠷ ᠲᠤᠮᠤᠭ ᠴᠤ ᠭᠡᠰᠡᠨ ᠰᠡᠭᠦᠯᠴᠢ ᠶᠢᠨ ᠠᠮᠢᠰᠬᠤᠯ ᠪᠠᠶᠢᠳᠠᠭ ᠪᠤᠯᠤᠯᠳᠠᠢ︾ ᠬᠡᠮᠡᠨ ᠪᠢᠴᠢᠭᠰᠡᠨ ᠪᠠᠶᠢᠳᠠᠭ᠃ ᠨᠡᠬᠡᠷᠡᠨ ᠣᠨᠣᠭᠠᠵᠤ ᠬᠡᠯᠡᠭᠰᠡᠨ ᠦᠭᠡ ᠳ᠋ᠠ᠂ ᠮᠣᠩᠭᠤᠯ ᠨᠤᠲᠤᠭ ᠤᠨ ᠮᠢᠨᠢ ᠭᠠᠵᠠᠷ ᠤᠰᠤᠨ ᠳᠤ ᠬᠡᠴᠢᠨᠡᠨ ᠤᠯᠠᠨ ᠦᠯᠢᠭᠡᠷ ᠲᠤᠮᠤᠭ ᠰᠢᠩᠭᠡᠭᠡᠳᠠᠢ ᠪᠠᠶᠢᠬᠤ ᠶᠢ ᠬᠡᠨ ᠮᠡᠳᠡᠨᠡᠮ᠃ ᠬᠥᠭᠰᠢᠳ ᠪᠤᠭᠤᠷᠤᠯᠴᠤᠳ ᠤᠨ ᠮᠠᠨᠢ ᠶᠢᠷᠲᠢᠨᠴᠦ ᠠᠴᠠ ᠪᠤᠴᠠᠬᠤ ᠲᠣᠭᠠᠯᠠᠩ ᠢᠶᠠᠷ ᠬᠡᠴᠢᠨᠡᠨ ᠤᠯᠠᠨ ᠠᠷᠪᠢᠨ ᠦᠯᠢᠭᠡᠷ ᠲᠤᠮᠤᠭ ᠳᠠᠭᠠᠯᠳᠤᠨ ᠵᠠᠮᠬᠠᠷᠠᠵᠦ ᠪᠠᠶᠢᠭ᠎ᠠ ᠪᠣᠯ︖ ᠬᠠᠷᠤᠤᠨ᠎ᠠ ᠶᠢᠨ ᠠᠭᠤᠯᠠᠨ ᠳᠤ ᠬᠦᠷᠴᠦ ᠡᠪᠦᠭᠡᠳ ᠪᠤᠭᠤᠷᠤᠯᠴᠤᠳ ᠢᠶᠠᠨ ᠬᠠᠶᠢᠨ ᠰᠤᠷᠪᠤᠯᠵᠢᠯᠠᠵᠤ ᠨᠤᠲᠤᠭ ᠤᠰᠤᠨ ᠤ ᠪᠠᠨ ᠦᠯᠢᠭᠡᠷ ᠲᠤᠮᠤᠭ᠂ ᠦᠦᠭᠡ ᠲᠡᠦᠬᠡ ᠶᠢ ᠴᠢᠳᠠᠬᠤ ᠶᠢᠨ ᠬᠢᠷᠢ ᠪᠠᠷ ᠲᠡᠮᠳᠡᠭᠯᠡᠨ ᠦᠯᠡᠳᠡᠭᠡᠰᠦᠭᠡᠢ ᠬᠡᠮᠡᠨ ᠠᠯᠢ ᠡᠷᠲᠡᠨ ᠠᠴᠠ ᠪᠤᠳᠤᠬᠰᠠᠭᠠᠷ ᠢᠷᠡᠭᠰᠡᠨ ᠨᠢ ᠮᠢᠨᠤ ᠤᠳᠠᠭᠠᠨ ᠡᠳᠦᠷ ᠵᠤᠵᠠᠭᠠᠨ ᠬᠤᠨᠤᠭ ᠤᠨ ᠪᠤᠳᠤᠯ ᠶᠤᠮ᠃ ᠥᠨᠥᠳᠥᠷ ᠵᠠᠪ ᠲᠠᠢ ᠪᠣᠯᠵᠤ ᠰᠣᠷᠪᠤᠯᠵᠢᠯᠠᠭ᠎ᠠ ᠶᠢᠨ ᠬᠡᠷᠡᠭᠰᠡᠯ ᠢᠶᠠᠨ ᠲᠦᠭᠦᠮ ᠪᠡᠯᠡᠳᠦᠭᠡᠳ ᠠᠶᠠᠨ ᠳᠠᠭᠠᠨ ᠭᠠᠷᠴᠤ᠂ ᠪᠠᠶᠠᠨᠬᠤᠲᠠ ᠠᠴᠠ ᠵᠡᠭᠦᠨ ᠬᠤᠶᠢᠰᠢ ᠪᠠᠷᠤᠭ ᠲᠠᠪᠤᠨ ᠵᠠᠭᠤᠨ ᠭᠠᠵᠠᠷ ᠤᠨ ᠠᠯᠤᠰ ᠲᠤ ᠪᠠᠶᠢᠭ᠎ᠠ ᠬᠠᠷᠤᠤᠨ᠎ᠠ ᠶᠢᠨ ᠠᠭᠤᠯᠠ ᠶᠢ ᠴᠢᠭᠯᠡᠵᠦ᠂ ᠦᠯᠢᠭᠡᠷ ᠳᠣᠮᠣᠭᠲᠤ ᠠᠭᠤᠯᠠ ᠤᠰᠤᠨ ᠤ ᠠᠮᠢᠰᠬᠤᠯ ᠢ ᠴᠢᠩᠨᠠᠬᠤ ᠬᠡᠮᠡᠨ ᠵᠣᠷᠢᠭᠰᠠᠨ ᠨᠢ ᠡᠨᠡ ᠪᠢᠯᠡ᠃          ᠪᠢᠳᠠ ᠲᠤᠰᠤᠨ ᠵᠠᠮ ᠢ ᠪᠠᠷᠢᠵᠤ ᠳᠠᠪᠬᠢᠭᠤᠯᠤᠭᠰᠠᠭᠠᠷ ᠪᠠᠶᠢᠵᠤ ᠦᠳᠡ ᠳᠥᠬᠦᠬᠦ ᠶᠢᠨ ᠦᠶ᠎ᠡ ᠳᠤ ᠠᠯᠠᠱᠠ ᠵᠡᠭᠦᠨ ᠬᠤᠰᠢᠭᠤᠨ ᠤ ᠤᠤᠯ ᠤᠨ ᠲᠦᠭᠦᠮ ᠰᠤᠮᠤᠨ ᠤ ᠰᠠᠭᠤᠭ᠎ᠠ ᠭᠠᠵᠠᠷ ᠲᠤ ᠭᠦᠷᠦᠯ᠎ᠡ᠃ ᠡᠨᠡ ᠪᠣᠯ ᠠᠯᠠᠱᠠ ᠶᠢᠨ ᠬᠠᠮᠤᠭ ᠤᠨ ᠵᠡᠭᠦᠨ ᠬᠤᠶᠢᠲᠤ ᠵᠠᠬ᠎ᠠ ᠪᠤᠯᠬᠤ ᠶᠤᠮ᠃ ᠪᠢᠳᠠ ᠦᠳᠡ ᠶᠢᠨ ᠬᠤᠭᠤᠯᠠ ᠪᠠᠨ ᠡ᠊ᠨᠳᠡ ᠳᠥᠭᠦᠮᠬᠡᠨ ᠢᠳᠡᠭᠡᠳ ᠨᠠᠷᠠᠨ ᠤ ᠡᠷᠲᠡ ᠳᠤ ᠠᠮᠵᠢᠨ ᠤᠯᠠᠭᠠᠨ ᠳᠠᠪᠠᠭ᠎ᠠ ᠶᠢᠨ ᠥᠩᠭᠡ ᠦᠵᠡᠮᠵᠢ ᠶᠢ ᠵᠢᠷᠤᠭᠯᠠᠬᠤ ᠬᠡᠮᠡᠨ ᠲᠡᠭᠢᠨ ᠵᠠᠮ ᠢᠶᠠᠨ ᠡᠯᠭᠦᠯ᠎ᠡ᠃ ᠤᠯᠠᠭᠠᠨ ᠳᠠᠪᠠᠭ᠎ᠠ ᠡ᠊ᠨᠳᠡ ᠠᠴᠠ ᠡᠭᠴᠡ ᠵᠡᠭᠦᠨᠰᠢ ᠪᠠᠷᠤᠭ ᠶᠡᠷᠡᠨ ᠤ ᠭᠠᠵᠠᠷ ᠲᠤ ᠪᠠᠶᠢᠳᠠᠭ᠃ ᠪᠢᠳᠠ ᠪᠠᠶᠠᠨᠮᠤᠳᠤ᠂ ᠵᠡᠭᠦᠨ ᠪᠤᠯᠤᠩ᠂ ᠬᠥᠬᠡ ᠲᠡᠷᠡᠰᠤᠨ ᠲᠠᠯ᠎ᠠ ᠶᠢ ᠲᠤᠭᠤᠯᠤᠭᠠᠳ ᠬᠠᠷᠤᠤᠨ᠎ᠠ ᠶᠢᠨ ᠠᠭᠤᠯᠠ ᠶᠢᠨ ᠠᠷᠤ ᠬᠤᠷᠮᠣᠢ ᠶᠢ ᠲᠠᠭᠠᠵᠦ ᠴᠠᠷᠳᠠᠮᠠᠯ ᠵᠠᠮ ᠢᠶᠠᠷ ᠳᠡᠮᠡᠢ ᠳᠠᠪᠬᠢᠭᠤᠯᠤᠭᠰᠠᠨ ᠦᠭᠡᠢ ᠤᠯᠠᠭᠠᠨ ᠳᠠᠪᠠᠭ᠎ᠠ ᠶᠢᠨ ᠣᠷᠣᠢ ᠳᠤ ᠬᠦᠷᠴᠦ ᠢᠷᠡᠯ᠎ᠡ᠃          ᠬᠡᠳᠦᠶᠢᠪᠡᠷ ᠨᠠᠮᠤᠷ ᠤᠨ ᠠᠭᠤᠷ ᠣᠷᠣᠭᠰᠠᠨ ᠪᠤᠯᠪᠠᠴᠦ ᠬᠠᠯᠠᠭᠤᠨ ᠡᠭᠡᠵᠦ ᠪᠣᠯᠤᠭ᠎ᠠ ᠦᠭᠡᠢ ᠪᠣᠯᠬᠤᠷ ᠬᠠᠷᠤᠤᠨ᠎ᠠ ᠶᠢᠨ ᠠᠭᠤᠯᠠ ᠶᠢ ᠳᠠᠪᠠᠵᠤ ᠢᠷᠡᠬᠦ ᠬᠠᠯᠠᠭᠤᠨ ᠵᠢᠪᠠᠷ ᠰᠡᠷ ᠰᠡᠷ ᠦᠯᠢᠶᠡᠵᠦ᠂ ᠭᠤᠣᠯ ᠦᠳᠡ ᠶᠢᠨ ᠨᠠᠷᠠᠨ ᠳᠤ ᠰᠢᠷᠠᠭᠳᠠᠭᠰᠠᠨ ᠪᠢᠳᠠᠨ ᠤ ᠬᠥᠯᠥᠰᠦ ᠶᠢ ᠰᠡᠪᠡᠷᠡᠭᠡᠵᠦ ᠥᠭᠭᠦᠨ᠎ᠡ ᠠᠵᠢ᠃ ᠤᠯᠠᠭᠠᠨ ᠳᠠᠪᠠᠭ᠎ᠠ ᠨᠢ ᠬᠠᠷᠤᠤᠨ᠎ᠠ ᠶᠢᠨ ᠠᠭᠤᠯᠠ ᠶᠢᠨ ᠠᠷᠤ ᠪᠡᠯ ᠳᠤ ᠪᠠᠶᠢᠷᠢᠯᠠᠵᠤ᠂ ᠵᠠᠮ ᠨᠢ ᠤᠯᠠᠨ ᠲᠣᠬᠤᠢ ᠡᠷᠭᠢᠵᠦ ᠮᠤᠰᠬᠢᠷᠠᠯᠳᠤᠭᠰᠠᠨ ᠢᠶᠠᠷ ᠢᠶᠠᠨ ᠬᠤᠯᠠ ᠣᠶᠢᠷ᠎ᠠ ᠳᠠᠭᠠᠨ ᠠᠯᠳᠠᠷ ᠲᠠᠢ᠃ ᠵᠠᠷᠢᠮ ᠬᠥᠮᠥᠰ ᠵᠢᠷᠭᠤᠭᠠᠨ ᠲᠣᠬᠤᠢ ᠡᠷᠭᠢᠳᠡᠭ ᠭᠡᠬᠦ ᠳᠤ ᠪᠠᠰᠠ ᠵᠠᠷᠢᠮ ᠨᠢ ᠶᠢᠰᠦᠨ ᠲᠣᠬᠤᠢ ᠡᠷᠭᠢᠵᠦ ᠪᠠᠶᠢᠮᠠᠨᠵᠢᠨ ᠰᠠᠶ᠋ᠢ ᠠᠭᠤᠯᠠᠨ ᠪᠠᠯ ᠳᠤ ᠪᠠᠭᠤᠵᠤ ᠣᠴᠢᠳᠠᠭ ᠭᠡᠯᠴᠡᠳᠡᠭ᠃ ᠶᠡᠷᠦᠨᠢ ᠶᠡᠭᠡ ᠪᠠᠭ᠎ᠠ ᠲᠣᠬᠤᠢ ᠠᠷᠪᠢᠨ ᠡᠷᠭᠢᠳᠡᠭ ᠪᠣᠯᠬᠤᠷ ᠲᠣᠭᠠᠯᠠᠬᠤ ᠳᠤ ᠪᠡᠷᠬᠡ ᠲᠠᠢ ᠨᠢ ᠦᠨᠡᠨ᠂ ᠶᠠᠭᠤ ᠴᠤ ᠭᠡᠰᠡᠨ ᠪᠠᠷᠠᠭᠤᠨ ᠲᠠᠯ᠎ᠠ ᠠᠴᠠ ᠣᠴᠢᠬᠤ ᠳᠤ ᠭᠠᠵᠠᠷ ᠤᠨ ᠪᠠᠶᠢᠴᠠ ᠥᠨᠳᠥᠷᠳᠡᠬᠦ ᠨᠢ ᠳᠡᠮᠡᠢ ᠮᠡᠳᠡᠭᠳᠡᠬᠦ ᠦᠭᠡᠢ ᠪᠤᠯᠪᠠᠴᠦ ᠬᠠᠷᠢᠨ ᠵᠡᠭᠦᠨᠰᠢ ᠪᠠᠭᠤᠬᠤ ᠳᠤ ᠥᠨᠳᠥᠷ ᠰᠦᠷᠯᠢᠭ᠂ ᠡᠭᠴᠡ ᠠᠰᠬ᠎ᠠ ᠪᠠᠶᠢᠳᠠᠭ ᠠᠵᠢ᠃ ᠡ᠊ᠨᠳᠡ ᠠᠴᠠ ᠵᠡᠭᠦᠨᠰᠢ ᠬᠠᠨᠳᠤᠵᠤ ᠠᠯᠤᠰ ᠢ ᠪᠠᠷᠠᠯᠠᠬᠤ ᠳᠤ ᠤᠯᠠᠭᠠᠨ ᠰᠤᠪᠤᠷᠭ᠎ᠠ ᠶᠢᠨ ᠠᠭᠤᠯᠠ᠂ ᠯᠦᠩ ᠤᠨ ᠠᠭᠤᠯᠠ ᠰᠦᠨᠳᠡᠷᠯᠡᠨ ᠤᠯᠠᠭᠠᠨ ᠳᠠᠪᠠᠭ᠎ᠠ ᠶᠢᠨ ᠪᠡᠯ ᠳᠠᠬᠢ ᠠᠶᠢᠯ ᠤᠨ ᠰᠠᠭᠤᠷᠢᠰᠢᠯ ᠵᠢᠵᠢᠭᠬᠡᠨ ᠪᠤᠯᠪᠠᠴᠦ ᠲᠣᠳᠣᠬᠠᠨ ᠬᠠᠷᠠᠭᠳᠠᠨ᠎ᠠ᠃ ᠴᠠᠭᠠᠰᠤ ᠶᠢᠨ ᠭᠤᠣᠯ ᠠᠭᠤᠯᠠ ᠲᠣᠯᠣᠭᠠᠳ ᠢ ᠰᠦᠯᠵᠢᠨ ᠮᠤᠷᠤᠯᠵᠠᠵᠤ᠂ ᠭᠤᠣᠯ ᠤᠨ ᠰᠠᠶᠢᠷ ᠳᠤᠮᠳᠠ ᠣᠴᠣᠶᠢᠨ ᠰᠠᠭᠤᠭ᠎ᠠ ᠬᠥᠮᠥᠨ ᠰᠢᠭ ᠲᠣᠮᠣ ᠴᠢᠯᠠᠭᠤ ᠱᠣᠪᠣᠶᠢᠵᠤ᠂ ᠨᠤᠲᠤᠭ ᠤᠨ ᠬᠥᠮᠥᠰ ᠡᠨᠡ ᠴᠢᠯᠠᠭᠤ ᠶᠢ ︽ᠣᠴᠢᠨ︾ ᠬᠡᠮᠡᠨ ᠨᠡᠷᠡᠯᠡᠵᠦ᠂ ᠬᠠᠵᠠᠭᠤ ᠬᠠᠪᠢ ᠪᠠᠷ ᠨᠢ ᠥᠩᠭᠡᠷᠡᠬᠦ ᠳᠡᠭᠡᠨ ᠵᠠᠪᠠᠯ ᠤᠨᠤᠭ᠎ᠠ ᠠᠴᠠ ᠪᠠᠨ ᠪᠠᠭᠤᠵᠤ ᠳᠡᠭᠡᠷ᠎ᠡ ᠨᠢ ᠴᠢᠯᠠᠭᠤ ᠨᠡᠮᠡᠭᠡᠳ ᠭᠠᠲᠤᠯᠳᠠᠭ ᠠᠵᠢ᠃ ᠴᠠᠭᠠᠰᠢ ᠨᠢ ᠠᠷᠰᠯᠠᠩᠲᠤ ᠬᠠᠳᠠ᠂ ᠠᠭᠤᠢ ᠶᠢᠨ ᠠᠭᠤᠯᠠ᠂ ᠨᠠᠷᠠᠨ ᠱᠣᠷᠣᠩ ᠤᠨ ᠠᠭᠤᠯᠠ ᠨᠢᠭᠡ ᠨᠢ ᠨᠢᠭᠡ ᠠᠴᠠ ᠪᠠᠨ ᠥᠨᠳᠥᠷ ᠰᠡᠬᠦᠶᠢᠯᠴᠡᠵᠦ᠂ ᠨᠡᠬᠡᠷᠡᠨ ᠠᠷᠪᠠᠨ ᠳᠠᠪᠬᠤᠷ ᠮᠠᠨᠠᠨ ᠤ ᠴᠠᠭᠠᠨ᠎ᠠ ᠠᠴᠠ ᠬᠠᠷᠠᠭᠠᠨ ᠳᠤ ᠰᠦᠮᠡᠯᠵᠡᠵᠦ᠂ ᠡᠳᠡᠭᠡᠷ ᠤᠨ ᠳᠤᠮᠳᠠ ᠬᠡᠴᠢᠨᠡᠨ ᠤᠯᠠᠨ ᠦᠯᠢᠭᠡᠷ ᠲᠤᠮᠤᠭ᠂ ᠬᠠᠭᠤᠴᠢ ᠲᠡᠦᠬᠡ ᠨᠢᠭᠤᠭᠳᠠᠵᠤ ᠪᠠᠶᠢᠭ᠎ᠠ ᠪᠣᠯ︖ ᠭᠡᠬᠦ ᠪᠤᠳᠤᠯ ᠠᠷᠭ᠎ᠠ ᠦᠭᠡᠢ ᠲᠥᠷᠥᠭᠳᠡᠭᠦᠯᠦᠨ᠎ᠡ ᠠᠵᠢ᠃          ᠦᠨᠡᠨ ᠢ ᠬᠡᠯᠡᠬᠦ ᠳᠤ ᠪᠢ ᠡᠨᠡ ᠨᠤᠲᠤᠭ ᠤᠨ ᠦᠯᠢᠭᠡᠷ ᠲᠤᠮᠤᠭ ᠢ ᠬᠠᠷ᠎ᠠ ᠪᠠᠭ᠎ᠠ ᠠᠴᠠ ᠪᠠᠨ ᠰᠣᠨᠣᠰᠤᠭᠰᠠᠭᠠᠷ ᠢᠷᠡᠭᠰᠡᠨ ᠶᠤᠮ᠃ ᠡᠨᠡ ᠤᠳᠠᠭ᠎ᠠ ᠥᠪᠡᠷ ᠤᠨ ᠪᠡᠶ᠎ᠡ ᠪᠠᠷ ᠢᠶᠠᠨ ᠬᠠᠶᠢᠨ ᠰᠤᠷᠪᠤᠯᠵᠢᠯᠠᠬᠤ ᠪᠣᠯᠤᠭᠰᠠᠨ ᠳᠠᠭᠠᠨ ᠰᠡᠳᠬᠢᠯ ᠳᠤ ᠶᠡᠭᠡ ᠯᠡ ᠬᠥᠭᠰᠡᠭᠡᠨ ᠲᠠᠢ ᠰᠠᠨᠠᠭᠳᠠᠵᠤ ᠪᠠᠶᠢᠯ᠎ᠠ᠃ ᠮᠢᠨᠤ ᠡᠪᠦᠭᠡ ᠡᠮᠡᠭᠡ ᠭᠡᠭᠴᠢ ᠬᠠᠷᠤᠤᠨ᠎ᠠ ᠶᠢᠨ ᠠᠭᠤᠯᠠ ᠲᠠᠢ ᠪᠠᠷ᠎ᠠ ᠪᠠᠷ᠎ᠠ ᠪᠠᠨ ᠬᠠᠷᠠᠯᠴᠠᠨ ᠰᠡᠬᠦᠶᠢᠭᠰᠡᠨ ᠬᠤᠯᠪᠤᠭ᠎ᠠ ᠠᠭᠤᠯᠠ ᠶᠢᠨ ᠬᠤᠷᠮᠣᠢ ᠳᠤ ᠰᠠᠭᠤᠷᠢᠰᠢᠳᠠᠭ ᠠᠶᠢᠯ ᠪᠠᠶᠢᠭᠰᠠᠨ ᠶᠤᠮ᠃ ᠶᠡᠭᠡ ᠳᠠᠭᠠᠭᠠᠴᠢᠯᠠᠯᠲᠠ ᠶᠢᠨ ᠦᠶ᠎ᠡ ᠳᠤ ᠤᠰᠤ ᠳᠤᠲᠠᠮᠠᠭ ᠠᠴᠠ ᠪᠣᠯᠵᠤ ᠮᠠᠨᠠᠶᠢᠬᠢ ᠡ᠊ᠨᠳᠡ ᠠᠴᠠ ᠪᠠᠷᠠᠭᠤᠨᠰᠢ ᠪᠠᠭ᠎ᠠ ᠨᠡᠭᠦᠳᠡᠯᠯᠡᠨ ᠲᠠᠪᠤᠨᠬᠤᠳᠳᠤᠭ ᠬᠡᠮᠡᠬᠦ ᠭᠠᠵᠠᠷ ᠰᠠᠭᠤᠷᠢᠰᠢᠭᠰᠠᠨ ᠪᠢᠯᠡ᠃ ᠨᠡᠩ ᠴᠤ ᠨᠠᠭᠠᠴᠤ ᠡᠪᠦᠭᠡ ᠡᠮᠡᠭᠡ ᠪᠤᠶᠤ ᠨᠠᠭᠠᠴᠤ ᠶᠢᠨ ᠲᠦᠷᠦᠯ ᠰᠠᠳᠤᠨ ᠮᠢᠨᠢ ᠬᠠᠷᠤᠤᠨ᠎ᠠ ᠶᠢᠨ ᠠᠭᠤᠯᠠ ᠪᠠᠷ ᠮᠠᠯᠵᠢᠵᠤ ᠪᠠᠶᠢᠭᠰᠠᠨ ᠲᠤᠯᠠ ᠬᠠᠷᠤᠤᠨ᠎ᠠ ᠶᠢᠨ ᠠᠭᠤᠯᠠ ᠶᠢᠨ ᠦᠯᠢᠭᠡᠷ ᠲᠤᠮᠤᠭ ᠢ ᠨᠠᠳᠠ ᠦᠷᠭᠦᠯᠵᠢ ᠶᠠᠷᠢᠵᠤ ᠦᠭᠳᠡᠭ ᠪᠠᠶᠢᠭᠰᠠᠨ ᠪᠢᠯᠡ᠃ ᠤᠳᠤ ᠴᠤ ᠭᠡᠰᠡᠨ ᠴᠡᠭᠡᠵᠢᠨ ᠳᠤ ᠪᠦᠦᠷ ᠲᠦᠦᠷᠬᠡᠨ ᠰᠠᠨᠠᠭᠳᠠᠵᠤ ᠪᠠᠶᠢᠨ᠎ᠠ᠃ ᠡ᠊ᠨᠳᠡ ᠯᠤᠪᠤᠨᠴᠢᠨᠪᠤ᠂ ᠡᠯᠵᠢᠭᠡᠨ ᠴᠢᠬᠢᠲᠦ ᠬᠠᠭᠠᠨ᠂ ᠰᠢᠮᠨᠤ ᠭᠤᠷᠪᠠ ᠶᠢᠨ ᠦᠯᠢᠭᠡᠷ ᠲᠤᠮᠤᠭ ᠤᠯᠠᠮᠵᠢᠯᠠᠭᠳᠠᠵᠤ᠂ ᠵᠠᠯᠠᠭᠤ ᠪᠠᠭᠠᠴᠤᠳ ᠭᠦᠷᠳᠡᠯ᠎ᠡ ᠠᠯᠳᠠᠭ ᠤᠨᠤᠭ ᠮᠡᠳᠡᠵᠦ ᠪᠠᠶᠢᠳᠠᠭ᠃ ᠴᠢᠩᠭᠢᠰ ᠬᠠᠭᠠᠨ᠂ ᠮᠦ ᠭᠦᠢ ᠶᠢᠩ ᠤᠨ ᠦᠯᠢᠭᠡᠷ ᠲᠤᠮᠤᠭ ᠴᠤ ᠪᠠᠶᠢᠳᠠᠭ᠃ ᠡᠯᠵᠢᠭᠡᠨ ᠴᠢᠬᠢᠲᠦ ᠬᠠᠭᠠᠨ ᠤ ᠦᠯᠢᠭᠡᠷ ᠮᠣᠩᠭᠤᠯ ᠨᠤᠲᠤᠭ ᠲᠤ ᠥᠷᠭᠡᠨ ᠢᠶᠠᠷ ᠳᠡᠯᠭᠡᠷᠡᠵᠦ ᠂ ᠠᠳᠠᠯᠢ ᠪᠤᠰᠤ ᠪᠠᠷ ᠶᠠᠷᠢᠭᠳᠠᠵᠤ ᠪᠠᠶᠢᠳᠠᠭ ᠴᠤ ᠡᠨᠡ ᠨᠤᠲᠤᠭ ᠲᠤ ᠬᠠᠷᠢᠨ ᠡᠯᠵᠢᠭᠡᠨ ᠴᠢᠬᠢᠲᠦ ᠬᠠᠭᠠᠨ ᠤ ᠰᠠᠭᠤᠷᠢᠰᠢᠯ ᠬᠤᠳᠠ᠂ ᠣᠷᠣᠰᠢᠭᠤᠯᠤᠭᠰᠠᠨ ᠭᠠᠵᠠᠷ ᠤᠰᠤᠨ ᠴᠤ ᠨᠡᠷ᠎ᠡ ᠲᠠᠢ ᠤᠷᠤᠮ ᠲᠠᠢ ᠪᠠᠨ ᠪᠠᠶᠢᠳᠠᠭ ᠪᠣᠯᠬᠤᠷ ᠡᠨᠡ ᠬᠦ ᠦᠯᠢᠭᠡᠷ ᠲᠤᠮᠤᠭ ᠦᠨᠡᠨ ᠪᠣᠯᠪᠠᠤ ᠬᠡᠮᠡᠨ ᠬᠥᠮᠥᠰ ᠲᠤ ᠤᠯᠠᠨ ᠢ ᠪᠤᠳᠤᠬᠳᠠᠭᠤᠯᠳᠠᠭ ᠠᠵᠤᠭᠤ᠃ ᠪᠢᠳᠠ ᠬᠡᠳᠦᠨ ᠡᠳᠦᠷ ᠤᠨ ᠡᠮᠦᠨ᠎ᠡ ᠨᠤᠲᠤᠭ ᠤᠨ ᠬᠥᠮᠥᠰ ᠤᠨ ᠲᠠᠨᠢᠯᠴᠠᠭᠤᠯᠭ᠎ᠠ ᠪᠠᠷ ᠡᠨᠡ ᠨᠤᠲᠤᠭ ᠤᠨ ᠤᠤᠭᠠᠯ᠂ ᠤᠯᠠᠨ ᠵᠢᠯ ᠭᠠᠴᠠᠭᠠᠨ ᠤ ᠠᠵᠢᠯ ᠬᠢᠵᠦ ᠶᠠᠪᠤᠭᠰᠠᠨ ᠨᠠᠶᠠᠨ ᠲᠦᠷᠪᠡᠨ ᠨᠠᠰᠤᠲᠠᠢ ᠪᠤᠭᠤᠷᠤᠯ ᠬᠤᠷᠠᠭ᠎ᠠ ᠪᠠᠭᠰᠢ ᠲᠠᠢ ᠲᠠᠨᠢᠯᠴᠠᠵᠤ ᠠᠭᠤᠯᠵᠠᠬᠤ ᠪᠣᠯᠵᠤᠭ᠎ᠠ ᠲᠣᠭᠲᠠᠭᠰᠠᠨ ᠪᠠᠶᠢᠭᠰᠠᠨ ᠶᠤᠮ᠃ ᠬᠠᠷᠢᠨ ᠡᠨᠡ ᠬᠤᠶᠠᠷ ᠡᠳᠦᠷ ᠬᠤᠷᠠᠭ᠎ᠠ ᠪᠠᠭᠰᠢ ᠭᠠᠳᠠᠭᠰᠢ ᠭᠠᠷᠬᠤ ᠪᠠᠴᠢᠮ ᠤᠴᠢᠷ ᠲᠠᠢ ᠪᠣᠯᠣᠭᠠᠳ ᠠᠭᠤᠯᠵᠠᠵᠤ ᠴᠢᠳᠠᠬᠤ ᠦᠭᠡᠢ ᠪᠣᠯᠤᠭᠰᠠᠨ ᠢᠶᠠᠨ ᠮᠡᠳᠡᠭᠳᠡᠵᠦ᠂ ᠪᠢᠳᠠᠨ ᠤ ᠤᠯᠠᠨ ᠠᠷᠪᠢᠨ ᠦᠯᠢᠭᠡᠷ ᠲᠤᠮᠤᠭ ᠢ ᠨᠤᠲᠤᠭ ᠤᠨ ᠪᠤᠭᠤᠷᠤᠯᠴᠤᠳ ᠠᠴᠠ ᠴᠢᠬᠢ ᠪᠠᠷ ᠢᠶᠠᠨ ᠰᠤᠨᠤᠰᠬᠤ ᠶᠤᠮᠰᠠᠨ ᠬᠡᠮᠡᠨ ᠬᠥᠭᠰᠡᠵᠦ ᠪᠠᠶᠢᠭᠰᠠᠨ ᠪᠤᠳᠤᠯ ᠮᠠᠨᠢ ᠪᠠᠭ᠎ᠠ ᠲᠠᠯᠠᠭᠠᠷᠳᠠᠯ᠎ᠠ᠃ ᠭᠡᠪᠡᠴᠦ ᠶᠠᠭᠠᠭᠢᠮᠠᠢ᠂ ᠠᠭᠤᠯᠵᠠᠵᠤ ᠴᠢᠳᠠᠬᠤ ᠦᠭᠡᠢ ᠴᠤ ᠭᠡᠰᠡᠨ ᠤᠲᠠᠰᠤ ᠪᠠᠷ ᠬᠠᠷᠢᠴᠠᠵᠤ ᠴᠢᠳᠠᠭᠰᠠᠨ ᠨᠢ ᠪᠢᠳᠠᠨ ᠤ ᠣᠶᠢᠯᠠᠭᠠᠬᠤ ᠦᠭᠡᠢ ᠮᠡᠳᠡᠬᠦ ᠦᠭᠡᠢ ᠪᠠᠨ ᠠᠰᠠᠭᠤᠨ ᠯᠠᠪᠯᠠᠬᠤ ᠳᠤ ᠶᠡᠬᠡᠬᠡᠨ ᠲᠤᠰᠠ ᠪᠣᠯᠵᠤ ᠪᠢᠯᠡ᠃          ᠬᠠᠷᠤᠤᠨ᠎ᠠ ᠶᠢᠨ ᠠᠭᠤᠯᠠ ᠨᠢ ᠠᠯᠠᠱᠠ ᠶᠢᠨ ᠨᠡᠷᠡᠳᠦ ᠠᠭᠤᠯᠠᠰ ᠤᠨ ᠨᠢᠭᠡᠨ ᠪᠤᠶᠤ᠃ ᠬᠤᠷᠤᠯᠠᠢ ᠨᠣᠶᠠᠨ ᠮᠠᠨᠵᠤ ᠶᠢᠨ ᠬᠠᠭᠠᠨ ᠠᠴᠠ ᠠᠯᠠᠱᠠ ᠶᠢ ᠥᠪᠡᠷ ᠤᠨ ᠭᠠᠵᠠᠷ ᠨᠤᠲᠤᠭ ᠢᠶᠠᠨ ᠪᠣᠯᠭᠠᠨ ᠠᠪᠬᠤ ᠪᠠᠷ ᠭᠤᠶᠤᠴᠢᠯᠠᠬᠤ ᠳᠤ ᠬᠠᠭᠠᠨ ᠠᠴᠠ ᠲᠠᠨᠠᠷ ᠶᠠᠮᠠᠷ ᠶᠠᠮᠠᠷ ᠭᠠᠵᠠᠷ ᠢ ᠠᠪᠬᠤ ᠰᠠᠨᠠᠭ᠎ᠠ ᠲᠠᠢ ᠪᠤᠢ ᠭᠡᠵᠦ ᠠᠰᠠᠭᠤᠵᠠᠢ᠃ ᠬᠤᠷᠤᠯᠠᠢ ᠨᠣᠶᠠᠨ ᠢ ᠲᠠᠭᠠᠵᠦ ᠣᠴᠢᠭᠰᠠᠨ ᠰᠢᠳᠠᠷ ᠯᠠᠮᠠ ᠨᠠᠮᠺᠠᠪᠠᠯ ᠠᠯᠠᠱᠠ ᠭᠡᠵᠦ ᠶᠠᠭ ᠯᠠ ᠠᠶᠠᠨᠴᠢᠨ ᠤ ᠪᠠᠭᠤᠷᠢ ᠶᠢᠨ ᠭᠤᠷᠪᠠᠨ ᠲᠤᠯᠭ᠎ᠠ ᠶᠢᠨ ᠴᠢᠯᠠᠭᠤ ᠰᠢᠭ᠋ ᠭᠤᠷᠪᠠᠨ ᠠᠭᠤᠯᠠ ᠶᠢᠨ ᠳᠤᠮᠳᠠᠭᠤᠷ ᠦᠬᠡᠷ ᠤᠨ ᠠᠷᠠᠰᠤᠨ ᠴᠢᠨᠡᠭᠡᠨ ᠭᠠᠵᠠᠷ ᠪᠠᠶᠢᠳᠠᠭ ᠶᠤᠮ ᠭᠡᠵᠡᠢ᠃ ᠬᠠᠭᠠᠨ ᠶᠠᠮᠠᠷ ᠶᠠᠮᠠᠷ ᠭᠤᠷᠪᠠᠨ ᠠᠭᠤᠯᠠ ᠪᠤᠢ ᠭᠡᠬᠦ ᠳᠤ ᠨᠠᠮᠺᠠᠪᠠᠯ ᠡᠵᠡᠨ ᠬᠠᠭᠠᠨ ᠥᠷᠥᠰᠢᠶᠡ᠂ ᠠᠯᠠᠭ ᠠᠭᠤᠯᠠ ᠠᠯᠳᠠᠨ ᠲᠡᠪᠰᠢ᠂ ᠪᠠᠶᠠᠨ ᠰᠦᠮᠪᠦᠷ ᠠᠭᠤᠯᠠ᠂ ᠨᠠᠷᠠᠨ ᠱᠣᠷᠣᠩ ᠤᠨ ᠠᠭᠤᠯᠠ ᠬᠡᠮᠡᠵᠦᠬᠦᠢ᠃ ᠬᠠᠭᠠᠨ ᠲᠡᠶᠢᠮᠦ ᠲᠤᠯᠭ᠎ᠠ ᠶᠢᠨ ᠭᠤᠷᠪᠠᠨ ᠴᠢᠯᠠᠭᠤ ᠰᠢᠭ᠋ ᠭᠤᠷᠪᠠᠨ ᠠᠭᠤᠯᠠ ᠶᠢ ᠬᠠᠮᠤᠷᠤᠭᠰᠠᠨ ᠦᠬᠡᠷ ᠤᠨ ᠠᠷᠠᠰᠤᠨ ᠴᠢᠨᠡᠭᠡᠨ ᠭᠠᠵᠠᠷ ᠬᠡᠳᠦᠶᠢᠬᠡᠨ ᠲᠣᠮᠣ ᠪᠠᠶᠢᠵᠤ ᠴᠢᠳᠠᠬᠤᠪ ᠭᠡᠳ ᠵᠠᠷᠯᠢᠭ ᠪᠠᠭᠤᠵᠤ ᠡᠳᠡᠭᠡᠷ ᠭᠠᠵᠠᠷ ᠢ ᠬᠤᠷᠤᠯᠠᠢ ᠨᠣᠶᠠᠨ ᠳᠤ ᠬᠤᠪᠢᠶᠠᠨ ᠥᠭᠭᠦᠭᠰᠡᠨ ᠭᠡᠳᠡᠭ ᠦᠯᠢᠭᠡᠷ ᠤᠴᠢᠷ ᠨᠣᠮ ᠰᠤᠳᠤᠷ ᠲᠤ ᠲᠡᠮᠳᠡᠭᠯᠡᠭᠳᠡᠵᠦ ᠪᠠᠶᠢᠳᠠᠭ᠃ ᠡᠨᠡ ᠬᠦ ᠨᠠᠷᠠᠨ ᠱᠣᠷᠣᠩ ᠤᠨ ᠠᠭᠤᠯᠠ ᠪᠣᠯᠪᠠᠰᠤ ᠬᠠᠷᠤᠤᠨ᠎ᠠ ᠶᠢᠨ ᠠᠭᠤᠯᠠ ᠶᠢᠨ ᠵᠡᠭᠦᠨ ᠵᠠᠬ᠎ᠠ ᠳᠤ ᠵᠠᠯᠭᠠᠯᠳᠤᠵᠤ ᠪᠠᠶᠢᠭ᠎ᠠ ᠥᠨᠳᠥᠷ ᠠᠰᠬ᠎ᠠ ᠠᠭᠤᠯᠠ ᠪᠤᠯᠬᠤ ᠠᠵᠢ᠃ ᠲᠡᠭᠡᠪᠡᠯ ᠬᠠᠷᠤᠤᠨ᠎ᠠ ᠶᠢᠨ ᠠᠭᠤᠯᠠ ᠶᠢᠨ ᠪᠠᠷᠠᠭᠤᠨ ᠵᠠᠬ᠎ᠠ ᠨᠢ ᠬᠠᠮᠢᠭᠠᠭᠤᠷ ᠪᠠᠶᠢᠳᠠᠭ ᠪᠤᠢ︖ ᠡᠨᠡ ᠲᠤᠬᠠᠢ ᠮᠡᠳᠡᠬᠦ ᠬᠥᠮᠥᠰ ᠴᠥᠭᠡᠨ ᠪᠤᠶᠤ ᠮᠠᠷᠭᠤᠭᠠᠨ ᠲᠠᠢ ᠪᠠᠶᠢᠳᠠᠭ᠃ ᠡᠨᠡ ᠤᠳᠠᠭ᠎ᠠ ᠪᠢᠳᠠ ᠬᠡᠰᠡᠭ ᠨᠤᠲᠤᠭ ᠤᠨ ᠪᠤᠭᠤᠷᠤᠯᠴᠤᠳ ᠲᠠᠢ ᠵᠣᠭᠤᠭ ᠪᠣᠯᠵᠤ ᠬᠠᠷᠤᠤᠨ᠎ᠠ ᠶᠢᠨ ᠠᠭᠤᠯᠠ ᠶᠢᠨ ᠪᠠᠷᠠᠭᠤᠨ ᠵᠠᠬ᠎ᠠ ᠶᠢ ᠬᠠᠶᠢᠭᠰᠠᠨ ᠶᠤᠮ᠃ ᠨᠣᠮ ᠰᠤᠳᠤᠷ ᠲᠤ ᠤᠯᠠᠨ ᠶᠠᠩᠵᠤ ᠪᠠᠷ ᠲᠡᠮᠳᠡᠭᠯᠡᠵᠦ ᠪᠤᠢ᠃ ᠬᠤ᠋ ᠥᠯᠵᠡᠢ ᠪᠠᠭᠰᠢ ︽ᠳᠣᠮᠣᠭᠲᠤ ᠨᠤᠲᠤᠭ - ᠬᠠᠨ ᠬᠠᠷᠤᠤᠨ᠎ᠠ︾ ᠨᠣᠮ ᠳᠠᠭᠠᠨ ᠲᠡᠮᠳᠡᠭᠯᠡᠬᠦ ᠳᠡᠭᠡᠨ᠄ ︽ᠬᠠᠨ ᠠᠭᠤᠯᠠ ︵ᠬᠠᠯᠵᠠᠨ ᠪᠦᠷᠭᠦᠳ ᠤᠨ ᠠᠭᠤᠯᠠ︶ ᠨᠢ ᠬᠠᠷᠤᠤᠨ᠎ᠠ ᠶᠢᠨ ᠠᠭᠤᠯᠠ ᠶᠢᠨ ᠪᠠᠷᠠᠭᠤᠨ ᠦᠵᠦᠭᠦᠷ ᠲᠤ ᠪᠠᠶᠢᠷᠢᠯᠠᠵᠤ ᠪᠠᠶᠢᠳᠠᠭ ᠶᠤᠮ︾ ᠭᠡᠬᠦ ᠠᠴᠠ ᠪᠢᠳᠠ ᠬᠠᠷᠤᠤᠨ᠎ᠠ ᠶᠢᠨ ᠠᠭᠤᠯᠠ ᠶᠢᠨ ᠪᠠᠷᠠᠭᠤᠨ ᠵᠠᠬ᠎ᠠ ᠶᠢ ᠶᠡᠬᠡᠪᠴᠢᠯᠡᠨ ᠮᠡᠳᠡᠵᠦ ᠪᠤᠯᠬᠤ ᠶᠤᠮ᠃ ᠵᠠᠷᠢᠮ ᠨᠣᠮ ᠰᠤᠳᠤᠷ ᠲᠤ ᠲᠡᠮᠳᠡᠭᠯᠡᠭᠰᠡᠨ ᠢᠶᠠᠷ ᠬᠠᠷᠤᠤᠨ᠎ᠠ ᠶᠢᠨ ᠠᠭᠤᠯᠠ ᠨᠢ ︽ᠵᠡᠭᠦᠨᠰᠢ ᠪᠠᠨ ᠮᠤᠨᠢ ᠠᠭᠤᠯᠠ ᠲᠠᠢ ᠵᠠᠯᠭᠠᠯᠳᠤᠵᠤ᠂ ᠪᠠᠷᠠᠭᠤᠨᠰᠢ ᠪᠠᠨ ᠴᠢ ᠯᠢᠶᠠᠨ ᠱᠠᠨ ᠲᠠᠢ ᠦᠵᠦᠭᠦᠷ ᠰᠡᠵᠢᠭᠦᠷ ᠢᠶᠠᠷ ᠢᠶᠠᠨ ᠬᠤᠯᠪᠣᠯᠳᠤᠵᠤ ᠪᠠᠶᠢᠳᠠᠭ︾ ᠬᠡᠮᠡᠵᠦᠬᠦᠢ᠃ ᠬᠤᠷᠠᠭ᠎ᠠ ᠪᠠᠭᠰᠢ ᠶᠢᠨ ᠬᠡᠯᠡᠬᠦ ᠪᠠᠷ ᠬᠠᠷᠤᠤᠨ᠎ᠠ ᠶᠢᠨ ᠠᠭᠤᠯᠠ ᠶᠢᠨ ᠪᠠᠷᠠᠭᠤᠨ ᠵᠠᠬ᠎ᠠ ᠨᠢ ᠪᠠᠶᠠᠨᠬᠠᠷ᠎ᠠ ᠭᠠᠴᠠᠭᠠᠨ ᠤ ᠬᠠᠪᠴᠢᠭᠠᠶᠢᠳᠦ ᠶᠢᠨ ᠭᠤᠣᠯ ᠤᠨ ᠵᠡᠭᠦᠬᠡᠨ ᠲᠠᠯ᠎ᠠ ᠳᠤ ᠪᠠᠶᠢᠭ᠎ᠠ ᠬᠡᠭᠡᠷ ᠮᠣᠷᠢᠲᠤ ᠶᠢᠨ ᠭᠤᠣᠯ ᠢᠶᠠᠷ ᠲᠠᠰᠤᠯᠤᠭᠳᠠᠬᠤ ᠪᠠᠶᠢᠬ᠎ᠠ᠂ ᠡᠭᠦᠨ ᠠᠴᠠ ᠪᠠᠷᠠᠭᠤᠨᠰᠢ ᠪᠤᠷᠬᠠᠨ ᠠᠭᠤᠯᠠ᠂ ᠬᠠᠨ ᠠᠭᠤᠯᠠ ︵ᠬᠠᠯᠵᠠᠨ ᠪᠦᠷᠭᠦᠳ ᠤᠨ ᠠᠭᠤᠯᠠ︶ ᠨᠢ ᠬᠠᠷᠤᠤᠨ᠎ᠠ ᠶᠢᠨ ᠠᠭᠤᠯᠠ ᠲᠠᠢ ᠬᠥᠷᠰᠢᠯᠡᠨ ᠵᠠᠯᠭᠠᠯᠳᠤᠵᠤ ᠪᠠᠶᠢᠬᠤ ᠠᠴᠠ ᠪᠢᠰᠢ ᠬᠠᠷᠤᠤᠨ᠎ᠠ ᠶᠢᠨ ᠠᠭᠤᠯᠠᠨ ᠳᠤ ᠪᠠᠭᠲᠠᠬᠤ ᠦᠭᠡᠢ ᠭᠡᠰᠡᠨ ᠨᠢ ᠤᠯᠠᠨ ᠤ ᠬᠡᠯᠡᠯᠭᠡ ᠲᠠᠢ ᠶᠠᠭ ᠨᠡᠶᠢᠴᠡᠵᠦ ᠪᠠᠶᠢᠯ᠎ᠠ ᠃ ᠢᠩᠭᠢᠭᠡᠳ ᠪᠤᠳᠤᠪᠠᠯ ᠬᠠᠷᠤᠤᠨ᠎ᠠ ᠶᠢᠨ ᠠᠭᠤᠯᠠ ᠨᠢ ᠤᠤᠯ ᠤᠨ ᠣᠯᠠᠨᠪᠤᠯᠠᠭ ᠰᠤᠮᠤᠨ ᠤ ᠰᠠᠭᠤᠭ᠎ᠠ ᠭᠠᠵᠠᠷ ᠤᠨ ᠬᠤᠶᠢᠭᠤᠷ ᠵᠡᠭᠦᠨᠰᠢᠯᠡᠨ ᠨᠠᠷᠠᠨ ᠱᠣᠷᠣᠩ ᠤᠨ ᠠᠭᠤᠯᠠ ᠲᠠᠢ ᠵᠠᠯᠭᠠᠯᠳᠤᠵᠤ᠂ ᠵᠡᠭᠦᠨᠰᠢ ᠪᠠᠷᠠᠭᠤᠨᠰᠢ ᠴᠢᠭᠯᠡᠯ ᠲᠠᠢ᠂ ᠪᠠᠷᠤᠭ ᠵᠠᠭᠤ ᠭᠠᠷᠤᠢ ᠭᠠᠵᠠᠷ ᠤᠷᠳᠤ ᠰᠤᠨᠤᠯᠵᠠᠵᠤ᠂ ᠡᠮᠦᠨ᠎ᠡ ᠲᠠᠯ᠎ᠠ ᠪᠠᠷ ᠢᠶᠠᠨ ᠡᠭᠴᠡ ᠠᠰᠬ᠎ᠠ᠂ ᠬᠤᠶᠢᠲᠤ ᠲᠠᠯ᠎ᠠ ᠪᠠᠷ ᠢᠶᠠᠨ ᠪᠠᠭ᠎ᠠ ᠨᠠᠮᠤᠭᠤᠬᠠᠨ ᠪᠥᠭᠡᠳ ᠥᠩ ᠰᠢᠮᠡᠯᠢᠭ ᠪᠡᠯᠴᠢᠭᠡᠷ ᠤᠰᠤ ᠲᠠᠢ ᠠᠵᠤᠭᠤ᠃ ᠯᠦᠩ ᠤᠨ ᠠᠭᠤᠯᠠ ᠨᠢ ᠬᠠᠷᠤᠤᠨ᠎ᠠ ᠶᠢᠨ ᠠᠭᠤᠯᠠ ᠶᠢᠨ ᠪᠠᠷᠠᠭᠤᠨ ᠬᠠᠭᠠᠰ ᠲᠤ ᠰᠦᠨᠳᠡᠷᠯᠡᠵᠦ᠂ ᠬᠠᠷᠤᠤᠨ᠎ᠠ ᠶᠢᠨ ᠠᠭᠤᠯᠠ ᠶᠢᠨ ᠬᠠᠮᠤᠭ ᠤᠨ ᠥᠨᠳᠥᠷ ᠤᠷᠭᠢᠯ ᠭᠡᠭᠳᠡᠵᠦ᠂ ᠲᠠᠯᠠᠢ ᠶᠢᠨ ᠲᠦᠪᠰᠢᠨ ᠠᠴᠠ ᠳᠡᠭᠡᠭᠰᠢ ᠪᠠᠷᠤᠭ 1698 ᠮᠧᠲᠷ ᠡᠷᠭᠦᠭᠳᠡᠵᠡᠢ᠃ ᠠᠭᠤᠢ ᠶᠢᠨ ᠠᠭᠤᠯᠠ ᠨᠢ ᠬᠠᠷᠤᠤᠨ᠎ᠠ ᠶᠢᠨ ᠠᠭᠤᠯᠠ ᠶᠢᠨ ᠵᠡᠭᠦᠨ ᠬᠠᠭᠠᠰ ᠲᠤ ᠪᠠᠶᠢᠷᠢᠯᠠᠵᠤ ᠨᠠᠷᠠᠨ ᠱᠣᠷᠣᠩ ᠤᠨ ᠠᠭᠤᠯᠠ ᠲᠠᠢ ᠵᠠᠯᠭᠠᠯᠳᠤᠨ᠂ ᠲᠠᠯᠠᠢ ᠶᠢᠨ ᠲᠦᠪᠰᠢᠨ ᠠᠴᠠ ᠳᠡᠭᠡᠭᠰᠢ ᠪᠠᠷᠤᠭ 1657 ᠮᠧᠲᠷ ᠡᠷᠭᠦᠭᠳᠡᠵᠦ᠂ ᠡᠨᠡ ᠬᠤᠶᠠᠷ ᠠᠭᠤᠯᠠ ᠨᠢ ᠴᠠᠭᠠᠰᠤ ᠶᠢᠨ ᠭᠤᠣᠯ ᠢᠶᠠᠷ ᠵᠠᠭᠠᠭᠯᠠᠵᠤ ᠪᠠᠶᠢᠳᠠᠭ᠃ ᠣᠶᠢᠷ᠎ᠠ ᠣᠷᠴᠢᠮ ᠤᠨ ᠠᠭᠤᠯᠠ ᠲᠣᠯᠣᠭᠠᠳ ᠨᠢ ᠪᠠᠰᠠ ᠬᠤᠪᠢ ᠬᠤᠪᠢᠨ ᠤ ᠪᠠᠨ ᠨᠡᠷ᠎ᠡ ᠤᠰᠤ ᠲᠠᠢ ᠠᠵᠢ᠃ ᠶᠡᠷᠦᠨᠢ ᠪᠢᠳᠠᠨ ᠤ ᠮᠡᠳᠡᠭᠡᠵᠢ ᠪᠠᠷ ᠬᠠᠷᠤᠤᠨ᠎ᠠ ᠶᠢᠨ ᠠᠭᠤᠯᠠ ᠭᠡᠪᠡᠯ ᠮᠡᠳᠡᠬᠦ ᠬᠥᠮᠥᠰ ᠴᠥᠭᠡᠨ᠂ ᠨᠤᠲᠤᠭ ᠤᠨ ᠬᠥᠮᠥᠰ ᠴᠤ ᠬᠠᠷᠤᠤᠨ᠎ᠠ ᠶᠢᠨ ᠠᠭᠤᠯᠠ ᠬᠡᠮᠡᠨ ᠳᠠᠭᠤᠳᠠᠬᠤ ᠨᠢ ᠳᠡᠮᠡᠢ ᠰᠣᠨᠣᠰᠤᠭᠳᠠᠳᠠᠭ ᠦᠭᠡᠢ ᠪᠥᠭᠡᠳ ᠯᠦᠩ ᠤᠨ ᠠᠭᠤᠯᠠ ᠶᠢ ᠨᠡᠷ᠎ᠡ ᠪᠠᠷ ᠨᠢ ᠳᠠᠭᠤᠳᠠᠬᠤ ᠶᠢ ᠲᠠᠭ ᠴᠡᠭᠡᠷᠯᠡᠳᠡᠭ ᠠᠵᠢ᠃ ᠬᠠᠷᠢᠨ ᠬᠠᠷᠤᠤᠨ᠎ᠠ ᠶᠢᠨ ᠠᠭᠤᠯᠠ ᠶᠢᠨ ᠰᠦᠷᠦᠭᠵᠢᠯ ᠳᠣᠲᠣᠷᠠᠬᠢ ᠪᠤᠤᠷ᠎ᠠ ᠶᠢᠨ ᠠᠭᠤᠯᠠ᠂ ᠠᠭᠤᠢ ᠶᠢᠨ ᠠᠭᠤᠯᠠ᠂ ᠤᠯᠠᠭᠠᠨ ᠰᠤᠪᠤᠷᠭ᠎ᠠ ᠭᠡᠪᠡᠯ ᠣᠯᠠᠩᠬᠢ ᠬᠥᠮᠥᠰ ᠬᠠᠮᠢᠭ᠎ᠠ ᠪᠠᠶᠢᠳᠠᠭ ᠢ ᠪᠦᠷ ᠮᠡᠳᠡᠳᠡᠭ᠃          ᠡᠷᠲᠡᠨ ᠠᠴᠠ ᠬᠠᠷᠤᠤᠨ᠎ᠠ ᠶᠢᠨ ᠠᠭᠤᠯᠠ ᠶᠢᠨ ᠭᠠᠵᠠᠷ ᠨᠤᠲᠤᠭ ᠢ ᠠᠯᠠᠱᠠ᠂ ᠤᠷᠠᠳ᠂ ᠤᠳᠤᠭ ᠪᠤᠯᠢᠶᠠᠯᠳᠤᠭᠰᠠᠭᠠᠷ ᠢᠷᠡᠭᠰᠡᠨ ᠭᠡᠳᠡᠭ ᠢ ᠲᠡᠦᠬᠡ ᠲᠡᠮᠳᠡᠭᠯᠡᠯ ᠠᠴᠠ ᠣᠶᠢᠯᠠᠭᠠᠵᠤ ᠪᠤᠯᠬᠤ ᠠᠵᠤᠭᠤ᠃ ᠤᠳᠤ ᠴᠤ ᠭᠡᠰᠡᠨ ᠡᠨᠡ ᠨᠤᠲᠤᠭ ᠲᠤ ᠠᠯᠠᠱᠠ᠂ ᠤᠷᠠᠳ᠂ ᠣᠷᠳᠣᠰ ᠤᠨ ᠬᠥᠮᠥᠰ ᠬᠤᠯᠢᠯᠳᠤᠨ ᠰᠠᠭᠤᠷᠢᠰᠢᠵᠤ ᠪᠠᠶᠢᠳᠠᠭ ᠪᠢᠯᠡ᠃ ᠲᠡᠦᠬᠡ ᠡᠪᠬᠡᠮᠡᠯ ᠠᠴᠠ ᠯᠠᠪᠯᠠᠨ ᠦᠵᠡᠪᠡᠰᠦ ᠨᠠᠶᠢᠷᠠᠯᠳᠦ ᠲᠥᠪ ᠤᠨ 12 ᠣᠨ ︵1734 ᠣᠨ︶  ᠠᠴᠠ ᠲᠡᠭᠷᠢ ᠲᠡᠳᠬᠦᠭᠴᠢ ᠶᠢᠨ 34 ᠣᠨ ︵1769 ᠣᠨ︶  ᠤ ᠬᠤᠭᠤᠷᠣᠨᠳᠤ ᠠᠯᠠᠱᠠ ᠥᠭᠡᠯᠡᠳ ᠬᠢᠭᠡᠳ ᠤᠯᠠᠭᠠᠨᠴᠠᠪ ᠤᠨ ᠤᠷᠠᠳ ᠤᠨ ᠭᠦᠩ ᠤᠨ ᠬᠤᠰᠢᠭᠤ ᠬᠠᠷᠢᠯᠴᠠᠨ ᠪᠤᠯᠢᠶᠠᠯᠳᠤᠭᠠᠨ ᠪᠣᠯᠵᠤ᠂ ᠬᠠᠷᠤᠤᠨ᠎ᠠ ᠶᠢᠨ ᠠᠭᠤᠯᠠ ᠶᠢ ᠬᠡᠨ ᠠᠯᠢᠨ  ᠨᠢ ᠭᠡᠳ ᠥᠪᠡᠷ ᠤᠨ ᠨᠤᠲᠤᠭ ᠢᠶᠠᠨ ᠪᠣᠯᠭᠠᠨ ᠠᠪᠬᠤ ᠭᠡᠰᠡᠨ ᠢ ᠴᠢᠩ ᠤᠯᠤᠰ ᠤᠨ ᠵᠠᠰᠠᠭ ᠤᠨ ᠭᠠᠵᠠᠷ ᠠᠴᠠ ᠲᠡᠭᠷᠢ ᠲᠡᠳᠬᠦᠭᠴᠢ ᠶᠢᠨ 35 ᠣᠨ ︵1770 ᠣᠨ︶  ᠳᠤ ᠵᠠᠷᠯᠢᠭ ᠤᠨ ᠰᠠᠶᠢᠳ ᠶᠠᠪᠤᠭᠤᠯᠵᠤ ᠠᠯᠠᠱᠠ᠂ ᠤᠷᠠᠳ ᠤᠨ ᠵᠠᠬ᠎ᠠ ᠬᠢᠯᠢ ᠶᠢ ᠲᠠᠰᠤᠯᠤᠨ ᠲᠣᠭᠲᠠᠭᠠᠬᠤ ᠦᠶ᠎ᠡ ᠳᠤ ᠠᠯᠠᠱᠠ ᠤᠨᠴᠠᠭᠠᠢ ᠬᠤᠰᠢᠭᠤᠨ ᠳᠤ ᠵᠢᠷᠤᠭᠯᠠᠨ ᠥᠭᠴᠦ᠂ ᠠᠯᠠᠱᠠ ᠤᠨᠴᠠᠭᠠᠢ ᠬᠤᠰᠢᠭᠤᠨ ᠤ ᠭᠤᠴᠢᠨ ᠵᠢᠷᠭᠤᠭᠠᠨ ᠪᠠᠭ ᠤᠨ ᠨᠢᠭᠡ ᠪᠤᠯᠬᠤ ᠬᠠᠷᠤᠤᠨ᠎ᠠ ᠶᠢᠨ ᠪᠠᠭ ᠲᠤ ᠪᠠᠭᠲᠠᠵᠤ ᠪᠠᠶᠢᠭᠰᠠᠨ ᠢᠶᠠᠨ ᠲᠠᠭᠢᠨ ᠲᠦᠭᠦᠮ ᠤᠨ ᠪᠠᠭ ᠲᠤ ᠬᠠᠷᠢᠶᠠᠯᠠᠭᠳᠠᠵᠤ ᠪᠠᠶᠢᠵᠠᠢ᠃ 1980 ᠣᠨ ᠳᠤ ᠪᠠᠶᠠᠨᠬᠤᠲᠠ ᠳᠤ ᠠᠯᠠᠱᠠ ᠠᠶᠢᠮᠠᠭ ᠢ ᠰᠢᠨ᠎ᠡ ᠪᠠᠷ ᠪᠠᠶᠢᠭᠤᠯᠬᠤ ᠦᠶ᠎ᠡ ᠳᠤ ᠬᠠᠷᠤᠤᠨ᠎ᠠ ᠶᠢᠨ ᠠᠭᠤᠯᠠ ᠶᠢᠨ ᠳᠤᠮᠳᠠ ᠬᠡᠰᠡᠭ ᠲᠤ ᠪᠠᠶᠢᠭ᠎ᠠ ᠴᠠᠭᠠᠰᠤ ᠶᠢᠨ ᠭᠤᠣᠯ ᠠᠴᠠ ᠵᠡᠭᠦᠨᠰᠢᠬᠢ ᠠᠭᠤᠢ ᠶᠢᠨ ᠠᠭᠤᠯᠠ ᠶᠢ ᠪᠠᠭᠲᠠᠭᠠᠭᠰᠠᠨ ᠬᠠᠷᠤᠤᠨ᠎ᠠ ᠶᠢᠨ ᠠᠭᠤᠯᠠ ᠶᠢᠨ ᠬᠡᠰᠡᠭ ᠭᠠᠵᠠᠷ ᠣᠷᠣᠨ ᠤᠳᠤ ᠶᠢᠨ ᠪᠠᠶᠠᠨᠨᠠᠭᠤᠷ ᠬᠤᠳᠠ ᠳᠤ ᠵᠢᠷᠤᠭᠯᠠᠭᠳᠠᠭᠰᠠᠨ ᠠᠵᠢ᠃          ᠬᠠᠷᠤᠤᠨ᠎ᠠ ᠶᠢᠨ ᠠᠭᠤᠢ ᠶᠢᠨ ᠠᠭᠤᠯᠠ ᠶᠢ ᠳᠠᠭᠢᠨᠢᠰ ᠤᠨ ᠣᠷᠣᠨ ᠭᠡᠳᠡᠭ᠃ ᠡ᠊ᠨᠳᠡ ᠲᠠᠪᠤᠨ ᠳᠠᠭᠢᠨᠢᠰ ᠬᠠᠷᠤᠤᠨ᠎ᠠ ᠶᠢᠨ ᠠᠭᠤᠢ ᠶᠢᠨ ᠠᠭᠤᠯᠠ ᠶᠢᠨ ᠲᠠᠪᠤᠨ ᠠᠭᠤᠢ ᠶᠢ ᠰᠠᠬᠢᠨ ᠬᠠᠮᠠᠭᠠᠯᠠᠵᠤ ᠪᠠᠶᠢᠭᠰᠠᠨ ᠭᠡᠳᠡᠭ᠃ ᠡᠨᠡ ᠳᠠᠭᠢᠨᠢᠰ ᠤᠨ ᠣᠷᠣᠨ ᠤ ᠣᠶᠢᠷ᠎ᠠ ᠬᠠᠪᠢ ᠪᠠᠷ ᠨᠢᠭᠡᠨ ᠰᠢᠮᠨᠤ ᠦᠢᠮᠡᠭᠦᠯᠦᠭᠡᠳ ᠪᠤᠯᠬᠤ ᠦᠭᠡᠢ ᠪᠣᠯᠬᠤᠷ ᠯᠤᠪᠤᠨᠴᠢᠨᠪᠤ ᠪᠤᠷᠬᠠᠨ ᠪᠠᠭᠰᠢ ᠶᠢᠨ ᠵᠠᠷᠯᠢᠭ ᠢᠶᠠᠷ ᠡ᠊ᠨᠳᠡ ᠰᠠᠭᠠᠲᠠᠵᠤ ᠰᠢᠮᠨᠤ ᠶᠢ ᠳᠠᠷᠤᠵᠤ᠂ ᠠᠭᠤᠯᠠ ᠤᠰᠤ ᠶᠢ ᠠᠷᠢᠭᠤᠳᠬᠠᠨ ᠡ᠊ᠨᠳᠡᠭᠢ ᠶᠢ ᠬᠠᠩᠷᠦ ᠶᠢᠨ ᠣᠷᠣᠨ ᠬᠡᠮᠡᠨ ᠠᠶᠢᠯᠠᠳᠤᠭᠰᠠᠨ ᠭᠡᠨ᠎ᠡ᠃ ᠬᠠᠩᠷᠦ ᠭᠡᠳᠡᠭ ᠨᠢ ᠳᠠᠭᠢᠨᠢᠰ ᠭᠡᠰᠡᠨ ᠤᠳᠬ᠎ᠠ ᠲᠠᠢ ᠲᠥᠪᠡᠳ ᠦᠭᠡ ᠪᠤᠯᠠᠢ᠃ ᠣᠨ ᠤᠳᠠᠭᠠᠨ ᠳᠤ ᠡᠨᠡ ᠬᠦ ᠬᠠᠩᠷᠦ ᠭᠡᠳᠡᠭ ᠲᠥᠪᠡᠳ ᠦᠭᠡ ᠨᠢ ᠠᠪᠢᠶ᠎ᠠ ᠬᠤᠪᠢᠷᠠᠭᠰᠠᠭᠠᠷ ᠪᠠᠶᠢᠭᠠᠳ ᠬᠠᠷᠤᠤᠨ᠎ᠠ ᠪᠣᠯᠵᠤ᠂ ᠡᠨᠡ ᠠᠭᠤᠯᠠ ᠶᠢᠨ ᠨᠡᠷᠡᠶᠢᠳᠦᠯ ᠪᠣᠯᠤᠭᠰᠠᠨ ᠭᠡᠳᠡᠭ᠃ ᠬᠠᠷᠤᠤᠨ᠎ᠠ ᠶᠢᠨ ᠠᠭᠤᠯᠠ ᠶᠢᠨ ᠨᠡᠷᠡᠶᠢᠳᠦᠯ ᠤᠨ ᠲᠤᠬᠠᠢ ᠪᠠᠰᠠ ᠨᠢᠭᠡᠨ ᠦᠯᠢᠭᠡᠷ ᠪᠠᠶᠢᠳᠠᠭ᠃ ᠮᠦ ᠭᠦᠢ ᠶᠢᠩ ᠪᠣᠯᠣᠨ ᠾᠦᠩᠨᠦ ᠶᠢᠨ ᠬᠤᠭᠤᠷᠤᠨᠳᠦᠭᠢ ᠨᠢᠭᠡᠨ ᠤᠳᠠᠭᠠᠨ ᠤ ᠪᠠᠶᠢᠯᠳᠤᠭᠠᠨ ᠳᠤ ᠡ᠊ᠨᠳᠡ ᠠᠭᠤᠯᠠ ᠲᠠᠯ᠎ᠠ ᠪᠠᠷ ᠭᠠᠯ ᠭᠠᠷᠴᠤ ᠤᠢ ᠰᠢᠭᠤᠢ᠂ ᠠᠮᠢᠳᠠᠨ ᠠᠷᠢᠶᠠᠲᠠᠨ ᠰᠢᠲᠠᠭᠳᠠᠨ ᠰᠦᠢᠳᠴᠦ᠂ ᠠᠷᠠᠳ ᠤᠳ ︽ᠬᠠᠷᠠᠯᠠᠪᠠ︾ ᠭᠡᠵᠦ ᠪᠠᠷᠬᠢᠷᠠᠯᠳᠤᠪᠠ ᠭᠡᠨ᠎ᠡ᠃ ᠡᠨᠡ ᠬᠦ ᠦᠭᠡ ᠨᠢ ᠣᠨ ᠤᠳᠠᠭᠠᠨ ᠳᠤ ᠤᠯᠠᠷᠢᠨ ᠬᠤᠪᠢᠷᠠᠭᠰᠠᠭᠠᠷ ᠪᠠᠶᠢᠵᠤ ᠥᠨᠥ ᠶᠢᠨ ︽ᠬᠠᠷᠤᠤᠨ᠎ᠠ︾ ᠪᠣᠯᠤᠭᠰᠠᠨ ᠭᠡᠳᠡᠭ᠃ ᠬᠠᠷᠤᠤᠨ᠎ᠠ ᠭᠡᠳᠡᠭ ᠨᠡᠷ᠎ᠡ ᠨᠢ ᠠᠯᠠᠱᠠ ᠭᠡᠳᠡᠭ ᠨᠡᠷ᠎ᠡ ᠶᠢᠨ ᠢᠷᠡᠯᠲᠡ ᠲᠠᠢ ᠠᠳᠠᠯᠢ ᠪᠠᠷ ᠴᠣᠬᠤᠮ ᠶᠠᠮᠠᠷ ᠤᠳᠬ᠎ᠠ᠂ ᠢᠷᠡᠯᠲᠡ ᠨᠢ ᠶᠠᠭᠤ ᠶᠤᠮ ᠭᠡᠳᠡᠭ ᠢ ᠤᠳᠤ ᠪᠤᠯᠳᠠᠯ᠎ᠠ ᠪᠠᠲᠤᠲᠠᠢ ᠨᠤᠲᠠᠯᠠᠵᠤ ᠴᠢᠳᠠᠭ᠎ᠠ ᠦᠭᠡᠢ ᠪᠠᠶᠢᠭᠰᠠᠭᠠᠷ᠂ ᠵᠦᠪᠭᠡᠨ ᠲᠡᠦᠬᠡ ᠰᠤᠳᠤᠯᠤᠭᠴᠢ ᠪᠤᠶᠤ ᠨᠤᠲᠤᠭ ᠤᠨ ᠠᠷᠠᠳ ᠡᠶᠢᠨ ᠬᠦ ᠲᠠᠭᠠᠮᠠᠭᠯᠠᠭᠰᠠᠨ ᠲᠡᠳᠦᠢ ᠠᠵᠢ᠃          ᠡ᠊ᠨᠳᠡ ᠠᠷᠠᠳ ᠤᠨ ᠳᠤᠮᠳᠠ ᠥᠷᠭᠡᠨ ᠢᠶᠠᠷ ᠳᠡᠯᠭᠡᠷᠡᠭᠰᠡᠨ ᠡᠯᠵᠢᠭᠡᠨ ᠴᠢᠬᠢᠲᠦ ᠬᠠᠭᠠᠨ ᠪᠠ ᠦᠨᠡᠭᠡᠨ ᠰᠢᠮᠨᠤ ᠶᠢᠨ ᠨᠢᠭᠡᠨ ᠦᠯᠢᠭᠡᠷ ᠢ ᠲᠦᠭᠦᠮ ᠳᠤᠷᠠᠳᠪᠠᠯ᠂ ᠡᠷᠲᠡ ᠲᠠᠩ ᠤᠯᠤᠰ ᠤᠨ ᠦᠶ᠎ᠡ ᠳᠤ ᠡᠯᠵᠢᠭᠡᠨ ᠴᠢᠬᠢᠲᠦ ᠬᠠᠭᠠᠨ ᠭᠡᠳᠡᠭ ᠨᠢᠭᠡᠨ ᠮᠠᠭᠤᠬᠠᠢ ᠵᠢᠰᠦ ᠲᠠᠢ᠂ ᠦᠩᠭᠡᠨ ᠳᠤ ᠳᠤᠷᠠᠲᠠᠢ ᠰᠠᠳᠤᠷ ᠰᠠᠮᠠᠭᠤᠨ ᠬᠠᠭᠠᠨ ᠪᠠᠶᠢᠵᠠᠢ᠃ ᠡᠨᠡ ᠬᠠᠭᠠᠨ ᠬᠡᠵᠢᠶ᠎ᠡ ᠴᠤ ᠴᠢᠬᠢ ᠪᠠᠨ ᠪᠣᠭᠤᠭᠠᠳ ᠬᠥᠮᠥᠨ ᠳᠤ ᠦᠵᠡᠭᠦᠯᠳᠡᠭ ᠦᠭᠡᠢ ᠮᠥᠷᠲᠡᠭᠡᠨ ᠬᠠᠭᠠᠨ ᠤ ᠦᠰᠦ ᠶᠢ ᠵᠠᠰᠠᠬᠤ ᠪᠠᠷ ᠣᠴᠢᠭᠰᠠᠨ ᠬᠥᠮᠥᠨ ᠣᠷᠳᠣᠨ ᠤ ᠡᠭᠦᠳᠡ ᠪᠠᠷ ᠣᠷᠣᠪᠠᠯ ᠲᠠᠭᠢᠵᠦ ᠭᠠᠷᠴᠤ ᠢᠷᠡᠵᠦ ᠴᠢᠳᠠᠳᠠᠭ ᠦᠭᠡᠢ ᠭᠡᠨ᠎ᠡ᠃ ᠨᠢᠭᠡᠨ ᠡᠳᠦᠷ ᠬᠠᠭᠠᠨ ᠤ ᠦᠰᠦ ᠠᠪᠬᠤ ᠡᠭᠡᠯᠵᠢ ᠪᠣᠯᠵᠤ ᠰᠢᠳᠠᠷ ᠲᠦᠰᠢᠮᠡᠯ ᠢᠶᠠᠷ ᠢᠶᠠᠨ ᠦᠰᠦ ᠵᠠᠰᠠᠭᠴᠢ ᠡᠷᠢᠭᠦᠯᠵᠦ᠂ ᠨᠢᠭᠡᠨ ᠪᠡᠯᠪᠡᠰᠦᠨ ᠡᠮᠡᠭᠡᠨ ᠤ ᠭᠠᠭᠴᠠ ᠬᠦᠦ ᠳᠡᠭᠡᠷ᠎ᠡ ᠣᠨᠣᠭᠳᠠᠵᠠᠢ᠃ ᠬᠠᠭᠠᠨ ᠤ ᠵᠠᠷᠯᠢᠭ ᠬᠠᠲᠠᠭᠤ ᠬᠤᠶᠢᠨ᠎ᠠ ᠡᠨᠡ ᠬᠦᠦ ᠣᠴᠢᠬᠤ ᠯᠡ ᠬᠡᠷᠡᠭ ᠪᠣᠯᠵᠠᠢ᠃ ᠭᠡᠪᠡᠴᠦ ᠬᠠᠭᠠᠨ ᠤ ᠦᠰᠦ ᠶᠢ ᠵᠠᠰᠠᠪᠠᠯ ᠠᠮᠢᠳᠤ ᠬᠠᠷᠢᠵᠤ ᠢᠷᠡᠵᠦ ᠲᠡᠶᠢᠯᠭᠦ ᠦᠭᠡᠢ ᠪᠠᠨ ᠡᠬᠡ ᠬᠦᠦ ᠬᠤᠶᠠᠭᠤᠯᠠ ᠪᠠᠨ ᠮᠡᠳᠡᠬᠦ ᠲᠤᠯᠠ ᠡᠬᠡ ᠨᠢ ᠨᠢᠭᠡᠨ ᠤᠬᠠᠭᠠᠨ ᠭᠠᠷᠭᠠᠵᠤ ᠥᠪᠡᠷ ᠤᠨ ᠰᠦ ᠪᠠᠷ ᠢᠶᠠᠨ ᠪᠤᠭᠤᠷᠰᠤᠭ ᠬᠢᠵᠦ ᠬᠦᠦ ᠳᠡᠭᠡᠨ ᠡᠪᠦᠷᠯᠡᠭᠦᠯᠦᠨ ᠠᠷᠭ᠎ᠠ ᠤᠬᠠᠭᠠᠨ ᠢᠶᠠᠨ ᠵᠠᠬᠢᠭᠠᠳ ᠶᠠᠪᠤᠭᠤᠯᠵᠠᠢ᠃ ᠬᠦᠦ ᠨᠢ ᠡᠬᠡ ᠶᠢᠨ ᠢᠶᠠᠨ ᠵᠠᠬᠢᠶ᠎ᠠ ᠶᠣᠰᠣᠭᠠᠷ ᠬᠠᠭᠠᠨ ᠤ ᠣᠷᠳᠣᠨ ᠳᠤ ᠬᠦᠷᠴᠦ ᠬᠠᠭᠠᠨ ᠲᠠᠢ ᠪᠠᠷᠠᠯᠬᠠᠨ ᠦᠰᠦ ᠶᠢ ᠨᠢ ᠵᠠᠰᠠᠵᠤ ᠡᠬᠢᠯᠡᠵᠡᠢ᠃ ᠲᠡᠷᠡ ᠬᠠᠭᠠᠨ ᠤ ᠴᠢᠬᠢᠨ ᠤ ᠪᠣᠭᠤᠯᠲᠠ ᠶᠢ ᠲᠠᠶᠢᠯᠬᠤ ᠳᠤ ᠡᠯᠵᠢᠭᠡᠨ ᠴᠢᠬᠢ ᠰᠢᠭ ᠬᠤᠶᠠᠷ ᠤᠷᠳᠤ ᠴᠢᠬᠢ ᠭᠠᠷᠴᠤ ᠢᠷᠡᠭᠰᠡᠨ ᠳᠤ ᠰᠣᠴᠢᠭᠰᠠᠨ ᠪᠤᠯᠪᠠᠴᠤ ᠡᠰᠡ ᠮᠡᠳᠡᠭᠰᠡᠨ ᠶᠠᠩᠵᠤ ᠭᠠᠷᠭᠠᠨ ᠦᠰᠦ ᠶᠢ ᠨᠢ ᠵᠠᠰᠠᠬᠤ ᠶᠢᠨ ᠳᠠᠭᠠᠤ ᠥᠨᠥᠬᠢ ᠪᠤᠭᠤᠷᠰᠤᠭ ᠢᠶᠠᠨ ᠭᠠᠷᠭᠠᠨ ᠬᠡᠮᠡᠯᠢᠵᠦ ᠠᠮᠲᠠᠷᠬᠠᠨ ᠢᠳᠡᠵᠦ ᠭᠡᠨ᠎ᠡ᠃ ᠦᠰᠦ ᠵᠠᠰᠠᠬᠤ ᠶᠢᠨ ᠳᠤᠮᠳᠠ ᠪᠠᠰᠠ ᠶᠠᠭᠤ ᠢᠳᠡᠭᠡᠳ ᠪᠠᠶᠢᠬᠤ ᠶᠤᠮ ᠬᠡᠮᠡᠨ ᠬᠠᠭᠠᠨ ᠤᠴᠠᠭᠠᠷᠯᠠᠨ ᠥᠨᠥᠬᠢ ᠪᠤᠭᠤᠷᠰᠤᠭ ᠢ ᠠᠮᠰᠠᠵᠤ ᠦᠵᠡᠭᠰᠡᠨ ᠳᠤ ᠨᠡᠬᠡᠷᠡᠨ ᠠᠮᠲᠠᠲᠠᠢ ᠪᠠᠶᠢᠬᠤᠯᠠᠷ ᠨᠢ ᠬᠤᠪᠢᠶᠠᠯᠴᠠᠨ ᠢᠳᠡᠵᠦ᠂ ᠶᠠᠭᠠᠬᠢᠵᠤ ᠬᠢᠭᠰᠡᠨ ᠢ ᠨᠢ ᠠᠰᠠᠭᠤᠬᠤ ᠳᠤ ᠬᠦᠦ ᠡᠵᠢ ᠶᠢᠨ ᠢᠶᠠᠨ ᠰᠦ ᠪᠠᠷ ᠬᠢᠭᠰᠡᠨ ᠢᠶᠠᠨ ᠬᠡᠯᠡᠵᠡᠢ᠃ ᠢᠩᠭᠢᠭᠡᠳ ᠬᠠᠭᠠᠨ ᠬᠦᠦ ᠬᠤᠶᠠᠷ ᠨᠢᠭᠡ ᠡᠬᠡ ᠶᠢᠨ ᠰᠦ ᠬᠤᠪᠢᠶᠠᠵᠤ ᠢᠳᠡᠭᠰᠡᠨ ᠠᠬ᠎ᠠ ᠳᠡᠭᠦᠦ ᠪᠣᠯᠣᠯᠴᠠᠵᠤ᠂ ᠬᠦᠦ ᠬᠠᠭᠠᠨ ᠤ ᠡᠯᠵᠢᠭᠡᠨ ᠴᠢᠬᠢ ᠲᠠᠢ ᠭᠡᠳᠡᠭ ᠢ ᠭᠠᠳᠠᠭᠰᠢ ᠬᠡᠯᠡᠬᠦ ᠦᠭᠡᠢ ᠬᠡᠮᠡᠨ ᠠᠮᠠᠯᠳᠠᠵᠤ ᠠᠮᠢ ᠲᠠᠢ ᠦᠯᠡᠳᠡᠭᠰᠡᠨ ᠭᠡᠨ᠎ᠡ᠃ ᠭᠡᠲᠡᠯ᠎ᠡ ᠡᠨᠡ ᠬᠦᠦ ᠰᠡᠭᠦᠯᠡᠷ ᠨᠢ ᠬᠠᠭᠠᠨ ᠤ ᠣᠷᠳᠣᠨ ᠠᠴᠠ ᠭᠠᠷᠴᠤ ᠢᠷᠡᠭᠰᠡᠨ ᠤ ᠲᠠᠷᠠᠭ᠎ᠠ ᠡᠯᠵᠢᠭᠡᠨ ᠴᠢᠬᠢᠲᠦ ᠬᠠᠭᠠᠨ ᠦᠰᠦ ᠪᠠᠨ ᠵᠠᠰᠠᠭᠤᠯᠬᠤ ᠶᠢᠨ ᠲᠥᠯᠥᠭᠡ ᠬᠡᠴᠢᠨᠡᠨ ᠤᠯᠠᠨ ᠬᠥᠮᠥᠨ ᠤ ᠠᠮᠢ ᠶᠢ ᠬᠤᠣᠷᠯᠠᠭᠰᠠᠨ ᠢ ᠪᠤᠳᠤᠬᠤ ᠲᠤᠳᠤᠮ ᠥᠰᠢᠶ᠎ᠡ ᠬᠤᠷᠣᠰᠤᠯ ᠨᠢ ᠬᠦᠷᠴᠦ ︽ᠮᠠᠨ ᠤ ᠬᠠᠭᠠᠨ ᠡᠯᠵᠢᠭᠡᠨ ᠴᠢᠬᠢ ᠲᠠᠢ᠂ ᠮᠠᠨ ᠤ ᠬᠠᠭᠠᠨ ᠡᠯᠵᠢᠭᠡᠨ ᠴᠢᠬᠢ ᠲᠠᠢ︾ ᠬᠡᠮᠡᠨ ᠬᠠᠰᠬᠢᠷᠴᠤ ᠬᠥᠮᠥᠰ ᠲᠤ ᠮᠡᠳᠡᠭᠳᠡᠭᠰᠡᠨ ᠭᠡᠨ᠎ᠡ᠃ ᠢᠩᠭᠢᠭᠡᠳ ᠪᠦᠭᠦ ᠠᠷᠠᠳ ᠤᠳ ᠨᠢ ᠬᠠᠭᠠᠨ ᠤ ᠮᠠᠭᠤ ᠮᠠᠭᠤᠬᠠᠢ ᠦᠢᠯᠡ ᠠᠵᠢᠯᠯᠠᠭ᠎ᠠ ᠶᠢ ᠨᠢ ᠮᠡᠳᠡᠵᠦ ᠥᠰᠢᠶ᠎ᠡ ᠬᠤᠷᠣᠰᠤᠯ ᠨᠢ ᠤᠯᠠᠮ ᠳᠡᠭᠳᠡᠵᠡᠢ᠃ ᠡᠭᠦᠨ ᠠᠴᠠ ᠪᠣᠯᠵᠤ ᠡᠯᠵᠢᠭᠡᠨ ᠴᠢᠬᠢᠲᠦ ᠬᠠᠭᠠᠨ ᠶᠡᠭᠡ ᠪᠠᠷ ᠠᠭᠤᠷᠯᠠᠨ ᠡᠪᠡᠳᠴᠢᠨ ᠵᠤᠪᠠᠯᠠᠩ ᠳᠤ ᠪᠠᠷᠢᠭᠳᠠᠨ ᠦᠬᠦᠵᠦ᠂ ᠠᠷᠠᠳ ᠢᠷᠭᠡᠨ ᠠᠮᠤᠷ ᠲᠠᠶᠢᠪᠤᠩ ᠠᠮᠢᠳᠤᠷᠠᠬᠤ ᠪᠣᠯᠵᠠᠢ ᠭᠡᠳᠡᠭ᠃          ᠰᠢᠮᠨᠤ ᠶᠢᠨ ᠦᠯᠢᠭᠡᠷ ᠢ ᠳᠤᠷᠠᠳᠪᠠᠯ᠂ ᠬᠡᠦᠬᠡᠳ ᠤᠨ ᠵᠢᠷᠦᠬᠡ ᠪᠠᠷ ᠬᠤᠭᠤᠯᠠ ᠪᠤᠯᠭᠠᠵᠦ ᠲᠠᠮᠢᠷ ᠲᠡᠩᠬᠡᠭᠡ ᠪᠠᠨ ᠰᠡᠯᠪᠢᠳᠡᠭ ᠨᠢᠭᠡᠨ ᠦᠨᠡᠭᠡᠨ ᠰᠢᠮᠨᠤ ᠡᠯᠵᠢᠭᠡᠨ ᠴᠢᠬᠢᠲᠦ ᠬᠠᠭᠠᠨ ᠤ ᠣᠷᠳᠣᠨ ᠤ ᠠᠷᠤ ᠶᠢᠨ ᠠᠭᠤᠯᠠᠨ ᠤ ᠠᠭᠤᠢ ᠳᠤ ᠣᠷᠣᠩᠨᠠᠵᠤ ᠪᠠᠶᠢᠵᠠᠢ᠃ ᠲᠡᠷᠡ ᠡᠯᠵᠢᠭᠡᠨ ᠴᠢᠬᠢᠲᠦ ᠬᠠᠭᠠᠨ ᠤ ᠦᠩᠭᠡᠨ ᠳᠤ ᠳᠤᠷᠠᠲᠠᠢ ᠶᠢ ᠮᠡᠳᠡᠭᠡᠳ ᠲᠡᠭᠦᠨ ᠳᠤ ᠬᠠᠳᠤᠨ ᠪᠣᠯᠴᠢᠬᠠᠪᠠᠯ ᠬᠤᠭᠤᠯᠠ ᠪᠤᠳᠠᠭ᠎ᠠ ᠪᠠᠨ ᠣᠯᠵᠤ ᠢᠳᠡᠬᠦ ᠳᠤ ᠨᠡᠩ ᠲᠦᠭᠦᠮ ᠪᠣᠯᠣᠨ᠎ᠠ ᠬᠡᠮᠡᠨ ᠰᠡᠳᠦᠵᠦ ᠨᠢᠭᠡᠨ ᠭᠤᠶᠤ ᠬᠡᠦᠬᠡᠨ ᠪᠣᠯᠵᠤ ᠬᠤᠪᠢᠯᠤᠭᠠᠳ ᠬᠠᠭᠠᠨ ᠳᠤ ᠲᠣᠭᠤᠭᠳᠠᠨ ᠬᠠᠭᠠᠨ ᠤ ᠬᠠᠳᠤᠨ ᠪᠣᠯᠵᠠᠢ ᠭᠡᠨ᠎ᠡ᠃ ᠬᠠᠭᠠᠨ ᠭᠠᠷᠤᠳᠢ ᠶᠢᠨ ᠡᠯᠢᠭᠡ᠂ ᠯᠤᠤ ᠶᠢᠨ ᠴᠢᠮᠦᠭᠡ ᠪᠠᠷ ᠱᠥᠯᠥ ᠬᠢᠵᠦ ᠥᠭᠭᠦᠭᠰᠡᠨ ᠴᠤ ᠬᠠᠳᠤᠨ ᠤ ᠪᠠᠨ ᠲᠠᠭᠠᠰᠢᠶᠠᠯ ᠳᠤ ᠨᠡᠶᠢᠴᠡᠭᠦᠯᠵᠦ ᠡᠰᠡ ᠴᠢᠳᠠᠵᠤ᠂ ᠵᠦᠪᠭᠡᠨ ᠬᠡᠦᠬᠡᠳ ᠤᠨ ᠵᠢᠷᠦᠬᠡ ᠪᠠᠷ ᠬᠤᠭᠤᠯᠠᠯᠠᠪᠠᠯ ᠰᠠᠶ᠋ᠢ ᠭᠤᠶᠤ ᠬᠠᠳᠤᠨ ᠤ ᠪᠠᠨ ᠰᠠᠨᠠᠭ᠎ᠠ ᠶᠢ ᠬᠠᠩᠭᠠᠵᠤ ᠴᠢᠳᠠᠳᠠᠭ ᠲᠤᠯᠠ ᠡᠨᠡ ᠨᠤᠲᠤᠭ ᠲᠤ ᠭᠠᠢ ᠵᠤᠪᠠᠯᠠᠩ ᠶᠡᠭᠡ ᠪᠠᠷ ᠳᠠᠷᠢᠵᠠᠢ᠃ ᠬᠠᠭᠠᠨ ᠤ ᠵᠠᠷᠯᠢᠭ ᠢᠶᠠᠷ ᠬᠡᠦᠬᠡᠳ ᠤᠳ ᠢ ᠠᠯᠪᠠ ᠲᠤᠰᠢᠶᠠᠬᠤ ᠪᠣᠯᠵᠤ᠂ ᠬᠥᠮᠥᠰ ᠨᠢᠯᠬ᠎ᠠ ᠬᠡᠦᠬᠡᠳ ᠢᠶᠠᠨ ᠳᠠᠯᠳᠠᠯᠠᠵᠤ ᠵᠠᠶᠢᠯᠠᠭᠤᠯᠬᠤ ᠶᠢᠨ ᠠᠷᠭ᠎ᠠ ᠦᠭᠡᠢ ᠪᠣᠯᠵᠠᠢ᠃ ᠢᠩᠭᠢᠭᠡᠳ ᠬᠠᠭᠠᠨ ᠤ ᠣᠷᠳᠣᠨ ᠳᠤ ᠤᠳᠠᠯ ᠦᠭᠡᠢ ᠨᠢᠭᠡ ᠦᠰᠦ ᠵᠠᠰᠠᠭᠴᠢ ᠪᠠ ᠨᠢᠭᠡ ᠨᠢᠯᠬ᠎ᠠ ᠬᠡᠦᠬᠡᠳ ᠠᠯᠠᠭᠳᠠᠳᠠᠭ ᠪᠣᠯᠵᠠᠢ ᠭᠡᠨ᠎ᠡ᠃ ᠡᠯᠵᠢᠭᠡᠨ ᠴᠢᠬᠢᠲᠦ ᠬᠠᠭᠠᠨ ᠤ ᠤᠴᠢᠷ ᠯᠡᠪᠡᠷᠡᠵᠦ ᠦᠬᠦᠭᠰᠡᠨ ᠤ ᠲᠠᠷᠠᠭ᠎ᠠ ᠰᠢᠮᠨᠤ ᠬᠠᠳᠤᠨ ᠮᠥᠨ ᠯᠡ ᠡᠷᠬᠡ ᠰᠦᠷ ᠢᠶᠠᠨ ᠪᠠᠳᠠᠷᠠᠭᠤᠯᠤᠨ ᠬᠡᠦᠬᠡᠳ ᠤᠨ ᠵᠢᠷᠦᠬᠡ ᠶᠢ ᠢᠳᠡᠳᠡᠭ ᠶᠣᠰᠣᠭᠠᠷ ᠢᠶᠠᠨ ᠪᠠᠶᠢᠵᠠᠢ᠃ ᠢᠩᠭᠢᠭᠡᠳ ᠵᠠᠯᠢᠬᠠᠢ ᠲᠦᠰᠢᠮᠡᠯ ᠤᠳ ᠨᠢ ᠨᠢᠯᠬ᠎ᠠ ᠬᠡᠦᠬᠡᠳ ᠡᠷᠢᠵᠦ ᠪᠠᠶᠢᠭᠰᠠᠭᠠᠷ ᠨᠢᠭᠡᠨ ᠠᠶᠢᠯ ᠳᠤ ᠡᠭᠡᠯᠵᠢ ᠲᠠᠭᠠᠷᠠᠵᠦ ᠮᠡᠳᠡᠭᠳᠡᠵᠡᠢ ᠭᠡᠨ᠎ᠡ ᠃ ᠬᠡᠦᠬᠡᠳ ᠤᠨ ᠠᠪᠤ ᠡᠵᠢ ᠨᠢ ᠮᠡᠳᠡᠭᠡᠳ ᠰᠠᠨᠠᠭ᠎ᠠ ᠵᠣᠪᠠᠨ ᠤᠬᠢᠯᠠᠵᠤ ᠥᠷᠥᠰᠢᠶᠡᠯ ᠭᠤᠶᠤᠨ ᠰᠥᠭᠦᠳᠴᠦ ᠵᠠᠯᠪᠠᠷᠢᠵᠤ ᠪᠠᠶᠢᠲᠠᠯ᠎ᠠ ᠡᠭᠦᠳᠡᠨ ᠳᠤᠨᠢ ᠨᠢᠭᠡᠨ ᠯᠠᠮᠠ ᠢᠷᠡᠵᠦ ᠤᠴᠢᠷ ᠤᠬᠠᠭᠠᠨ ᠢ ᠨᠢ ᠠᠰᠠᠭᠤᠨ ᠮᠡᠳᠡᠭᠡᠳ ᠲᠡᠳᠡᠨ ᠢ ᠲᠠᠶᠢᠳᠬᠤᠷᠠᠭᠤᠯᠤᠨ ᠨᠢᠭᠤᠵᠤ ᠳᠠᠯᠳᠠᠯᠠᠭᠠᠳ ᠥᠪᠡᠷ ᠢᠶᠠᠨ ᠬᠡᠦᠬᠡᠳ ᠬᠤᠪᠢᠯᠤᠨ ᠥᠯᠥᠭᠡᠢ ᠳᠤᠨᠢ ᠣᠷᠣᠵᠤ ᠬᠡᠪᠲᠡᠵᠡᠢ᠃ ᠳᠡᠮᠡᠢ ᠤᠳᠠᠯ ᠦᠭᠡᠢ ᠰᠢᠮᠨᠤ ᠬᠠᠳᠤᠨ ᠤ ᠲᠦᠰᠢᠮᠡᠯ ᠵᠠᠷᠤᠴᠠ ᠨᠠᠷ ᠬᠦᠷᠦᠯᠴᠡᠨ ᠢᠷᠡᠵᠦ ᠥᠯᠥᠭᠡᠢ ᠲᠠᠢ ᠬᠡᠦᠬᠡᠳ ᠢ ᠠᠪᠤᠭᠠᠳ ᠬᠠᠳᠤᠨ ᠳᠤ ᠬᠦᠷᠭᠡᠨ ᠥᠭᠴᠡᠢ ᠭᠡᠨ᠎ᠡ᠃ ᠰᠢᠮᠨᠤ ᠬᠠᠳᠤᠨ ᠬᠡᠦᠬᠡᠳ ᠢ ᠦᠵᠡᠩᠭᠦᠲᠡ ᠤᠯᠠᠭᠠᠨ ᠦᠨᠡᠭᠡ ᠬᠤᠪᠢᠯᠤᠨ ᠳᠤᠲᠠᠭᠠᠭᠰᠠᠨ ᠳᠤ ᠥᠨᠥᠬᠢ ᠬᠡᠦᠬᠡᠳ ᠴᠢᠨ᠋ᠸ᠎ᠠ ᠬᠤᠪᠢᠯᠤᠨ ᠬᠤᠶᠢᠨ᠎ᠠ ᠠᠴᠠ ᠨᠢ ᠨᠡᠬᠡᠮᠵᠢᠯᠡᠨ ᠬᠥᠭᠡᠭᠡᠭᠰᠡᠭᠡᠷ ᠪᠠᠶᠢᠭᠠᠳ ᠭᠦᠢᠴᠡᠬᠦ ᠶᠢᠨ ᠬᠢᠷᠢ ᠳᠤ ᠦᠨᠡᠭᠡ ᠨᠢᠭᠡᠨ ᠲᠠᠬᠳᠠᠭ᠎ᠠ ᠪᠣᠯᠣᠨ ᠬᠤᠪᠢᠯᠵᠤ ᠨᠢᠰᠬᠦ ᠳᠤ ᠴᠢᠨ᠋ᠸ᠎ᠠ ᠬᠠᠷᠴᠠᠭᠠᠢ ᠪᠣᠯᠣᠨ ᠬᠤᠪᠢᠯᠵᠤ ᠬᠤᠶᠢᠨ᠎ᠠ ᠠᠴᠠ ᠨᠢ ᠬᠥᠭᠡᠭᠡᠬᠦ ᠳᠤ ᠲᠠᠬᠳᠠᠭ᠎ᠠ ᠨᠢᠭᠡᠨ ᠴᠠᠭᠠᠨ ᠢᠩᠭᠡ ᠪᠣᠯᠵᠤ ᠳᠤᠲᠠᠭᠠᠬᠤ ᠳᠤ ᠬᠠᠷᠴᠠᠭᠠᠢ ᠨᠢᠭᠡᠨ ᠪᠤᠤᠷ᠎ᠠ ᠪᠣᠯᠵᠤ ᠬᠤᠶᠢᠨ᠎ᠠ ᠠᠴᠠ ᠨᠢ ᠨᠡᠬᠡᠮᠵᠢᠯᠡᠵᠡᠢ᠃ ᠢᠩᠭᠢᠭᠡᠳ ᠯᠦᠩ ᠤᠨ ᠠᠭᠤᠯᠠ ᠶᠢᠨ ᠡᠮᠦᠨ᠎ᠡ ᠡᠩᠭᠡᠷ ᠤᠶᠢᠷᠡᠳᠴᠤ ᠪᠠᠶᠢᠲᠠᠯ᠎ᠠ ᠰᠢᠮᠨᠤ ᠬᠠᠳᠤᠨ ᠤ ᠤᠤᠯ ᠳᠦᠷᠢ ᠨᠢ ᠢᠯᠡᠷᠡᠵᠦ᠂ ᠬᠤᠶᠢᠨ᠎ᠠ ᠠᠴᠠ ᠨᠢ ᠬᠥᠭᠡᠭᠡᠭᠰᠡᠨ ᠪᠤᠤᠷ᠎ᠠ ᠬᠠᠯᠢᠯ ᠬᠠᠳᠠᠨ ᠳᠤ ᠪᠡᠶ᠎ᠡ ᠪᠠᠨ ᠤᠷᠭᠢᠭᠠᠳ ᠰᠠᠬᠢᠭᠤᠯᠰᠤᠨ ᠳᠦᠷᠢ ᠪᠠᠨ ᠢᠯᠡᠷᠡᠭᠦᠯᠵᠦ᠂ ᠦᠨᠡᠭᠡᠨ ᠰᠢᠮᠨᠤ ᠶᠢ ᠬᠠᠷᠤᠤᠨ᠎ᠠ ᠶᠢᠨ ᠠᠭᠤᠯᠠ ᠶᠢᠨ ᠠᠭᠤᠢ ᠳᠤ ᠬᠥᠭᠡᠭᠡᠨ ᠣᠷᠣᠭᠤᠯᠵᠤ ᠬᠤᠷᠢᠭᠰᠠᠨ ᠠᠵᠢ᠃ ᠦᠨᠡᠭᠡᠨ ᠰᠢᠮᠨᠤ ᠠᠭᠤᠢ ᠶᠢᠨ ᠵᠡᠭᠦᠨ ᠡᠮᠦᠨ᠎ᠡ ᠥᠨᠴᠥᠭ ᠲᠤ ᠨᠦᠬᠡ ᠮᠠᠯᠲᠠᠨ ᠳᠤᠲᠠᠭᠠᠭᠰᠠᠨ ᠳᠤ ᠰᠠᠬᠢᠭᠤᠯᠰᠤᠨ ᠬᠤᠶᠢᠨ᠎ᠠ ᠠᠴᠠ ᠨᠢ ᠬᠥᠭᠡᠭᠡᠨ ᠭᠡᠷ ᠣᠪᠣᠭ᠎ᠠ ᠶᠢᠨ ᠭᠤᠣᠯ ᠳᠤ ᠲᠣᠮᠣ ᠴᠢᠯᠠᠭᠤ ᠪᠠᠷ ᠳᠠᠷᠤᠵᠤ ᠲᠠᠯᠪᠢᠭᠰᠠᠨ ᠭᠡᠨ᠎ᠡ᠃ ᠢᠩᠭᠢᠭᠡᠳ ᠰᠢᠮᠨᠤ ᠶᠢ ᠨᠣᠮᠣᠬᠠᠳᠬᠠᠨ ᠳᠠᠷᠤᠩᠭᠤᠶᠢᠯᠠᠵᠤ ᠠᠷᠠᠳ ᠤᠨ ᠵᠤᠪᠠᠯᠠᠩ ᠢ ᠠᠷᠢᠯᠭᠠᠭᠰᠠᠨ ᠠᠵᠢ᠃          ᠲᠡᠷᠡ ᠬᠡᠦᠬᠡᠳ ᠬᠤᠪᠢᠯᠤᠭᠰᠠᠨ ᠯᠠᠮᠠ ᠨᠢ ᠶᠡᠭᠡ ᠪᠠᠭᠰᠢ ᠯᠤᠪᠤᠨᠴᠢᠨᠪᠤ ᠪᠠᠶᠢᠭᠰᠠᠨ ᠭᠡᠳᠡᠭ᠃ ᠯᠤᠪᠤᠨᠴᠢᠨᠪᠤ ᠪᠣᠯ ᠤᠯᠠᠭᠠᠨ ᠤ ᠱᠠᠰᠢᠨ ᠢ ᠦᠳᠡᠷᠢᠶᠠᠨᠡ ᠣᠷᠣᠨ ᠳᠤ ᠳᠡᠯᠭᠡᠷᠡᠭᠦᠯᠦᠭᠰᠡᠨ ᠶᠡᠭᠡ ᠪᠠᠭᠰᠢᠲᠠᠨ᠂ ᠨᠡᠶᠢᠳᠡ ᠶᠢᠨ ᠣᠨ ᠲᠣᠭᠠᠯᠠᠯ ᠤᠨ ᠲᠤᠯᠤᠭ᠎ᠠ ᠨᠠᠢᠮᠠᠳᠤᠭᠠᠷ ᠵᠠᠭᠤᠨ ᠳᠤ ᠠᠮᠢᠳᠤᠷᠠᠵᠤ ᠪᠠᠶᠢᠭᠰᠠᠨ ᠲᠡᠦᠬᠡ ᠶᠢᠨ ᠦᠨᠡᠨ ᠬᠥᠮᠥᠨ ᠪᠤᠯᠬᠤ ᠶᠤᠮ᠃ ᠠᠭᠤᠢ ᠶᠢᠨ ᠠᠭᠤᠯᠠ ᠶᠢᠨ ᠲᠠᠪᠤᠨ ᠠᠭᠤᠢ ᠶᠢᠨ ᠨᠢᠭᠡ ᠪᠤᠯᠬᠤ ᠯᠤᠪᠤᠨᠴᠢᠨᠪᠤ ᠶᠢᠨ ᠠᠭᠤᠢ ᠳᠤ ᠨᠤᠲᠤᠭ ᠤᠨ ᠠᠷᠠᠳ ᠤᠯᠠᠨ ᠤᠳᠤ ᠪᠤᠯᠳᠠᠯ᠎ᠠ ᠨᠣᠮ ᠬᠤᠷᠠᠵᠤ ᠯᠤᠪᠤᠨᠴᠢᠨᠪᠤ ᠪᠠᠭᠰᠢ ᠶᠢ ᠲᠤᠷᠠᠰᠬᠠᠨ ᠳᠠᠬᠢᠭᠰᠠᠭᠠᠷ ᠪᠠᠶᠢᠭ᠎ᠠ ᠠᠵᠢ᠃          ᠨᠤᠲᠤᠭ ᠤᠨ ᠬᠥᠮᠥᠰ ᠤᠨ ᠠᠮᠠᠨ ᠶᠠᠷᠢᠶᠠᠨ ᠳᠤ ᠡᠯᠵᠢᠭᠡᠨ ᠴᠢᠬᠢᠲᠦ ᠬᠠᠭᠠᠨ ᠤ ᠣᠷᠳᠣᠨ ᠪᠤᠶᠤ ᠬᠤᠳᠠ ᠴᠠᠶᠢᠵᠠ ᠨᠢ ᠪᠣᠷᠣ ᠬᠤᠳᠠ ᠪᠤᠯᠬᠤ ᠶᠤᠮ ᠭᠡᠨ᠎ᠡ᠃ ᠨᠡᠬᠡᠷᠡᠨ ᠠᠭᠤᠢ ᠶᠢᠨ ᠠᠭᠤᠯᠠᠨ ᠠᠴᠠ ᠵᠡᠭᠦᠨ ᠡᠮᠦᠨᠡᠰᠢ ᠳᠥᠴᠢᠨ ᠤ ᠭᠠᠵᠠᠷ ᠤᠨ ᠠᠯᠤᠰ ᠲᠤ᠂ ᠳᠠᠷᠤᠢ ᠤᠳᠤ ᠶᠢᠨ ᠳ᠋ᠧᠩᠺᠸᠤ ᠰᠢᠶᠠᠨ ᠤ ᠱᠠᠵᠢᠨᠲᠣᠬᠤᠢ ᠰᠤᠮᠤᠨ ᠤ ᠪᠣᠷᠤᠲᠣᠯᠤᠭᠠᠢ ᠲᠠᠷᠢᠶᠠᠯᠠᠩ ᠤᠨ ᠲᠠᠯᠠᠪᠠᠢ ᠶᠢᠨ ᠬᠠᠷᠢᠶᠠᠨ ᠳᠠᠬᠢ ᠲᠠᠷᠢᠶᠠᠨ ᠲᠠᠭ ᠳᠣᠲᠣᠷ᠎ᠠ ᠨᠢᠭᠡᠨ ᠬᠤᠳᠠ ᠶᠢᠨ ᠪᠠᠭᠤᠷᠢ ᠪᠠᠶᠢᠳᠠᠭ᠃ ᠡ᠊ᠨᠳᠡᠭᠢ ᠶᠢᠨ ᠠᠷᠠᠳ ᠤᠳ ᠪᠣᠷᠣ ᠬᠤᠳᠠ ᠬᠡᠮᠡᠨ ᠨᠡᠷᠡᠯᠡᠳᠡᠭ᠃ ᠪᠢᠳᠠᠨ ᠤ ᠰᠣᠷᠪᠤᠯᠵᠢᠯᠠᠭ᠎ᠠ ᠶᠢᠨ ᠴᠠᠭ ᠪᠠᠴᠢᠮ ᠪᠠᠶᠢᠭᠰᠠᠨ ᠪᠣᠯᠬᠤᠷ ᠣᠴᠢᠵᠤ ᠦᠵᠡᠬᠦ ᠠᠮᠵᠢᠶ᠎ᠠ ᠪᠠᠶᠢᠭᠰᠠᠨ ᠦᠭᠡᠢ ᠨᠢ ᠬᠠᠷᠠᠮᠰᠠᠯᠲᠠᠢ ᠰᠠᠨᠠᠭᠳᠠᠯ᠎ᠠ᠃ ᠬᠠᠷᠢᠨ ᠬᠤᠷᠠᠭ᠎ᠠ ᠪᠠᠭᠰᠢ ᠶᠢᠨ ᠬᠠᠭᠤᠴᠢᠯᠠᠬᠤ ᠪᠠᠷ ᠳᠡᠭᠡᠷ᠎ᠡ ᠵᠠᠭᠤᠨ ᠤ ᠨᠠᠶᠠᠭᠠᠳ ᠣᠨ ᠤ ᠦᠶ᠎ᠡ ᠪᠤᠯᠳᠠᠯ᠎ᠠ ᠪᠣᠷᠣ ᠬᠤᠳᠠ ᠶᠢᠨ ᠡᠭᠦᠳᠡ ᠶᠢᠨ ᠬᠤᠶᠠᠷ ᠲᠠᠯ᠎ᠠ ᠶᠢᠨ ᠰᠢᠪᠠᠷ ᠢᠶᠠᠷ ᠴᠣᠬᠢᠵᠤ ᠪᠠᠷᠢᠭᠰᠠᠨ ᠬᠡᠷᠡᠮ ᠨᠢ ᠪᠣᠰᠤᠭ᠎ᠠ ᠪᠠᠷ ᠢᠶᠠᠨ ᠪᠠᠶᠢᠭᠰᠠᠨ᠂ ᠪᠢᠳᠠ ᠦᠷᠭᠦᠯᠵᠢ ᠡᠨᠡᠭᠦᠷ ᠨᠠᠭᠠᠰᠢ ᠴᠠᠭᠠᠰᠢ ᠶᠠᠪᠤᠳᠠᠭ᠂ ᠤᠳᠤ ᠬᠡᠷᠡᠮ ᠪᠠᠭᠤᠷᠢ ᠨᠢ ᠨᠤᠷᠠᠵᠤ ᠵᠠᠷᠢᠮ ᠬᠡᠰᠡᠭ ᠭᠠᠵᠠᠷ ᠲᠤ ᠰᠢᠪᠠᠷ ᠣᠪᠣᠭ᠎ᠠ ᠲᠡᠳᠦᠢ ᠣᠪᠣᠶᠢᠵᠤ ᠬᠠᠷᠠᠭᠳᠠᠪᠠᠴᠤ ᠡᠯᠡᠰᠦᠨ ᠳᠤ ᠪᠤᠯᠠᠬᠳᠠᠵᠦ᠂ ᠭᠠᠳᠠᠷ ᠬᠡᠷᠡᠮ ᠨᠢ ᠨᠢᠭᠡᠨᠲᠡ ᠲᠠᠷᠢᠶᠠᠨ ᠲᠠᠭ ᠲᠤ ᠡᠪᠳᠡᠭᠳᠡᠨ ᠮᠡᠳᠡᠭᠳᠡᠬᠦ ᠪᠠᠨ ᠪᠣᠯᠢᠵᠠᠢ ᠭᠡᠵᠦ ᠪᠠᠶᠢᠪᠠ᠃ ᠲᠤᠰ ᠪᠠᠭᠤᠷᠢ ᠶᠢ ᠰᠦᠯᠵᠢᠶᠡᠨ ᠳᠡᠭᠡᠷᠡᠬᠢ ᠲᠡᠦᠬᠡᠨ ᠮᠠᠲ᠋ᠧᠷᠢᠶᠠᠯ ᠠᠴᠠ ᠡᠷᠢᠵᠦ ᠦᠵᠡᠪᠡᠯ ᠪᠣᠷᠤᠲᠣᠯᠤᠭᠠᠢ ᠶᠢᠨ ᠡᠷᠲᠡᠨ ᠤ ᠬᠤᠳᠠ ᠶᠢᠨ ᠪᠠᠭᠤᠷᠢ ᠬᠡᠮᠡᠵᠦ ᠪᠤᠢ᠃ ᠬᠠᠨ ᠤᠯᠤᠰ ᠤᠨ ᠦᠶ᠎ᠡ ᠶᠢᠨ ᠾᠦᠩᠨᠦ ᠶᠢ ᠰᠡᠷᠭᠡᠶᠢᠯᠡᠵᠦ ᠪᠠᠶᠢᠭᠤᠯᠤᠭᠰᠠᠨ ᠬᠠᠷᠠᠭᠤᠯ ᠮᠠᠨᠠᠭᠠᠨ ᠤ ᠭᠠᠵᠠᠷ᠂ ᠵᠡᠭᠦᠨᠰᠢ ᠪᠠᠷᠠᠭᠤᠨᠰᠢ ᠪᠠᠨ 740 ᠮᠧᠲᠷ᠂ ᠡᠮᠦᠨᠡᠰᠢ ᠬᠤᠶᠢᠰᠢ ᠪᠠᠨ 560 ᠮᠧᠲᠷ᠂ ᠳᠣᠲᠣᠷ᠎ᠠ ᠬᠡᠷᠡᠮ ᠨᠢ ᠳᠥᠷᠪᠡᠯᠵᠢᠨ ᠭᠡᠯᠪᠡᠷᠢ ᠲᠠᠢ᠂ ᠤᠷᠳᠦ ᠨᠢ118 ᠮᠧᠲᠷ᠂ ᠣᠶᠢᠷ᠎ᠠ ᠬᠠᠪᠢ ᠠᠴᠠ ᠨᠢ ᠡᠷᠲᠡᠨ ᠤ ᠬᠡᠭᠦᠷ ᠪᠤᠯᠠᠰᠢ᠂ ᠸᠠᠭᠠᠷ ᠲᠣᠭᠤᠰᠬᠠᠨ ᠬᠡᠯᠲᠡᠷᠬᠡᠢ᠂ ᠡᠷᠲᠡᠨ ᠤ ᠵᠣᠭᠤᠰ ᠣᠯᠳᠠᠭᠰᠠᠨ ᠬᠡᠮᠡᠨ ᠲᠡᠮᠳᠡᠭᠯᠡᠵᠦ ᠪᠤᠢ᠃ ᠲᠡᠷᠡ ᠦᠶ᠎ᠡ ᠳᠤ ᠡᠯᠵᠢᠭᠡᠨ ᠴᠢᠬᠢᠲᠦ ᠬᠠᠭᠠᠨ ᠡ᠊ᠨᠳᠡ ᠬᠢᠯᠢ ᠬᠢᠵᠠᠭᠠᠷ ᠢ ᠰᠠᠬᠢᠨ ᠰᠠᠭᠤᠵᠤ ᠪᠠᠶᠢᠭᠰᠠᠨ ᠪᠣᠯᠪᠠᠤ ᠭᠡᠰᠡᠨ ᠪᠤᠳᠤᠯ ᠠᠷᠭ᠎ᠠ ᠦᠭᠡᠢ ᠥᠭᠭᠦᠨ᠎ᠡ ᠠᠵᠢ᠃ ᠭᠡᠲᠡᠯ᠎ᠡ ᠯᠤᠪᠤᠨᠴᠢᠨᠪᠤ ᠲᠤᠯᠤᠭ᠎ᠠ ᠨᠠᠢᠮᠠᠳᠤᠭᠠᠷ ᠵᠠᠭᠤᠨ ᠤ ᠦᠶ᠎ᠡ ᠳᠤ ᠠᠮᠢᠳᠤᠷᠠᠵᠤ ᠪᠠᠶᠢᠭᠰᠠᠨ᠂ ᠬᠠᠷᠢᠨ ᠪᠠᠷᠠᠭᠤᠨ ᠵᠡᠭᠦᠨ ᠬᠠᠨ ᠤ ᠲᠦᠷᠦ ᠨᠡᠶᠢᠳᠡ ᠶᠢᠨ ᠣᠨ ᠲᠣᠭᠠᠯᠠᠯ ᠠᠴᠠ ᠡᠮᠦᠨ᠎ᠡ 202 ᠣᠨ ᠠᠴᠠ ᠨᠡᠶᠢᠳᠡ ᠶᠢᠨ ᠣᠨ ᠲᠣᠭᠠᠯᠠᠯ ᠤᠨ 220 ᠣᠨ ᠪᠤᠯᠳᠠᠯ᠎ᠠ ᠲᠣᠭᠲᠠᠨᠢᠵᠤ ᠪᠠᠶᠢᠭᠰᠠᠨ ᠲᠤᠯᠠ ᠣᠨ ᠴᠠᠭ ᠤᠨ ᠲᠠᠯ᠎ᠠ ᠪᠠᠷ ᠡᠨᠡ ᠬᠤᠶᠠᠷ ᠵᠥᠷᠢᠶ᠎ᠡ ᠲᠠᠢ ᠠᠵᠤᠭᠤ᠃          ᠡᠯᠵᠢᠭᠡᠨ ᠴᠢᠬᠢᠲᠦ ᠬᠠᠭᠠᠨ ᠶᠠᠭᠠᠬᠢᠭᠠᠳ ᠡᠯᠵᠢᠭᠡᠨ ᠴᠢᠬᠢ ᠲᠠᠢ ᠪᠣᠯᠤᠭᠰᠠᠨ ᠲᠤᠬᠠᠢ ᠲᠠᠨᠠᠷ ᠭᠠᠶᠢᠬᠠᠰᠢᠷᠠᠵᠤ ᠪᠠᠶᠢᠬᠤ ᠮᠠᠭᠠᠳ᠃ ᠡᠨᠡ ᠲᠤᠬᠠᠢ ᠪᠠᠰᠠ ᠨᠢᠭᠡᠨ ᠦᠯᠢᠭᠡᠷ ᠲᠤᠮᠤᠭ ᠤᠯᠠᠮᠵᠢᠯᠠᠭᠳᠠᠵᠤ ᠪᠠᠶᠢᠳᠠᠭ᠃ ᠥᠩᠭᠡᠷᠡᠭᠰᠡᠨ ᠳᠤ ᠭᠠᠳᠠᠭᠠᠳᠤ ᠲᠠᠯᠠᠢ ᠶᠢᠨ ᠬᠥᠪᠡᠭᠡᠨ ᠳᠤ ᠨᠢᠭᠡᠨ ᠳᠤᠷ᠎ᠠ ᠲᠠᠴᠢᠶᠠᠯ ᠶᠡᠭᠡ ᠲᠠᠢ ᠡᠮᠡᠭᠲᠡᠢ ᠬᠠᠭᠠᠨ ᠪᠠᠶᠢᠵᠤ ᠭᠡᠨ᠎ᠡ᠃ ᠡᠨᠡ ᠡᠮᠡᠭᠲᠡᠢ ᠬᠠᠭᠠᠨ ᠡᠷᠡᠭᠲᠡᠢ ᠬᠥᠮᠥᠰ ᠢᠶᠠᠷ ᠳᠤᠷ᠎ᠠ ᠲᠠᠴᠢᠶᠠᠯ ᠢᠶᠠᠨ ᠬᠠᠩᠭᠠᠵᠤ ᠲᠡᠶᠢᠯᠭᠦ ᠦᠭᠡᠢ ᠪᠣᠯᠬᠤᠷ ᠡᠯᠵᠢᠭᠡ ᠲᠠᠢ ᠶᠠᠪᠤᠯᠴᠠᠳᠠᠭ ᠪᠣᠯᠵᠠᠢ᠃ ᠢᠩᠭᠢᠭᠡᠳ ᠨᠢᠭᠡ ᠡᠯᠵᠢᠭᠡᠨ ᠴᠢᠬᠢᠲᠦ ᠬᠦᠦ ᠲᠦᠷᠦᠭᠰᠡᠨ ᠨᠢ ᠡᠨᠡ ᠡᠯᠵᠢᠭᠡᠨ ᠴᠢᠬᠢᠲᠦ ᠬᠠᠭᠠᠨ ᠪᠤᠯᠬᠤ ᠠᠵᠢ᠃ ᠰᠡᠭᠦᠯᠡᠷ ᠨᠢ ᠡᠨᠡ ᠡᠮᠡᠭᠲᠡᠢ ᠬᠠᠭᠠᠨ ᠪᠤᠰᠤᠳ ᠣᠷᠣᠨ ᠢ ᠨᠣᠶᠠᠷᠬᠠᠬᠤ ᠶᠢᠨ ᠲᠥᠯᠥᠭᠡ ᠬᠠᠷᠤᠤᠨ᠎ᠠ ᠶᠢᠨ ᠠᠭᠤᠯᠠ ᠶᠢᠨ ᠡᠩᠭᠡᠷ ᠲᠤ ᠬᠤᠳᠠ ᠴᠠᠶᠢᠵᠠ ᠪᠠᠶᠢᠭᠤᠯᠤᠨ ᠴᠡᠷᠢᠭ ᠮᠣᠷᠢ ᠲᠣᠮᠢᠯᠠᠵᠤ ᠡᠨᠡ ᠬᠦᠦ ᠪᠠᠨ ᠬᠠᠭᠠᠨ ᠰᠠᠭᠤᠯᠭᠠᠭᠰᠠᠨ ᠠᠴᠠ ᠡᠨᠡ ᠨᠤᠲᠤᠭ ᠲᠤ ᠬᠢᠵᠠᠭᠠᠯᠠᠰᠢ ᠦᠭᠡᠢ ᠭᠠᠢ ᠵᠤᠪᠠᠯᠠᠩ ᠠᠪᠴᠢᠷᠠᠵᠠᠢ ᠭᠡᠳᠡᠭ᠃          ᠡᠯᠵᠢᠭᠡᠨ ᠴᠢᠬᠢᠲᠦ ᠬᠠᠭᠠᠨ ᠢ ᠦᠬᠦᠭᠰᠡᠨ ᠤ ᠬᠤᠶᠢᠨ᠎ᠠ ᠬᠡᠷᠬᠢᠨ ᠶᠠᠭᠠᠬᠢᠵᠤ ᠣᠷᠣᠰᠢᠭᠤᠯᠤᠭᠰᠠᠨ ᠲᠤᠬᠠᠢ ᠤᠯᠠᠮᠵᠢᠯᠠᠯ ᠶᠠᠷᠢᠶ᠎ᠠ ᠪᠠᠰᠠ ᠡᠨᠡ ᠨᠤᠲᠤᠭ ᠤᠨ ᠠᠷᠠᠳ ᠤᠨ ᠳᠤᠮᠳᠠ ᠤᠳᠤ ᠪᠤᠯᠳᠠᠯ᠎ᠠ ᠤᠯᠠᠮᠵᠢᠯᠠᠭᠳᠠᠭᠰᠠᠭᠠᠷ ᠪᠠᠶᠢᠨ᠎ᠠ ᠃ ᠯᠦᠩ ᠤᠨ ᠠᠭᠤᠯᠠ ᠶᠢᠨ ᠵᠡᠭᠦᠨ ᠲᠠᠯ᠎ᠠ ᠶᠢᠨ ᠥᠷᠭᠡᠨ ᠭᠤᠣᠯ ᠢ ᠴᠠᠭᠠᠰᠤ ᠶᠢᠨ ᠭᠤᠣᠯ ᠭᠡᠳᠡᠭ᠃ ᠡᠨᠡ ᠭᠤᠣᠯ ᠤᠨ ᠠᠮᠠ ᠨᠢ ᠠᠯᠠᠱᠠ ᠠᠶᠢᠮᠠᠭ᠂ ᠪᠠᠶᠠᠨᠨᠠᠭᠤᠷ ᠬᠤᠳᠠ ᠶᠢᠨ ᠵᠠᠭᠠᠭ ᠪᠣᠯᠵᠤ ᠪᠠᠶᠢᠳᠠᠭ᠃ ᠶᠠᠭᠠᠬᠢᠭᠠᠳ ᠴᠠᠭᠠᠰᠤ ᠶᠢᠨ ᠭᠤᠣᠯ ᠬᠡᠮᠡᠨ ᠨᠡᠷᠡᠯᠡᠭᠰᠡᠨ ᠪᠤᠢ ᠭᠡᠪᠡᠯ ᠡᠯᠵᠢᠭᠡᠨ ᠴᠢᠬᠢᠲᠦ ᠬᠠᠭᠠᠨ ᠢ ᠦᠬᠦᠭᠰᠡᠨ ᠤ ᠲᠠᠷᠠᠭ᠎ᠠ ᠬᠡᠭᠦᠷ ᠢ  ᠨᠢ ᠡᠨᠡ ᠭᠤᠣᠯ ᠢᠶᠠᠷ ᠲᠡᠭᠡᠭᠡᠪᠦᠷᠢᠯᠡᠨ ᠶᠠᠪᠤᠵᠤ᠂ ᠲᠠᠭᠠᠯ ᠲᠠᠭᠠᠬᠰᠠᠳ ᠨᠢ ᠴᠠᠭᠠᠰᠤ ᠰᠠᠴᠤᠵᠤ ᠶᠠᠪᠤᠭᠰᠠᠨ ᠠᠴᠠ ᠭᠤᠣᠯ ᠳᠦᠭᠦᠷᠡᠩ ᠴᠠᠭᠠᠰᠤ ᠬᠡᠶᠢᠰᠴᠦ ᠪᠠᠶᠢᠭᠰᠠᠨ ᠭᠡᠳᠡᠭ᠃ ᠪᠠᠰᠠ ᠨᠢᠭᠡᠨ ᠬᠡᠯᠡᠯᠭᠡ ᠪᠣᠯ ᠴᠠᠭᠠᠰᠤ ᠶᠢᠨ ᠭᠤᠣᠯ ᠪᠣᠯ ᠪᠤᠯᠠᠭ ᠤᠰᠤ ᠲᠠᠢ ᠭᠤᠣᠯ ᠪᠣᠯᠬᠤᠷ ᠭᠤᠣᠯ ᠤᠨ ᠡᠬᠢᠨ ᠳᠤ ᠮᠥᠰᠥ ᠬᠥᠯᠳᠡᠵᠦ᠂ ᠬᠡᠭᠦᠷ ᠲᠠᠲᠠᠭᠰᠠᠨ ᠤᠨᠤᠭ᠎ᠠ ᠬᠥᠰᠬᠡ ᠭᠠᠲᠤᠯᠵᠤ ᠲᠡᠶᠢᠯᠭᠦ ᠦᠭᠡᠢ ᠪᠣᠯᠤᠭᠰᠠᠨ ᠠᠴᠠ ᠴᠠᠭᠠᠰᠤ ᠲᠦᠯᠡᠵᠦ ᠮᠥᠰᠥ ᠶᠢ ᠬᠠᠶᠢᠯᠭᠠᠭᠰᠠᠨ ᠪᠣᠯᠬᠤᠷ ᠨᠤᠲᠤᠭ ᠤᠨ ᠬᠥᠮᠥᠰ ᠴᠠᠭᠠᠰᠤ ᠶᠢᠨ ᠭᠤᠣᠯ ᠬᠡᠮᠡᠨ ᠨᠡᠷᠡᠯᠡᠬᠦ ᠪᠣᠯᠵᠠᠢ ᠭᠡᠳᠡᠭ᠃ ᠡᠨᠡ ᠭᠤᠣᠯ ᠢ ᠥᠭᠰᠥᠨ ᠡᠬᠢ ᠪᠠᠷ ᠳᠠᠪᠠᠪᠠᠯ ᠤᠤᠯ ᠤᠨ ᠲᠦᠭᠦᠮ ᠰᠤᠮᠤᠨ ᠤ ᠪᠠᠶᠠᠨᠮᠤᠳᠤ ᠭᠠᠴᠠᠭᠠᠨ ᠤ ᠬᠥᠬᠡ ᠲᠡᠷᠡᠰᠤᠨ ᠲᠠᠯ᠎ᠠ ᠳᠤ ᠭᠦᠷᠦᠨ᠎ᠡ᠃ ᠬᠥᠬᠡ ᠲᠡᠷᠡᠰᠤᠨ ᠲᠠᠯ᠎ᠠ ᠳᠤ ᠡᠯᠵᠢᠭᠡᠨ ᠴᠢᠬᠢᠲᠦ ᠬᠠᠭᠠᠨ ᠢ ᠣᠷᠣᠰᠢᠭᠤᠯᠤᠭᠰᠠᠨ ᠭᠡᠵᠦ ᠨᠤᠲᠤᠭ ᠤᠨ ᠬᠥᠮᠥᠰ ᠶᠠᠷᠢᠳᠠᠭ᠃ ᠡ᠊ᠨᠳᠡ ᠮᠢᠨᠤ ᠪᠠᠭ᠎ᠠ ᠰᠤᠷᠭᠠᠭᠤᠯᠢ ᠶᠢᠨ ᠬᠠᠮᠲᠤ ᠰᠤᠷᠤᠯᠭᠠᠲᠠᠨ ᠬᠠᠯᠵᠠ ᠶᠢᠨ ᠬᠢ ᠰᠠᠭᠤᠷᠢᠰᠢᠳᠠᠭ ᠶᠤᠮ᠃ ᠲᠡᠳᠡᠨ ᠤ ᠬᠢ ᠪᠠᠷ ᠣᠷᠣᠵᠤ ᠡᠯᠵᠢᠭᠡᠨ ᠴᠢᠬᠢᠲᠦ ᠬᠠᠭᠠᠨ ᠢ ᠣᠷᠣᠰᠢᠭᠤᠯᠤᠭᠰᠠᠨ ᠭᠠᠵᠠᠷ ᠢ ᠦᠵᠡᠶ᠎ᠡ ᠬᠡᠮᠡᠨ ᠪᠤᠳᠤᠬᠰᠠᠨ ᠪᠤᠯᠪᠠᠴᠦ ᠠᠮᠵᠢᠭᠰᠠᠨ ᠦᠭᠡᠢ ᠭᠠᠳᠤᠰ ᠶᠠᠪᠤᠭᠰᠠᠨ ᠶᠤᠮ᠃ ᠰᠡᠭᠦᠯᠡᠷ ᠨᠢ ᠪᠢ ᠬᠠᠯᠵᠠ ᠳᠤ ᠤᠲᠠᠰᠤᠳᠠᠵᠤ ᠡᠯᠵᠢᠭᠡᠨ ᠴᠢᠬᠢᠲᠦ ᠬᠠᠭᠠᠨ ᠢ ᠣᠷᠣᠰᠢᠭᠤᠯᠤᠭᠰᠠᠨ ᠭᠠᠵᠠᠷ ᠤᠨ ᠲᠤᠬᠠᠢ ᠰᠤᠷᠠᠭᠯᠠᠵᠤ ᠪᠢᠯᠡ᠃ ᠲᠡᠭᠦᠨ ᠤ ᠬᠡᠯᠡᠬᠦ ᠪᠠᠷ ᠡᠯᠵᠢᠭᠡᠨ ᠴᠢᠬᠢᠲᠦ ᠬᠠᠭᠠᠨ ᠢ ᠣᠷᠣᠰᠢᠭᠤᠯᠤᠭᠰᠠᠨ ᠭᠠᠵᠠᠷ ᠨᠢ ᠲᠡᠳᠡᠨ ᠤ ᠭᠡᠷ ᠠᠴᠠ ᠪᠠᠷᠠᠭᠤᠨᠰᠢ ᠮᠢᠩᠭᠠᠨ ᠮᠧᠲᠷ ᠲᠤ ᠪᠠᠶᠢᠳᠠᠭ᠃ ᠣᠷᠣᠰᠢᠭᠤᠯᠤᠭᠰᠠᠨ ᠭᠠᠵᠠᠷ ᠨᠢ ᠳᠣᠷᠣᠭᠰᠢ ᠪᠠᠭ᠎ᠠ ᠬᠤᠲᠣᠶᠢᠵᠤ᠂ ᠠᠯᠢ ᠡᠷᠲᠡ ᠬᠡᠵᠢᠶ᠎ᠡ ᠶᠤᠮ ᠪᠤᠤ ᠮᠡᠳᠡ᠂ ᠮᠠᠯᠲᠠᠵᠤ ᠥᠩᠭᠡᠷᠡᠭᠰᠡᠨ ᠤᠷᠤᠮ ᠮᠡᠳᠡᠭᠳᠡᠵᠦ ᠪᠠᠶᠢᠳᠠᠭ ᠪᠥᠭᠡᠳ ᠣᠷᠴᠢᠨ ᠲᠣᠭᠤᠷᠢᠨ ᠳᠤᠨᠢ ᠶᠡᠭᠡ ᠤᠯᠠᠨ ᠬᠥᠬᠡ ᠲᠤᠭᠤᠰᠭ᠋᠎ᠠ ᠶᠢᠨ ᠬᠡᠯᠲᠡᠷᠬᠡᠢ ᠪᠠᠶᠢᠳᠠᠭ ᠭᠡᠨ᠎ᠡ᠃ ᠬᠠᠯᠵᠠ ᠭᠤᠸᠠᠢ ᠤᠬᠠᠭ᠎ᠠ ᠣᠷᠣᠬᠤ ᠠᠴᠠ ᠡᠬᠢᠯᠡᠭᠡᠳ ᠠᠬᠠᠮᠠᠳ ᠠᠴᠠ ᠪᠠᠨ ᠡᠨᠡ ᠭᠠᠵᠠᠷ ᠢ ᠡᠯᠵᠢᠭᠡᠨ ᠴᠢᠬᠢᠲᠦ ᠬᠠᠭᠠᠨ ᠢ ᠣᠷᠣᠰᠢᠭᠤᠯᠤᠭᠰᠠᠨ ᠭᠠᠵᠠᠷ ᠬᠡᠮᠡᠨ ᠰᠣᠨᠣᠰᠤᠭᠰᠠᠭᠠᠷ ᠢᠷᠡᠭᠰᠡᠨ ᠭᠡᠵᠦ ᠪᠠᠶᠢᠪᠠ᠃ ᠪᠠᠰᠠ ᠵᠠᠷᠢᠮ ᠬᠥᠮᠥᠰ ᠬᠥᠬᠡ ᠲᠡᠷᠡᠰᠤᠨ ᠲᠠᠯ᠎ᠠ ᠳᠤ ᠡᠯᠵᠢᠭᠡ ᠠᠷᠪᠢᠨ ᠴᠤᠭᠯᠠᠷᠠᠳᠠᠭ ᠬᠡᠮᠡᠨ ᠶᠠᠷᠢᠬᠤ ᠶᠢ ᠪᠢ ᠰᠣᠨᠣᠰᠴᠤ ᠥᠩᠭᠡᠷᠡᠭᠰᠡᠨ᠂ ᠶᠡᠷᠦᠨᠢ ᠲᠡᠷᠡᠰᠦ ᠲᠠᠢ ᠬᠥᠨᠳᠡᠢ ᠶᠤᠮ ᠴᠢᠨᠢ ᠡᠯᠵᠢᠭᠡ ᠴᠤᠭᠯᠠᠷᠠᠬᠤ ᠨᠢ ᠬᠠᠴᠢᠷᠬᠠᠮᠠᠷ ᠤᠴᠢᠷ ᠪᠢᠰᠢ ᠪᠠᠶᠢᠬ᠎ᠠ ᠬᠡᠮᠡᠨ ᠨᠠᠳᠠ ᠰᠠᠨᠠᠭᠳᠠᠭᠰᠠᠨ ᠶᠤᠮ᠃          ᠬᠠᠷᠤᠤᠨ᠎ᠠ ᠶᠢᠨ ᠠᠭᠤᠯᠠ ᠶᠢᠨ ᠦᠯᠢᠭᠡᠷ ᠲᠤᠮᠤᠭ ᠨᠡᠬᠡᠷᠡᠨ ᠠᠷᠪᠢᠨ ᠢᠶᠠᠷ ᠪᠠᠷᠠᠬᠤ ᠦᠭᠡᠢ ᠭᠠᠵᠠᠷ ᠤᠰᠤᠨ ᠤ ᠨᠡᠷᠡᠶᠢᠳᠦᠯ ᠲᠠᠢ ᠪᠠᠨ ᠶᠠᠪ ᠴᠠᠪ ᠨᠡᠶᠢᠴᠡᠭᠰᠡᠨ ᠪᠠᠶᠢᠳᠠᠭ ᠪᠣᠯᠬᠤᠷ ᠬᠥᠮᠥᠰ ᠲᠤ ᠦᠯᠢᠭᠡᠷ ᠲᠤᠮᠤᠭ ᠪᠤᠰᠤ ᠵᠢᠩᠬᠢᠨᠢ ᠡᠶᠢᠮᠦ ᠪᠠᠶᠢᠭᠰᠠᠨ ᠪᠣᠯᠪᠠᠤ ᠬᠡᠮᠡᠨ ᠢᠲᠡᠭᠡᠭᠦᠯᠦᠮᠡᠷ ᠰᠠᠨᠠᠭᠳᠠᠭᠤᠯᠬᠤ ᠨᠢ ᠠᠷᠭ᠎ᠠ ᠦᠭᠡᠢ᠃ ᠡᠨᠡ ᠨᠤᠲᠤᠭ ᠤᠨ ᠭᠠᠶᠢᠬᠠᠮᠰᠢᠭ ᠪᠤᠶᠤ᠃          ᠨᠠᠷᠠ ᠪᠠᠷᠠᠭᠤᠨᠰᠢ ᠬᠡᠯᠪᠡᠶᠢᠵᠡᠢ᠃ ᠤᠯᠠᠭᠠᠨ ᠬᠠᠷ᠎ᠠ ᠥᠩᠭᠡ ᠪᠠᠷ ᠰᠤᠯᠪᠢᠯᠴᠠᠬᠰᠠᠨ ᠥᠨᠳᠥᠷ ᠠᠰᠬ᠎ᠠ ᠠᠭᠤᠯᠠᠰ ᠤᠨ ᠣᠷᠣᠶᠢᠳ ᠲᠤ ᠬᠤᠨᠢ ᠢᠮᠠᠭᠠᠨ ᠰᠦᠷᠦᠭ ᠴᠠᠶᠢᠯᠵᠠᠨ ᠲᠡᠭᠷᠢ ᠶᠢᠨ ᠴᠠᠭᠠᠨ ᠡᠭᠦᠯᠡᠰ ᠲᠠᠢ ᠮᠥᠴᠡᠭᠡᠷᠬᠡᠵᠦ᠂ ᠡᠨᠡ ᠨᠤᠲᠤᠭ ᠤᠨ ᠨᠠᠮᠤᠷ ᠤᠨ ᠦᠵᠡᠮᠵᠢ ᠶᠢ ᠭᠠᠶᠢᠬᠠᠭᠤᠯᠬᠤ ᠠᠵᠢ᠃ ᠤᠯᠠᠭᠠᠨ ᠳᠠᠪᠠᠭ᠎ᠠ ᠠᠴᠠ ᠵᠡᠭᠦᠨᠰᠢᠬᠢ ᠭᠠᠵᠠᠷ ᠤᠨ ᠪᠠᠶᠢᠴᠠ ᠳᠣᠷᠣᠭᠰᠢᠯᠠᠬᠤ ᠲᠤᠯᠠ ᠠᠭᠤᠯᠠᠰ ᠤᠨ ᠠᠭᠤᠵᠢᠭᠤᠬᠠᠨ ᠵᠠᠢ ᠪᠤᠶᠤ ᠨᠥᠮᠥᠷᠢ ᠳᠤᠯᠠᠭᠠᠨ ᠭᠠᠵᠠᠷ ᠢᠶᠠᠷ ᠠᠶᠢᠯ ᠤᠳ ᠤᠨ ᠪᠠᠷ᠎ᠠ ᠬᠠᠶᠠ ᠦᠭᠡᠢ ᠬᠠᠷᠠᠭᠳᠠᠨ᠎ᠠ᠃ ᠬᠠᠷᠤᠤᠨ᠎ᠠ ᠶᠢᠨ ᠠᠭᠤᠯᠠ ᠶᠢᠨ ᠮᠠᠯᠴᠢᠨ ᠠᠶᠢᠯ ᠤᠨ ᠠᠮᠢᠳᠤᠷᠠᠯ ᠠᠬᠤᠢ ᠶᠢ ᠣᠶᠢᠯᠠᠭᠠᠵᠤ ᠰᠤᠷᠪᠤᠯᠵᠢᠯᠠᠬᠤ ᠬᠡᠮᠡᠨ ᠪᠢᠳᠠ ᠤᠯᠠᠭᠠᠨ ᠳᠠᠪᠠᠭ᠎ᠠ ᠶᠢᠨ ᠤᠯᠠᠨ ᠠᠷᠪᠢᠨ ᠲᠣᠬᠤᠢ ᠡᠷᠭᠢᠭᠰᠡᠨ ᠵᠠᠮ ᠢ ᠲᠠᠭᠠᠵᠦ ᠵᠡᠭᠦᠨᠰᠢ ᠠᠭᠠᠵᠢᠭᠤᠬᠠᠨ ᠵᠢᠯᠣᠭᠤ ᠪᠠᠨ ᠵᠠᠯᠠᠯ᠎ᠠ᠃    
 
ᠢᠷᠡᠯᠲᠡ᠄ ᠠᠯᠠᠱᠠ ᠶᠢᠨ ᠡᠳᠦᠷ ᠤᠨ ᠰᠣᠨᠢᠨ 
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号