| | ᠰᠢᠭᠦᠳᠡᠷᠢ | | ᠬᠥᠮᠥᠨ ᠶᠢᠷᠲᠢᠨᠴᠦ ᠳᠡᠭᠡᠷ᠎ᠡ ᠠᠮᠢᠳᠤᠷᠠᠬᠤ ᠶᠢᠨ ᠬᠤᠪᠢ ᠳᠤ ᠵᠠᠪᠠᠯ ᠮᠡᠳᠡᠬᠦ ᠵᠣᠬᠢᠯᠲᠠᠢ ᠵᠦᠢᠯ ᠤᠳ | ᠪᠠᠶᠢᠳᠠᠭ᠂ ᠡᠳᠦᠷ ᠳᠣᠵᠢ ᠣᠢ ᠲᠦᠮᠡᠨ ᠮᠡᠳᠡᠭᠡᠯᠡᠯ ᠤᠨ ᠳᠤᠮᠳᠠ ᠪᠠᠶᠢᠬᠤ ᠪᠢᠳᠠ ᠵᠣᠬᠢᠰ ᠦᠭᠡᠢ ᠮᠡᠳᠡᠭᠡᠯᠡᠯ ᠢᠶᠠᠷ | ᠲᠠᠷᠢᠬᠢ ᠲᠣᠯᠣᠭᠠᠢ ᠪᠠᠨ ᠳᠦᠭᠦᠷᠭᠡᠨ᠂ ᠰᠠᠨᠠᠭ᠎ᠠ ᠰᠡᠳᠬᠢᠯ ᠢᠶᠠᠨ ᠵᠣᠪᠠᠭᠠᠬᠤ ᠨᠢ ᠡᠩ ᠤᠨ ᠤᠴᠢᠷ ᠪᠣᠯᠵᠠᠢ᠃ | ᠠᠮᠢᠳᠤᠷᠠᠯ ᠳᠤᠮᠳᠠ ᠵᠥᠪ ᠮᠡᠳᠡᠭᠡᠯᠡᠯ ᠢ ᠵᠣᠷᠢᠯᠭ᠎ᠠ ᠲᠠᠢ ᠮᠡᠳᠡᠨ ᠠᠮᠢᠳᠤᠷᠠᠯ ᠳᠠᠭᠠᠨ ᠵᠥᠪ ᠡᠨᠧᠷᠭᠢ ᠲᠠᠢ ᠰᠠᠶᠢᠬᠠᠨ | ᠵᠦᠢᠯ ᠢ ᠣᠯᠵᠤ ᠭᠦᠷᠳᠡᠨ᠂ ᠵᠥᠪ ᠢ ᠮᠡᠳᠡᠵᠣ ᠪᠤᠷᠤᠭᠤ ᠶᠢ ᠲᠠᠨᠢᠵᠤ ᠶᠠᠪᠤᠬᠤ ᠨᠢ ᠶᠡᠭᠡ ᠴᠢᠬᠤᠯᠠ᠃ | ᠲᠢᠺ ᠲᠤᠺ᠂ ᠴᠤᠤᠷᠢᠶ᠎ᠠ ᠵᠡᠷᠭᠡ ᠲᠠᠪᠴᠠᠩ ᠨᠢ ᠣᠳᠣᠬᠢ ᠬᠥᠮᠥᠰ ᠤᠨ ᠬᠠᠮᠤᠭ ᠬᠤᠷᠳᠤᠨ ᠬᠠᠮᠤᠭ | ᠣᠯᠠᠨ ᠮᠡᠳᠡᠭᠡᠯᠡᠯ ᠢ ᠣᠯᠵᠤ ᠭᠦᠷᠳᠡᠭᠦ ᠲᠠᠪᠴᠠᠩ ᠪᠣᠯᠤᠭᠰᠠᠨ ᠪᠠᠶᠢᠯ᠎ᠠ᠃ ᠴᠠᠭ ᠵᠠᠪ ᠭᠠᠷᠪᠠᠯ ᠨᠢᠭᠡ ᠮᠢᠨᠦ᠋ᠲ ᠢ ᠴᠦ | ᠠᠯᠳᠠᠯ ᠦᠭᠡᠢ ᠣᠬᠤᠷ ᠸᠢᠳᠢᠤ᠋ ᠶᠢᠨ ᠶᠢᠷᠲᠢᠨᠴᠦ ᠳᠤ ᠣᠷᠣᠴᠢᠬᠠᠳᠠᠭ ᠨᠢ ᠬᠥᠮᠥᠨ ᠪᠦᠭᠦᠨ ᠤ ᠪᠡᠶᠡᠨ ᠳᠤ | ᠬᠠᠷᠠᠭᠳᠠᠬᠤ ᠪᠣᠯᠤᠭᠰᠠᠨ ᠨᠢᠭᠡᠨ ᠦᠵᠡᠭᠳᠡᠯ ᠭᠡᠬᠦ ᠳᠤ ᠠᠬᠠᠳᠠᠬᠤ ᠦᠭᠡᠢ᠃ ᠲᠡᠶᠢᠨᠬᠦ ᠬᠡᠷᠡᠭ ᠲᠠᠢ ᠬᠡᠷᠡᠭ ᠦᠭᠡᠢ | ᠣᠬᠤᠷ ᠸᠢᠳᠢᠤ᠋ ᠶᠢ ᠨᠢᠭᠡ ᠡᠳᠦᠷ ᠦᠵᠡᠭᠰᠡᠨ ᠴᠦ ᠰᠠᠨᠠᠭ᠎ᠠ ᠬᠠᠨᠣᠬᠤ ᠦᠭᠡᠢ ᠮᠥᠷᠲᠡᠭᠡᠨ ᠭᠠᠭᠴᠠ ᠨᠢᠭᠡᠨ ᠬᠡᠷᠡᠭ ᠲᠠᠢ | ᠵᠥᠪ ᠮᠡᠳᠡᠭᠡᠯᠡᠯ ᠴᠦ ᠲᠠᠷᠢᠬᠢᠨ ᠳᠤ ᠰᠠᠭᠤᠭᠳᠠᠭᠰᠠᠨ ᠦᠭᠡᠢ ᠪᠠᠶᠢᠳᠠᠭ ᠨᠢ ᠬᠠᠷᠠᠮᠰᠠᠯᠲᠠᠢ ᠪᠠᠶᠢᠳᠠᠭ᠃ ᠰᠣᠨᠢᠨ | ᠮᠡᠳᠡᠭᠡ᠂ ᠬᠠᠴᠢᠨ ᠮᠡᠳᠡᠭᠡ᠂ ᠤᠳᠬ᠎ᠠ ᠠᠭᠤᠯᠭ᠎ᠠ ᠦᠭᠡᠢ ᠮᠡᠳᠡᠭᠡ᠂ ᠦᠢᠯᠡᠴᠢᠯᠡᠭᠡᠨ ᠤ ᠮᠡᠳᠡᠭᠡ ᠵᠡᠷᠭᠡ ᠬᠥᠮᠥᠰ ᠤᠨ | ᠬᠠᠮᠤᠭ ᠰᠣᠨᠢᠷᠬᠠᠵᠤ ᠮᠡᠳᠡᠬᠦ ᠳᠤ ᠵᠣᠷᠢᠭᠤᠯᠤᠭᠰᠠᠨ ᠡᠯᠳᠡᠪ ᠤᠨ ᠮᠡᠳᠡᠭᠡᠯᠡᠯ ᠵᠠᠢ ᠦᠭᠡᠢ ᠰᠠᠴᠤᠭᠳᠠᠨ᠂ ᠬᠥᠮᠥᠰ ᠵᠥᠪ | ᠪᠤᠷᠤᠭᠤ᠂ ᠦᠨᠡᠨ ᠬᠤᠳᠠᠯ ᠮᠡᠳᠡᠭᠡᠯᠡᠯ ᠤᠨ ᠳᠤᠮᠳᠠ ᠲᠥᠭᠡᠷᠢᠭᠳᠡᠨ᠂ ᠵᠠᠷᠢᠮ ᠮᠡᠳᠡᠭᠡᠯᠡᠯ ᠳᠤ ᠰᠦᠷᠳᠡᠨ ᠠᠶᠤᠵᠤ | ᠭᠡᠯᠮᠡᠭᠳᠡᠵᠦ᠂ ᠪᠤᠷᠤᠭᠤ ᠮᠡᠳᠡᠭᠡᠯᠡᠯ ᠢ ᠢᠲᠡᠭᠡᠵᠦ ᠦᠨᠡᠮᠰᠢᠨ᠂ ᠤᠳᠬ᠎ᠠ ᠠᠭᠤᠯᠭ᠎ᠠ ᠦᠭᠡᠢ ᠦᠨ᠎ᠡ ᠴᠠᠨ᠎ᠠ ᠦᠭᠡᠢ | ᠮᠡᠳᠡᠭᠡᠯᠡᠯ ᠢᠶᠠᠷ ᠴᠠᠭ ᠢᠶᠠᠨ ᠦᠷᠡᠭᠡᠨ ᠠᠮᠢᠳᠤᠷᠠᠯ ᠳᠠᠭᠠᠨ ᠪᠠᠭ᠎ᠠ ᠪᠤᠰᠤ ᠶᠠᠷᠰᠢᠭ ᠠᠪᠴᠢᠷᠠᠵᠤ᠂ ᠬᠠᠮᠤᠭ ᠨᠠᠭᠠᠲᠤ | ᠵᠠᠬ᠎ᠠ ᠨᠢ ᠲᠡᠳᠡᠭᠡᠷ ᠮᠡᠳᠡᠭᠡᠯᠡᠯ ᠨᠢ ᠬᠥᠮᠥᠰ ᠤᠨ ᠰᠡᠳᠬᠢᠯ ᠰᠠᠨᠠᠭ᠎ᠠ ᠶᠢ ᠣᠶᠢᠮᠡᠷᠡᠭᠦᠯᠳᠡᠭ᠂ ᠵᠢᠩᠬᠢᠨᠢ ᠮᠡᠳᠡᠯᠭᠡ ᠡᠷᠳᠡᠮ | ᠪᠤᠯᠭᠠᠵᠣ ᠬᠤᠪᠢᠷᠠᠭᠤᠯᠬᠤ ᠤᠴᠢᠷ ᠦᠭᠡᠢ ᠪᠠᠶᠢᠯ᠎ᠠ᠃ ᠲᠦᠷᠦᠭᠦᠬᠡᠨ ᠬᠠᠮᠲᠤ ᠠᠵᠢᠯᠯᠠᠭᠰᠠᠳ ᠲᠠᠢ ᠪᠠᠨ ᠬᠠᠮᠲᠤ ᠲᠢᠺ | ᠲᠤᠺ ᠢᠶᠠᠷ ᠰᠢᠭᠤᠳ ᠨᠡᠪᠲᠡᠷᠡᠭᠦᠯᠭᠡ ᠬᠢᠵᠦ ᠶᠠᠪᠤᠭ᠎ᠠ ᠬᠥᠮᠥᠰ ᠤᠨ ᠲᠤᠬᠠᠢ ᠵᠣᠭᠤᠭ ᠳᠡᠯᠭᠡᠵᠦ ᠪᠢᠯᠡ᠃ ᠪᠢᠳᠠᠨ ᠤ | ᠠᠩᠬᠠᠷᠴᠤ ᠦᠵᠡᠵᠦ ᠪᠠᠶᠢᠭ᠎ᠠ ᠵᠦᠢᠯ ᠠᠴᠠ ᠦᠵᠡᠬᠦ ᠳᠤ ᠳᠠᠩᠳᠠ ᠬᠥᠮᠥᠰ ᠤᠨ ᠰᠣᠨᠢᠷᠬᠠᠯ ᠲᠠᠲᠠᠬᠤ ᠪᠠᠷ ᠨᠠᠷᠭᠢᠶᠠᠨ | ᠳᠡᠪᠵᠢᠶᠡᠨ ᠪᠣᠯᠭᠠᠨ ᠡᠯᠳᠡᠪ ᠤᠴᠢᠷ ᠡᠭᠦᠰᠬᠡᠵᠦ ᠶᠠᠷᠢᠶ᠎ᠠ ᠬᠡᠯᠡᠯᠴᠡᠭᠡ ᠪᠠᠷ ᠥᠪᠡᠷ ᠢ ᠪᠠᠨ ᠲᠠᠨᠢᠭᠤᠯᠬᠤ ᠬᠥᠮᠥᠰ | ᠪᠠᠶᠢᠪᠠ᠂ ᠲᠡᠳᠡᠨᠡᠷ ᠤᠨ ᠬᠡᠯᠡᠵᠦ ᠬᠢᠵᠦ ᠪᠠᠶᠢᠭ᠎ᠠ ᠵᠦᠢᠯᠡᠰ ᠨᠢ ᠶᠡᠷᠦᠩᠬᠡᠢ ᠳᠡᠭᠡᠨ ᠪᠢᠳᠠᠨ ᠳᠤ ᠶᠠᠮᠠᠷ ᠴᠦ ᠱᠠᠭᠠᠷᠳᠠᠯᠭ᠎ᠠ | ᠦᠭᠡᠢ᠂ ᠤᠳᠬ᠎ᠠ ᠠᠭᠤᠯᠭ᠎ᠠ ᠦᠭᠡᠢ ᠵᠦᠢᠯ ᠪᠠᠶᠢᠭᠰᠠᠨ ᠠᠵᠢ᠃ ᠡᠶᠢᠮᠦᠷᠬᠦᠦ ᠱᠠᠭᠠᠷᠳᠠᠯᠭ᠎ᠠ ᠦᠭᠡᠢ ᠮᠡᠳᠡᠭᠡᠯᠡᠯ ᠢᠶᠠᠷ | ᠰᠡᠳᠬᠢᠯ ᠰᠠᠨᠠᠭ᠎ᠠ ᠪᠠᠨ ᠪᠣᠬᠢᠷᠲᠤᠭᠤᠯᠵᠤ ᠣᠬᠳᠣ ᠪᠤᠯᠬᠤ ᠦᠭᠡᠢ ᠶᠤᠮ᠃ | ᠵᠥᠪ ᠮᠡᠳᠡᠭᠡᠯᠡᠯ ᠨᠢ ᠲᠠᠷᠢᠬᠢ ᠶᠢ ᠰᠡᠷᠭᠦᠭᠡᠨ᠂ ᠲᠠᠷᠢᠬᠢᠨ ᠳᠤ ᠮᠡᠳᠡᠯᠭᠡ ᠪᠣᠯᠣᠨ ᠰᠠᠭᠤᠭᠳᠠᠵᠤ᠂ | ᠲᠡᠭᠦᠨ ᠠᠴᠠ ᠴᠠᠭᠠᠰᠢ ᠡᠷᠳᠡᠮ᠂ ᠤᠬᠠᠭᠠᠨ ᠰᠠᠭᠤᠯᠭᠠᠨ᠂ ᠵᠥᠪ ᠮᠡᠳᠡᠭᠡᠯᠡᠯ ᠢ ᠠᠮᠢᠳᠤᠷᠠᠯ ᠳᠠᠭᠠᠨ ᠠᠰᠢᠭᠯᠠᠭᠠᠳ | ᠵᠥᠪ ᠦᠷ᠎ᠡ ᠳ᠋ᠦᠩ ᠭᠠᠷᠭᠠᠬᠤ ᠪᠣᠯᠭᠠᠳᠠᠭ ᠶᠤᠮ᠃ ᠳᠡᠶᠢᠮᠣ ᠠᠴᠠ ᠪᠢᠳᠠ ᠠᠮᠢᠳᠤᠷᠠᠯ ᠳᠤᠮᠳᠠ ᠴᠠᠭ ᠢᠶᠠᠨ ᠵᠥᠪ | ᠠᠰᠢᠭᠯᠠᠨ᠂ ᠵᠥᠪ ᠰᠠᠶᠢᠬᠠᠨ ᠡᠨᠧᠷᠭᠢ ᠲᠠᠢ ᠮᠡᠳᠡᠭᠡᠯᠡᠯ ᠠᠴᠠ ᠮᠡᠳᠡᠯᠭᠡ ᠤᠬᠠᠭᠠᠨ ᠠᠪᠴᠤ᠂ ᠤᠳᠬ᠎ᠠ ᠠᠭᠤᠯᠭ᠎ᠠ | ᠦᠭᠡᠢ ᠮᠡᠳᠡᠭᠡᠯᠡᠯ ᠤᠨ ᠲᠥᠭᠡᠷᠢᠭᠳᠡᠯ ᠠᠴᠠ ᠵᠣᠷᠢᠯᠭ᠎ᠠ ᠲᠠᠢ ᠵᠠᠶᠢᠯᠠᠰᠬᠢᠨ᠂ ᠠᠮᠢᠳᠤᠷᠠᠯ ᠢᠶᠠᠨ ᠤᠳᠬ᠎ᠠ ᠠᠭᠤᠯᠭ᠎ᠠ ᠲᠠᠢ᠂ | ᠦᠨ᠎ᠡ ᠴᠠᠨ᠎ᠠ ᠲᠠᠢ ᠥᠩᠭᠡᠷᠡᠭᠦᠯᠵᠦ᠂ ᠪᠡᠶ᠎ᠡ ᠰᠡᠳᠬᠢᠯ ᠣᠶᠣᠨ ᠤᠬᠠᠭᠠᠨ ᠢᠶᠠᠨ ᠴᠡᠪᠡᠷᠰᠢᠭᠦᠯᠦᠨ᠂ ᠮᠡᠳᠡᠯᠭᠡ | ᠡᠷᠳᠡᠮ ᠢᠶᠠᠷ ᠪᠡᠶ᠎ᠡ ᠪᠠᠨ ᠴᠢᠮᠡᠵᠦ᠂ ᠬᠠᠮᠤᠭ ᠡᠴᠦᠰ ᠲᠤ ᠮᠡᠳᠡᠯᠭᠡ ᠴᠢᠳᠠᠪᠤᠷᠢ ᠪᠠᠷ ᠪᠡᠶ᠎ᠡ ᠪᠠᠨ ᠦᠨᠡᠯᠡᠬᠦ ᠪᠤᠯᠭᠠᠬᠤ | ᠬᠡᠷᠡᠭᠲᠡᠢ᠃ ᠲᠡᠶᠢᠨᠬᠦ ᠡᠩ ᠤᠨ ᠠᠮᠢᠳᠤᠷᠠᠯ ᠳᠤᠮᠳᠠ ᠪᠢᠳᠠ ᠵᠥᠪ ᠮᠡᠳᠡᠭᠡᠯᠡᠯ ᠢ ᠠᠪᠴᠤ ᠰᠤᠷᠬᠤ ᠪᠠᠨ | ᠣᠮᠲᠣᠭᠠᠶᠢᠯᠠᠵᠤ ᠪᠤᠯᠬᠤ ᠦᠭᠡᠢ᠂ ᠪᠠᠭ᠎ᠠ ᠪᠠᠭ᠎ᠠ ᠥᠭᠡᠷᠡᠴᠢᠯᠡᠯᠲᠡ ᠳᠤᠮᠳᠠ ᠥᠪᠡᠷ ᠢ ᠪᠠᠨ ᠤᠯᠠᠮ ᠢᠶᠠᠷ ᠲᠠᠨᠢᠨ᠂ | ᠥᠪᠡᠷ ᠢ ᠪᠠᠨ ᠥᠭᠡᠷᠡᠴᠢᠯᠡᠵᠦ ᠴᠢᠳᠠᠨ᠎ᠠ᠃ | | | |