| | ᠳᠠᠭᠤᠳᠠᠭᠠᠴᠢ ᠡ᠊ᠩᠭᠡᠨᠬᠳᠠ | | - ᠠᠯᠠᠱᠠ᠂ ᠰᠢᠯᠢ ᠶᠢᠨ ᠭᠤᠣᠯ ᠬᠤᠶᠠᠷ ᠨᠤᠲᠤᠭ ᠤᠨ ᠵᠣᠬᠢᠶᠠᠯᠴᠢᠳ ᠤᠨ | ᠪᠢᠯᠢᠭ ᠤᠨ ᠴᠢᠭᠤᠯᠭᠠᠨ ᠤ ᠲᠠᠲᠠᠯᠠᠭ᠎ᠠ | ᠠᠳᠤᠭᠤᠳ ᠨᠢ ᠭᠦᠷᠳᠡᠯ᠎ᠡ ᠲᠡᠭᠷᠢ ᠳᠤ ᠪᠡᠯᠴᠢᠳᠡᠭ | ᠠᠯᠲᠠᠢ ᠶᠢᠨ ᠳᠡᠭᠦᠦ ᠠᠭᠤᠯᠠ ᠬᠡᠮᠡᠭᠳᠡᠭᠰᠡᠨ | ᠠᠯᠠᠭ ᠠᠭᠤᠯᠠ ᠶᠢᠨ ᠡᠪᠦᠷ | ᠠᠯᠳᠠᠨ ᠨᠠᠪᠴᠢᠰ ᠨᠢ ᠨᠢᠰᠦᠯᠳᠦᠭᠡᠳ | ᠰᠢᠯᠦᠭ ᠪᠦᠲᠦᠳᠡᠭ ᠲᠣᠣᠷᠠᠢ | ᠠᠶᠠᠷᠯᠠᠨ ᠠᠶᠠᠷᠯᠠᠨ ᠰᠠᠯᠬᠤ ᠳᠤ | ᠦᠳᠡᠵᠦ ᠤᠷᠤᠰᠤᠭᠰᠠᠨ ᠡᠵᠡᠨ᠎ᠡ ᠭᠤᠣᠯ ᠮᠢᠨᠤ᠁ | ᠡᠨᠡ ᠬᠡᠷᠡᠯᠳᠦ ᠮᠥᠷ ᠪᠠᠳᠠᠭ ᠪᠣᠯ ᠰᠢᠯᠢ ᠶᠢᠨ ᠭᠤᠣᠯ ᠠᠶᠢᠮᠠᠭ ᠤᠨ ᠰᠥᠨᠢᠳ ᠪᠠᠷᠠᠭᠤᠨ ᠬᠤᠰᠢᠭᠤᠨ ᠤ | ᠵᠠᠯᠠᠭᠤ ᠢᠷᠠᠭᠤ ᠨᠠᠶᠢᠷᠠᠭᠴᠢ ᠪᠠᠲᠤᠴᠡᠩᠭᠡᠯ ᠤᠨ ᠠᠯᠠᠱᠠ ᠠᠴᠠ ᠠᠶᠠᠷᠯᠠᠨ ᠰᠠᠯᠬᠤ ᠦᠶ᠎ᠡ ᠳᠡᠭᠡᠨ ︽ᠲᠠ | ᠨᠠᠷ ᠲᠠᠢ ᠪᠠᠨ ᠬᠡᠳᠦᠨ ᠡᠳᠦᠷ ᠤᠨ ᠲᠤᠷᠰᠢ ᠬᠠᠮᠲᠤ ᠪᠠᠶᠢᠯᠴᠠᠵᠤ᠂ ᠡᠨᠡ ᠨᠤᠲᠤᠭ ᠤᠨ ᠬᠠᠯᠠᠭᠤᠨ ᠰᠢᠷᠣᠢ᠂ | ᠬᠠᠯᠠᠭᠤᠮᠰᠤᠭ ᠰᠡᠳᠬᠢᠯ ᠳᠤ ᠶᠠᠭᠠᠬᠢᠬᠤ ᠶᠢᠨ ᠠᠷᠭ᠎ᠠ ᠦᠭᠡᠢ ᠬᠤᠷᠭᠤᠳᠠᠨᠠᠮ ᠪᠢᠯᠡ ᠠ᠋ ᠁ ᠪᠢᠳᠠᠨ ᠤ ᠠᠶᠠᠯᠠᠯ | ᠦᠨᠡᠬᠡᠷ ᠯᠡ ᠡᠨᠡ ᠬᠥᠯᠭᠡᠨ ᠶᠡᠭᠡ ᠠᠯᠠᠱᠠ ᠨᠤᠲᠤᠭ ᠤᠨ ᠨᠣᠮ ᠤᠨ ᠭᠡᠭᠡᠨ ᠳᠤ ᠪᠠᠭᠲᠠᠵᠤ᠂ ᠡᠨᠡ ᠰᠠᠶᠢᠬᠠᠨ | ᠠᠭᠤᠵᠢᠮ ᠨᠤᠲᠤᠭ ᠠᠴᠠ ᠪᠠᠰᠠ ᠨᠣᠮ ᠤᠨ ᠭᠡᠭᠡ ᠲᠠᠲᠠᠭᠤᠯᠵᠤ᠂ ᠨᠤᠲᠤᠭ ᠤᠨ ᠵᠠᠮ ᠢᠶᠠᠨ ᠡᠯᠭᠦᠯ᠎ᠡ ᠁︾ | ᠭᠡᠰᠡᠨ ᠪᠠᠶᠠᠷ ᠳᠣᠭᠳᠣᠯᠤᠯ ᠤᠨ ᠬᠢᠨᠢ ᠢᠯᠡᠷᠬᠡᠶᠢᠯᠡᠯ ᠠᠪᠠᠢ᠃ ᠡ᠊ᠨᠳᠠ ᠶᠠᠷᠢᠵᠤ ᠪᠠᠶᠢᠭ᠎ᠠ ︽ᠲᠠ ᠨᠠᠷ︾ ᠭᠡᠳᠡᠭ ᠨᠢ | ᠰᠢᠯᠢ ᠶᠢᠨ ᠭᠤᠣᠯ ᠠᠶᠢᠮᠠᠭ ᠤᠨ ᠢᠶᠠᠨ ᠤᠷᠠᠨ ᠪᠦᠲᠦᠭᠡᠯᠴᠢᠳ ᠢ ᠲᠥᠯᠥᠭᠡᠯᠡᠨ ᠰᠥᠨᠢᠳ ᠵᠡᠭᠦᠨ ᠬᠤᠰᠢᠭᠤ᠂ | ᠰᠥᠨᠢᠳ ᠪᠠᠷᠠᠭᠤᠨ ᠬᠤᠰᠢᠭᠤ᠂ ᠬᠥᠪᠡᠭᠡᠲᠦ ᠰᠢᠷ᠎ᠠ ᠬᠤᠰᠢᠭᠤᠨ ᠤ ᠵᠣᠩᠬᠢᠯᠠᠬᠤ ᠮᠠᠯᠴᠢᠨ ᠵᠣᠬᠢᠶᠠᠯᠴᠢᠳ ᠢᠶᠠᠷ | ᠪᠦᠷᠢᠯᠳᠦᠭᠰᠡᠨ ᠵᠣᠬᠢᠶᠠᠯᠴᠢᠳ ᠤᠨ ᠭᠠᠯ ᠠᠶᠠᠨ ᠥᠩ ᠥᠷᠭᠡᠨ ᠠᠯᠠᠱᠠ ᠳᠤ ᠬᠦᠷᠦᠯᠴᠡᠨ ᠢᠷᠡᠵᠤ᠂ ᠡᠨᠡ | ᠨᠤᠲᠤᠭ ᠤᠨ ᠤᠷᠠᠨ ᠪᠦᠲᠦᠭᠡᠯᠴᠢᠳ ᠲᠠᠢ ᠬᠠᠮᠲᠤ ᠥᠷᠭᠡᠨ ᠭᠤᠪᠢ᠂ ᠥᠨᠳᠥᠷ ᠠᠭᠤᠯᠠ᠂ ᠲᠣᠣᠷᠠᠢ ᠶᠢᠨ ᠤᠢ᠂ | ᠲᠣᠷᠭᠠᠨ ᠡᠯᠡᠰᠦ ᠶᠢ ᠲᠤᠭᠤᠯᠵᠤ᠂ ᠰᠢᠯᠦᠭ ᠨᠠᠶᠢᠷᠠᠭ ᠢᠶᠠᠨ ᠬᠡᠯᠡᠵᠦ᠂ ᠳᠠᠭᠤᠤ ᠬᠤᠭᠤᠷ ᠢᠶᠠᠨ ᠬᠥᠭᠯᠡᠵᠦ | ᠰᠡᠳᠬᠢᠯ ᠤᠨ ᠪᠠᠷᠢᠯᠳᠤᠯᠭ᠎ᠠ ᠲᠠᠢ ᠪᠣᠯᠤᠭᠰᠠᠨ ᠬᠥᠮᠥᠰ ᠢ ᠯᠡ ᠬᠡᠯᠡᠵᠦ ᠪᠤᠢ᠃ ᠡ᠊ᠨᠳᠠ ᠥᠭᠦᠯᠡᠵᠦ ᠪᠠᠶᠢᠭ᠎ᠠ ︽ | ᠨᠣᠮ ᠤᠨ ᠭᠡᠭᠡ︾ ᠭᠡᠳᠡᠭ ᠨᠢ ᠡᠨᠡ ᠬᠦ ᠪᠢᠯᠢᠭ ᠤᠨ ᠴᠢᠭᠤᠯᠭᠠᠨ ᠤ ᠭᠠᠯ ᠠᠶᠠᠨ ᠤ ᠬᠢᠨ ᠠᠯᠳᠠᠨ ᠳᠡᠯᠡᠬᠡᠢ ᠳᠤ | ᠠᠯᠳᠠᠷᠲᠠᠢ ᠠᠭᠸᠠᠩᠳᠠᠨᠳᠠᠷ ᠤᠨ ᠨᠤᠲᠤᠭ ᠢᠶᠠᠷ ᠠᠶᠠᠯᠠᠭᠰᠠᠨ ᠶᠠᠪᠤᠳᠠᠯ ᠨᠢ ᠡᠭᠡᠭᠡ ᠯᠡ ᠨᠣᠮ ᠤᠨ ᠬᠦᠷᠳᠦ ᠡᠷᠭᠢᠭᠦᠯᠬᠦ | ᠯᠦᠭᠡ ᠠᠳᠠᠯᠢ ᠪᠣᠯᠵᠤ᠂ ᠨᠣᠮ ᠪᠦᠲᠦᠭᠡᠵᠦ ᠶᠠᠪᠤᠳᠠᠭ ᠨᠢᠭᠡ ᠪᠦᠯᠦᠭ ︽ᠴᠠᠭᠠᠨ ᠰᠣᠯᠢᠶᠠᠲᠠᠢ︾ ᠬᠥᠮᠥᠰ ᠤᠨ | ᠣᠩᠭᠤᠳ ᠢᠶᠠᠨ ᠳᠠᠭᠤᠳᠠᠨ᠂ ᠤᠳᠤᠮᠲᠤ ᠬᠡᠯᠡᠨ ᠤ ᠪᠠᠨ ᠭᠡᠭᠡᠨ ᠳᠤ ᠪᠠᠭᠲᠠᠯᠴᠠᠵᠤ ᠶᠠᠪᠤᠭᠰᠠᠨ ᠢ ᠶᠠᠷᠢᠵᠤ ᠪᠠᠶᠢᠭ᠎ᠠ | ᠶᠤᠮᠰᠠᠨ᠃ | ᠨᠣᠮ ᠤᠨ ᠭᠡᠭᠡᠨ ᠳᠤ ᠪᠠᠭᠲᠠᠯᠴᠠᠵᠤ ᠶᠠᠪᠤᠭᠰᠠᠨ ᠨᠤᠲᠤᠭ ᠨᠤᠲᠤᠭ ᠤᠨ ᠵᠣᠬᠢᠶᠠᠯᠴᠢᠳ | ᠬᠡᠳᠦᠢ ᠴᠤ ᠤᠳᠠᠭᠠᠨ ᠣᠨ ᠡᠶᠢᠮᠦ ᠠᠶᠠᠨ ᠤ ᠭᠠᠯ ᠤᠨ ᠬᠢᠨ ᠲᠠᠢ ᠬᠠᠮᠲᠤ ᠪᠠᠶᠢᠭᠠᠯᠢ ᠳᠡᠯᠡᠬᠡᠢ ᠪᠠᠷ | ᠷᠠᠰᠢᠶᠠᠯᠠᠨ ᠶᠠᠪᠤᠵᠤ᠂ ᠪᠤᠳᠤᠬᠰᠠᠨ ᠰᠠᠨᠠᠭᠰᠠᠨ ᠢᠶᠠᠨ ᠨᠢᠭᠤᠯ ᠦᠭᠡᠢ ᠬᠤᠪᠢᠶᠠᠯᠴᠠᠵᠤ᠂ ᠪᠠᠳᠠᠭ ᠰᠢᠯᠦᠭ ᠢᠶᠠᠨ | ᠤᠷᠤᠯᠳᠤᠨ ᠤᠩᠰᠢᠵᠤ᠂ ᠪᠠᠶᠠᠷ ᠢᠨᠢᠶᠡᠳᠦ ᠬᠤᠶᠠᠷ ᠢᠶᠠᠨ ᠠᠰᠬᠠᠵᠤ ᠶᠠᠪᠤᠭ᠎ᠠ ᠦᠭᠡᠢ ᠰᠠᠨ ᠪᠣᠯ⁈ | ᠥᠩ ᠥᠷᠭᠡᠨ ᠠᠯᠠᠱᠠ ᠨᠤᠲᠤᠭ ᠤᠨ ᠥᠨᠥ ᠵᠢᠯ ᠤᠨ ᠨᠠᠮᠤᠷ ᠭᠡᠭᠴᠢ ᠦᠨᠡᠬᠡᠷ ᠲᠡᠨᠳᠡᠪ ᠤᠨ | ᠫᠦᠷᠪᠦᠳᠣᠷᠵᠢ ᠶᠢᠨ ︽ᠤᠷᠳᠤ ᠨᠠᠮᠤᠷ︾ ᠰᠢᠭ᠋ ᠤᠷᠳᠤ ᠨᠠᠮᠤᠷ ᠪᠣᠯᠤᠭᠰᠠᠨ ᠳ᠋ᠠ᠃ | ᠰᠢᠯᠢ ᠶᠢᠨ ᠭᠤᠣᠯ ᠤᠨ ᠠᠭᠤᠳᠠᠮ ᠲᠠᠯ᠎ᠠ ᠠᠴᠠ ᠲᠡᠳᠡ ᠨᠠᠷ ᠮᠠᠨᠢ ᠪᠦᠲᠦᠨ ᠨᠢᠭᠡ ᠡᠳᠦᠷ ᠤᠨ ᠵᠠᠮ ᠢ | ᠡᠪᠬᠡᠨ ᠠᠯᠠᠱᠠ ᠪᠠᠷᠠᠭᠤᠨ ᠬᠤᠰᠢᠭᠤᠨ ᠤ ᠠᠯᠳ᠋ᠬᠠᠤᠪᠤᠭ᠎ᠠ ᠪᠠᠯᠭᠠᠰᠤᠨ ᠳᠤ ᠬᠦᠷᠦᠯᠴᠡᠨ ᠢᠷᠡᠬᠦ ᠳᠤ ᠭ᠊ · | ᠮᠥᠩᠬᠡᠵᠢᠷᠭᠠᠯ ᠭᠤᠸᠠᠢ ᠰᠠᠮᠪᠠᠢ ᠬᠠᠳᠠᠭ᠂ ᠰᠠᠷᠬᠤᠳ ᠤᠨ ᠳᠡᠭᠡᠵᠢ ᠪᠠᠨ ᠡᠷᠭᠦᠨ ᠤᠭᠲᠤᠵᠤ ᠠᠪᠤᠭᠰᠠᠨ ᠶᠤᠮ᠃ | ᠮᠠᠨ ᠤ ᠬᠥᠮᠥᠨ ᠨᠦᠭᠦᠭᠡ ︽ᠵᠥᠷᠢᠭᠦᠦ ᠡᠷᠭᠢ︾ ᠨᠣᠮ ᠤᠨ ᠥᠷᠭᠦᠭᠡᠨ ᠤ ᠪᠠᠨ ᠵᠢᠪᠠᠷ ᠢ ᠦᠷᠭᠦᠭᠡᠳᠡᠯᠡ | ᠨᠠᠶᠢᠷᠠᠭᠴᠢᠳ ᠤᠨ ᠨᠠᠶᠢᠷ ᠵᠣᠬᠢᠶᠠᠵᠤ᠂ ᠰᠢᠯᠦᠭ ᠤᠨ ᠰᠢᠳᠢ᠂ ᠰᠠᠷᠬᠤᠳ ᠤᠨ ᠬᠦᠴᠦᠨ ᠳᠤ ᠨᠠᠮ ᠴᠣᠬᠢᠭᠤᠯᠤᠭᠰᠠᠨ | ᠴᠤ ᠲᠡᠪᠡᠷᠢ ᠪᠠᠭᠲᠠᠬᠤ ᠦᠭᠡᠢ ᠨᠣᠮ ᠤᠨ ᠪᠡᠯᠡᠭ ᠲᠤᠰᠴᠤ ᠪᠠᠶᠠᠷᠯᠠᠭᠰᠠᠨ ᠶᠤᠮ᠃ ᠪᠠᠯᠭᠠᠰᠤᠨ ᠤ ᠴᠠᠭᠠᠨ | ᠪᠠᠶᠢᠰᠢᠩ ᠳᠠᠭᠠᠨ ᠰᠢᠯᠦᠭ ᠢᠶᠠᠨ ᠪᠢᠴᠢᠵᠦ ᠰᠠᠭᠤᠭ᠎ᠠ ᠮᠥᠩᠬᠡᠵᠢᠷᠭᠠᠯ ᠤᠨ ᠮᠠᠨᠢ ᠪᠣᠷᠣ ᠦᠷᠭᠦᠭᠡ ᠰᠢᠯᠢ ᠶᠢᠨ | ᠭᠤᠣᠯ ᠤᠨ ᠵᠣᠬᠢᠶᠠᠯᠴᠢᠳ ᠲᠤ ᠠᠷᠭ᠎ᠠ ᠦᠭᠡᠢ ᠳᠣᠲᠣᠨᠣ ᠰᠠᠨᠠᠭᠳᠠᠵᠤ᠂ ᠤᠤᠭᠤᠭᠠᠳ ᠰᠠᠭᠤᠮᠠᠷ ᠠᠯᠳ᠋ᠬᠠᠤᠪᠤᠭ᠎ᠠ᠂ | ᠤᠴᠢᠷᠯᠠᠭᠠᠳ ᠰᠢᠯᠦᠭᠯᠡᠮᠡᠷ ᠠᠯᠠᠱᠠ ᠠᠬ᠎ᠠ ᠭᠡᠳ ᠬᠤᠷᠭᠤᠳᠠᠨ ᠬᠤᠷᠭᠤᠳᠠᠭᠰᠠᠭᠠᠷ ᠨᠠᠷᠠ ᠤᠨᠠᠬᠤ ᠶᠢᠨ ᠠᠯᠳᠠ ᠳᠤ | ᠯᠡ ᠲᠠᠷᠠᠭᠠᠴᠢ ᠶᠢᠨ ᠦᠷᠳᠡᠭᠡ ᠪᠤᠯᠬᠤ ᠪᠠᠳᠠᠢ ᠶᠢᠨ ᠵᠢᠷᠠᠨ ᠪᠠᠯᠭᠠᠰᠤᠨ ᠳᠤ ᠬᠦᠷᠴᠦ ᠣᠴᠢᠭᠰᠠᠨ ᠶᠤᠮ᠃ | ᠮᠠᠷᠭᠠᠰᠢ ᠨᠢ ᠬᠤᠶᠠᠷ ᠨᠤᠲᠤᠭ ᠤᠨ ᠵᠣᠬᠢᠶᠠᠯᠴᠢᠳ ᠤᠨ ᠠᠭᠤᠯᠵᠠᠯᠲᠠ ᠠᠯᠠᠱᠠ ᠪᠠᠷᠠᠭᠤᠨ ᠬᠤᠰᠢᠭᠤᠨ ᠤ | ᠤᠯᠤᠰ ᠲᠦᠷᠦ ᠶᠢᠨ ᠵᠥᠪᠯᠡᠯᠭᠡᠨ ᠤ ᠠᠭᠤᠳᠠᠮ ᠰᠠᠶᠢᠬᠠᠨ ᠬᠤᠷᠠᠯ ᠤᠨ ᠲᠠᠩᠬᠢᠮ ᠳᠤ ᠪᠣᠯᠵᠤ᠂ ᠠᠯᠠᠱᠠ | ᠨᠤᠲᠤᠭ ᠠᠴᠠ ᠪᠠᠨ ᠰᠣᠶᠣᠯ ᠤᠨ ᠵᠢᠳᠬᠦᠯᠲᠡᠨ᠂ ᠢᠷᠠᠭᠤ ᠨᠠᠶᠢᠷᠠᠭᠴᠢ ᠡ᠊ · ᠪᠣᠯᠣᠳ ᠪᠠᠶᠠᠷ ᠲᠠᠯᠠᠷᠬᠠᠯ ᠤᠨ ᠦᠭᠡ | ᠬᠡᠯᠡᠵᠦ᠂ ᠪᠢ ᠪᠠᠷ ᠵᠣᠬᠢᠶᠠᠯᠴᠢᠳ ᠤᠨ ᠨᠡᠶᠢᠭᠡᠮᠯᠢᠭ᠂ᠤᠷᠠᠨ ᠪᠦᠲᠦᠭᠡᠯᠴᠢᠳ ᠢ ᠲᠥᠯᠥᠭᠡᠯᠡᠨ ᠠᠯᠠᠱᠠ ᠨᠤᠲᠤᠭ ᠤᠨ | ᠵᠣᠬᠢᠶᠠᠯᠴᠢᠳ ᠵᠢᠴᠢ ᠵᠣᠬᠢᠶᠠᠨ ᠪᠦᠲᠦᠭᠡᠯᠭᠡ ᠶᠢᠨ ᠲᠠᠯ᠎ᠠ ᠪᠠᠷ ᠲᠠᠨᠢᠯᠴᠠᠭᠤᠯᠤᠨ᠂ ᠰᠢᠯᠢ ᠶᠢᠨ ᠭᠤᠣᠯ ᠤᠨ ᠭᠤᠷᠪᠠᠨ | ᠬᠤᠰᠢᠭᠤᠨ ᠤ ᠤᠳᠬ᠎ᠠ ᠤᠷᠠᠯᠢᠭ ᠤᠨ ᠬᠢᠨ ᠤ ᠬᠤᠯᠪᠣᠭᠠᠨ ᠤ ᠭᠤᠷᠪᠠᠨ ᠰᠠᠶᠢᠠᠬᠠᠨ ᠪᠦᠰᠡᠭᠦᠢ ᠳᠠᠷᠤᠭ᠎ᠠ ᠨᠤᠲᠤᠭ | ᠣᠷᠣᠨ ᠤ ᠪᠠᠨ ᠤᠷᠠᠨ ᠵᠣᠬᠢᠶᠠᠯ᠂ ᠤᠳᠬ᠎ᠠ ᠰᠣᠶᠣᠯ ᠤᠨ ᠲᠠᠯ᠎ᠠ ᠪᠠᠷ ᠥᠷᠭᠡᠨ ᠳᠠᠯᠠᠶᠢᠴᠠᠲᠠᠢ ᠲᠠᠨᠢᠯᠴᠠᠭᠤᠯᠵᠤ᠂ | ᠰᠢᠯᠢ ᠶᠢᠨ ᠭᠤᠣᠯ᠂ ᠠᠯᠠᠱᠠ ᠨᠤᠲᠤᠭ ᠤᠨ ᠵᠣᠬᠢᠶᠠᠯᠴᠢᠳ ᠤᠨ ᠨᠥᠬᠦᠷᠯᠡᠯ ᠬᠠᠮᠲᠤᠷᠠᠯᠴᠠᠭ᠎ᠠ ᠶᠢ ᠠᠬᠢᠭᠤᠯᠤᠭᠰᠠᠨ | ᠰᠠᠶᠢᠬᠠᠨ ᠠᠭᠤᠯᠵᠠᠯᠲᠠ ᠪᠣᠯᠤᠭᠰᠠᠨ ᠤ ᠲᠠᠷᠠᠭ᠎ᠠ᠂ ᠵᠤᠷᠰᠢᠯ ᠶᠣᠰᠣᠭᠠᠷ ᠬᠠᠮᠲᠤ ᠶᠢᠨ ᠵᠢᠷᠤᠭ ᠲᠠᠲᠠᠵᠤ᠂ | ᠰᠣᠷᠪᠤᠯᠵᠢᠯᠠᠭ᠎ᠠ ᠭᠥᠯᠢᠶᠡᠨ᠂ ᠰᠣᠶᠣᠯ ᠤᠨ ᠣᠷᠳᠣᠨ᠂ ᠦᠵᠡᠰᠭᠦᠯᠡᠩ ᠤᠨ ᠭᠠᠵᠠᠷ᠂ ᠮᠦᠽᠧᠢ ᠪᠠᠷ ᠲᠣᠭᠤᠷᠢᠵᠤ | ᠪᠢᠯᠡ᠃ ᠭᠡᠲᠡᠯ᠎ᠡ ᠤᠷᠠᠨ ᠪᠦᠲᠦᠭᠡᠯᠴᠢ ᠪᠢᠳᠠᠨ ᠤ ᠬᠠᠯᠠᠭᠤᠨ ᠳᠤᠯᠠᠭᠠᠨ ᠰᠡᠳᠬᠢᠯ ᠢ ᠬᠠᠮᠤᠭ ᠠᠴᠠ ᠢᠯᠡᠷᠬᠡᠶᠢᠯᠡᠵᠦ | ᠴᠢᠳᠠᠳᠠᠭ ᠨᠢ ᠣᠨᠴᠠᠯᠠᠨ ᠵᠣᠬᠢᠶᠠᠯᠴᠢ ᠢᠷᠠᠭᠤ ᠨᠠᠶᠢᠷᠠᠭᠴᠢ ᠶᠢᠨ ᠠᠭᠤᠯᠵᠠᠯᠲᠠ ᠭᠡᠭᠴᠢ ᠨᠣᠮ ᠤᠨ ᠰᠠᠶᠢᠬᠠᠨ ᠪᠡᠯᠡᠭ | ᠲᠤᠰᠬᠤ ᠶᠠᠪᠤᠳᠠᠯ ᠪᠦᠯᠦᠭᠡ᠃ ᠡᠨᠡ ᠤᠳᠠᠭ᠎ᠠ ᠰᠢᠯᠢ ᠶᠢᠨ ᠭᠤᠣᠯ ᠤᠨ ᠤᠷᠠᠨ ᠪᠦᠲᠦᠭᠡᠯᠴᠢᠳ ᠲᠡᠷᠮᠡᠨ ᠭᠡᠷ᠂ | ᠲᠡᠮᠡᠭᠡᠨ ᠠᠴᠢᠶ᠎ᠠ ᠲᠠᠢ ᠠᠯᠠᠱᠠ ᠳᠤ ᠦᠨᠡᠬᠡᠷ ᠲᠡᠷᠭᠡ ᠪᠠᠷ ᠲᠡᠭᠡᠭᠡᠭᠰᠡᠨ ᠨᠣᠮ ᠤᠨ ᠪᠡᠯᠡᠭ ᠲᠠᠢ ᠢᠷᠡᠵᠡᠭᠡᠭᠰᠡᠨ ᠪᠠᠶᠢᠯ᠎ᠠ᠃ | ᠪᠡᠯᠡᠭ ᠲᠤ ᠢᠷᠡᠭᠰᠡᠨ ᠲᠡᠳᠡᠭᠡᠷ ᠨᠣᠮ ᠤᠨ ᠳᠣᠲᠣᠷ᠎ᠠ ︽ᠳ᠋᠊ · ᠴᠠᠭᠠᠨ ᠤ ᠵᠣᠬᠢᠶᠠᠯ ᠪᠦᠲᠦᠭᠡᠯ ᠤᠨ ᠴᠢᠭᠤᠯᠭᠠᠨ︾ | ᠵᠢᠷᠭᠤᠭᠠᠨ ᠪᠣᠳᠢ᠂ ︽ᠴᠠᠬᠠᠷ ᠠᠷᠠᠳ ᠤᠨ ᠠᠮᠠᠨ ᠵᠣᠬᠢᠶᠠᠯ ᠤᠨ ᠴᠢᠭᠤᠯᠭᠠᠨ︾ ᠲᠠᠪᠤᠨ ᠪᠣᠳᠢ᠂ ︽ᠭᠢᠯᠦᠭᠡᠨ | ᠰᠥᠨᠢᠳ ᠤᠯᠠᠮᠵᠢᠯᠠᠯᠲᠤ ᠰᠣᠶᠣᠯ ᠤᠨ ᠴᠤᠪᠤᠷᠠᠯ ᠪᠢᠴᠢᠭ ᠣᠷᠣᠰᠢᠪᠠᠢ︾ ᠠᠷᠪᠠᠨ ᠭᠤᠷᠪᠠᠨ ᠪᠣᠳᠢ᠂ ︽ᠬᠥᠪᠡᠭᠡᠲᠦ | ᠰᠢᠷ᠎ᠠ ᠬᠤᠰᠢᠭᠤᠨ ᠤ ᠰᠤᠷᠭᠠᠨ ᠬᠥᠮᠦᠵᠢᠯ ᠤᠨ ᠣᠶᠢᠯᠠᠯᠭ᠎ᠠ︾ ᠬᠤᠶᠠᠷ ᠪᠣᠳᠢ ᠵᠡᠷᠭᠡ ᠬᠤᠪᠣᠷ ᠨᠠᠨᠳᠢᠨ ᠥᠪ | ᠰᠣᠶᠣᠯ ᠤᠨ ᠣᠶᠢᠯᠠᠯᠭ᠎ᠠ ᠶᠢᠨ ᠪᠦᠲᠦᠭᠡᠯ ᠠᠴᠠ ᠭᠠᠳᠠᠨ᠎ᠠ ᠱᠠ᠊ · ᠪᠦᠭᠡ᠂ ᠰ᠊ · ᠲᠡᠮᠦᠷ ᠵᠡᠷᠭᠡ ᠰᠢᠨᠳᠠᠰᠤ ᠲᠠᠢ | ᠵᠣᠬᠢᠶᠠᠯᠴᠢ ᠶᠢᠨ ᠨᠣᠮ ᠲᠡᠭᠦᠪᠦᠷᠢ ᠪᠣᠯᠣᠨ ᠰᠥᠨᠢᠳ ᠪᠠᠷᠠᠭᠤᠨ ᠬᠤᠰᠢᠭᠤᠨ ᠤ ᠤᠯᠠᠭᠠᠨᠮᠥ᠋ᠴᠢᠷ ᠤᠨ ᠬᠢᠨ ᠤ | ᠰᠢᠩᠭᠡᠬᠡᠨ ᠦᠢᠯᠡᠳᠦᠭᠰᠡᠨ ︽ᠲᠠᠬᠰᠢᠨ ᠣᠷᠣᠨ ᠲᠠᠮᠠᠴᠢ︾ ᠬᠡᠮᠡᠬᠦ ᠵᠣᠬᠢᠶᠠᠯ ᠤᠨ ᠳᠠᠭᠤᠤ ᠶᠢᠨ ᠴᠣᠮᠤᠭ᠂ 2024 | ᠣᠨ ᠤ ︽ᠰᠢᠯᠢ ᠶᠢᠨ ᠭᠤᠣᠯ︾ ᠰᠡᠳᠬᠦᠯ ᠤᠨ ᠰᠢᠨ᠎ᠡ ᠳ᠋ᠤᠭᠠᠷ ᠵᠡᠷᠭᠡ ᠨᠢ ᠦᠨᠡᠬᠡᠷ ᠠᠯᠠᠭᠠᠨ ᠳᠡᠭᠡᠷ᠎ᠡ ᠪᠠᠨ | ᠲᠠᠯᠪᠢᠭᠠᠳ ᠤᠩᠰᠢᠬᠤ ᠳᠤ ᠰᠡᠳᠬᠢᠯ ᠰᠡᠷᠭᠦᠮᠡᠷ᠂ ᠬᠤᠷᠭᠤᠨ ᠳᠠᠭᠠᠨ ᠲᠠᠯᠪᠢᠭᠠᠳ ᠬᠠᠷᠠᠬᠤ ᠳᠤ ᠭᠡᠷ ᠭᠡᠶᠢᠭᠦᠯᠦᠮᠡᠷ | ᠬᠦᠨᠳᠦ ᠶᠢᠨ ᠵᠢᠩ ᠲᠠᠢ ᠪᠦᠲᠦᠭᠡᠯ ᠤᠳ ᠪᠠᠶᠢᠯ᠎ᠠ᠃ ᠨᠤᠲᠤᠭ ᠨᠤᠲᠤᠭ ᠤᠨ ᠬᠢᠨ ᠪᠢᠳᠠ ᠴᠣᠬᠤᠮ ᠬᠦ ᠴᠠᠭ ᠤᠨ | ᠰᠠᠶᠢᠬᠠᠨ ᠳᠤ ᠠᠮᠵᠢᠭᠤᠯᠵᠤ ᠥᠪ ᠲᠠᠷᠬᠠᠨ ᠰᠣᠶᠣᠯ ᠢᠶᠠᠨ ᠦᠷ᠎ᠡ ᠬᠤᠶᠢᠴᠢᠰ ᠲᠠᠭᠠᠨ ᠦᠯᠡᠳᠡᠭᠡᠬᠦ ᠬᠡᠮᠡᠨ ᠶᠡᠭᠡ ᠶᠢ | ᠬᠢᠵᠦ ᠪᠦᠲᠦᠭᠡᠵᠦ ᠴᠢᠳᠠᠭᠰᠠᠨ ᠤ ᠬᠢᠨᠢ ᠠᠮᠢᠳᠤ ᠭᠡᠷᠡᠴᠢ ᠡᠨᠡ ᠪᠤᠶᠤ᠃ ᠨᠣᠮ ᠤᠨ ᠭᠡᠭᠡᠨ ᠳᠤ ᠪᠠᠭᠲᠠᠵᠤ ᠶᠠᠪᠤᠳᠠᠭ | ᠦᠨᠳᠦᠰᠦᠲᠡᠨ ᠶᠠᠰᠤᠳᠠᠨ ᠤ ᠰᠡᠳᠬᠢᠯ ᠤᠨ ᠭᠠᠯ ᠬᠡᠵᠢᠶᠡᠳᠡ ᠤᠨᠲᠠᠷᠠᠬᠤ ᠶᠣᠰᠣ ᠦᠭᠡᠢ ᠠᠪᠠᠢ᠃ | ᠪᠢᠯᠢᠭ ᠤᠨ ᠴᠢᠭᠤᠯᠭᠠᠨ ᠪ᠊ ᠭᠠᠯ ᠠᠶᠠᠨ ᠤ ᠬᠢᠨ ᠠᠯᠳᠠᠨ ᠣᠪᠣᠭ᠎ᠠ ᠳᠤ ᠨᠡᠭᠦᠳᠡᠯ ᠰᠠᠭᠤᠳᠠᠯ ᠲᠠᠢ | ᠵᠣᠬᠢᠶᠠᠯᠴᠢ ᠭ᠊ · ᠮᠥᠩᠬᠡᠵᠢᠷᠭᠠᠯ ᠤᠨ ᠬᠢ ᠪᠠᠷ ᠣᠴᠢᠬᠤ ᠳᠠᠭᠠᠨ ᠴᠤ᠂ ᠠᠯᠠᠭ ᠠᠭᠤᠯᠠ ᠠᠯᠳᠠᠨ ᠲᠠᠪᠰᠢ ᠶᠢᠨ | ᠬᠤᠷᠮᠣᠢ ᠳᠤ ᠡᠪᠦᠯᠵᠢᠶ᠎ᠡ ᠬᠠᠪᠤᠷᠵᠢᠶ᠎ᠠ ᠲᠠᠢ ᠢᠷᠠᠭᠤ ᠨᠠᠶᠢᠷᠠᠭᠴᠢ ᠵ᠊ · ᠰᠤᠳᠤᠨᠤᠮ ᠤᠨ ᠬᠢ ᠪᠠᠷ ᠠᠶᠢᠯᠴᠢᠯᠠᠨ | ᠬᠦᠷᠬᠦ ᠳᠡᠭᠡᠨ ᠴᠤ᠂ ᠡᠵᠡᠨ᠎ᠡ ᠳᠠᠬᠢ ᠰᠣᠶᠣᠯ ᠨᠣᠮ ᠤᠨ ᠢᠰᠡᠭᠡᠢ ᠥᠷᠭᠦᠭᠡᠨ ᠤ ᠡᠵᠡᠨ ᠡᠷᠳᠡᠨᠢᠪᠠᠭᠠᠲᠤᠷ ᠤᠨ | ᠬᠢ ᠪᠠᠷ ᠠᠶᠢᠯᠴᠢᠯᠠᠬᠤ ᠳᠠᠭᠠᠨ ᠴᠤ ᠰᠤᠳᠤᠷ ᠤᠨ ᠦᠨᠦᠷ ᠬᠠᠩᠬᠤᠯᠤᠭᠰᠠᠨ ᠰᠣᠳᠣᠨ ᠨᠣᠮ ᠤᠨ ᠳᠡᠭᠡᠵᠢ ᠪᠠᠨ ᠰᠠᠮᠪᠠᠢ | ᠬᠠᠳᠠᠭ ᠳᠡᠭᠡᠷ᠎ᠡ ᠪᠠᠨ ᠲᠠᠯᠪᠢᠭᠠᠳ ᠯᠡ ᠲᠣᠯᠣᠭᠠᠢ ᠮᠡᠬᠦᠶᠢᠨ ᠪᠠᠷᠢᠵᠠᠭᠠᠵᠤ ᠪᠠᠶᠢᠯ᠎ᠠ᠃ ᠲᠡᠳᠡ ᠮᠠᠨᠢ ᠠᠯᠠᠱᠠ ᠳᠤ | ᠪᠠᠶᠢᠬᠤ ᠬᠤᠭᠤᠴᠠᠭᠠᠨ ᠳᠠᠭᠠᠨ ᠦᠨᠡᠬᠡᠷ ᠠᠭᠤᠯᠵᠠᠵᠤ ᠲᠠᠨᠢᠯᠴᠠᠭᠰᠠᠨ ᠤᠷᠠᠨ ᠪᠦᠲᠦᠭᠡᠯᠴᠢ ᠪᠣᠯᠭᠠᠨ ᠤ ᠭᠠᠷ ᠢ | ᠴᠠᠶᠢᠯᠭᠠᠵᠤ᠂ ᠲᠡᠷᠡ ᠬᠤᠯᠠ ᠲᠡᠭᠷᠢ ᠶᠢᠨ ᠬᠠᠶᠠᠭᠠᠨ ᠳᠠᠬᠢ ᠰᠢᠯᠢ ᠶᠢᠨ ᠭᠤᠣᠯ ᠤᠨ ᠲᠠᠯ᠎ᠠ ᠠᠴᠠ ᠡᠭᠦᠷᠴᠦ ᠢᠷᠡᠭᠰᠡᠨ | ᠲᠡᠪᠡᠷᠢ ᠲᠡᠪᠡᠷᠢ ᠨᠣᠮ ᠢᠶᠠᠨ ᠪᠡᠯᠡᠭᠯᠡᠨ᠎ᠡ᠃ ᠪᠦᠲᠦᠭᠡᠭᠰᠡᠨ ᠨᠣᠮ ᠢᠶᠠᠷ ᠢᠶᠠᠨ ᠪᠤᠶᠠᠨ ᠲᠦᠭᠡᠭᠡᠵᠦ ᠶᠠᠪᠤᠭ᠎ᠠ ᠪᠤᠷᠬᠠᠨ | ᠰᠡᠳᠬᠢᠯ ᠲᠠᠢ ᠤᠯᠤᠰ ᠭᠡᠭᠴᠢ ᠠᠷᠭ᠎ᠠ ᠦᠭᠡᠢ ᠯᠡ ᠢᠰᠡᠭᠡᠢ ᠲᠤᠭᠤᠷᠭᠠᠲᠤ ᠲᠦᠮᠡᠨ ᠠᠵᠤᠭᠤ᠃ | ᠠᠯᠠᠱᠠᠴᠤᠳ ᠴᠤ ᠭᠡᠰᠡᠨ ᠠᠯᠤᠰ ᠬᠤᠯᠠ ᠠᠴᠠ ᠠᠶᠢᠯᠴᠢᠯᠠᠨ ᠢᠷᠡᠭᠰᠡᠨ ᠭᠡᠶᠢᠴᠢᠨ ᠵᠣᠴᠢᠨ ᠢᠶᠠᠨ ᠭᠠᠷ | ᠬᠤᠭᠤᠰᠤᠨ ᠭᠠᠷᠭᠠᠬᠤ ᠦᠭᠡᠢ ᠬᠡᠮᠡᠨ ᠠᠯᠠᠱᠠ ᠪᠠᠷᠠᠭᠤᠨ ᠬᠤᠰᠢᠭᠤᠨ ᠤ ᠰᠣᠶᠣᠯ ᠤᠨ ᠣᠷᠳᠣᠨ ᠤ ᠳᠠᠷᠤᠭ᠎ᠠ ᠬᠤᠩ | ᠴᠢ ᠮᠠᠨᠢ ᠰᠣᠶᠣᠯ ᠤᠨ ᠣᠷᠳᠣᠨ ᠳᠠᠭᠠᠨ ᠠᠯᠳᠠᠨ ᠲᠡᠪᠰᠢ ᠠᠯᠠᠭ ᠠᠭᠤᠯᠠ ᠶᠢᠨ ᠬᠤᠶᠠᠷ ᠵᠠᠯᠠᠭᠤ ᠢᠷᠠᠭᠤ | ᠨᠠᠶᠢᠷᠠᠭᠴᠢ᠂ ᠨᠤᠲᠤᠭ ᠤᠨ ᠬᠤᠶᠠᠷ ᠳᠡᠭᠦᠦ ᠼᠡᠶ᠋ᠢᠩᠰᠠᠩ᠂ ᠠᠯᠲᠠᠨᠴᠢᠯᠠᠭᠤ ᠬᠤᠶᠠᠷ ᠤᠨ ᠰᠢᠨ᠎ᠡ ᠨᠣᠮ ᠤᠨ | ᠨᠡᠭᠡᠭᠡᠯᠲᠡ ᠶᠢ ᠬᠢᠵᠦ᠂ ᠭᠠᠯ ᠠᠶᠠᠨ ᠤ ᠬᠢᠨ ᠤ ᠳ᠋ᠠᠯᠢᠩ ᠢ ᠳᠦᠭᠦᠷᠭᠡᠲᠡᠯ᠎ᠡ ᠨᠣᠮ ᠪᠡᠯᠡᠭᠯᠡᠭᠰᠡᠨ ᠪᠣᠯ ᠡᠵᠡᠨ᠎ᠡ | ᠨᠤᠲᠤᠭ ᠤᠨ ᠡᠷᠳᠡᠨᠢᠪᠠᠭᠠᠲᠤᠷ ᠬᠤᠷᠠᠩᠳᠠ ᠶᠢᠨ ᠨᠣᠮ ᠤᠨ ᠥᠷᠭᠦᠭᠡᠨ ᠤ ᠨᠣᠮ ᠤᠨ ᠪᠡᠯᠡᠭ ᠨᠢ ᠪᠦᠷ ᠴᠤ | ᠥᠩᠭᠡ ᠲᠠᠢ ᠬᠠᠷᠠᠭᠳᠠᠵᠤ᠂ ᠲᠡᠳᠡᠨ ᠢ ᠰᠢᠯᠢ ᠶᠢᠨ ᠭᠤᠣᠯ ᠤᠷᠤᠭᠤ ᠪᠠᠨ ᠮᠣᠷᠳᠠᠬᠤ ᠥᠷᠯᠥᠭᠡ ᠡᠵᠡᠨ᠎ᠡ | ᠬᠤᠰᠢᠭᠤᠨ ᠤ ᠰᠣᠶᠣᠯ ᠤᠨ ᠥᠪ ᠢ ᠬᠠᠮᠠᠭᠠᠯᠠᠬᠤ᠂ ᠤᠯᠠᠮᠵᠢᠯᠠᠬᠤ ᠲᠠᠯ᠎ᠠ ᠪᠠᠷ ᠦᠢᠭ᠎ᠠ ᠦᠭᠡᠢ ᠭᠦᠳᠡᠯᠮᠦᠷᠢ | ᠭᠠᠷᠭᠠᠵᠤ ᠶᠠᠪᠤᠭᠰᠠᠨ ᠡᠵᠡᠨ᠎ᠡ ᠬᠤᠰᠢᠭᠤᠨ ᠤ ᠨᠢᠭᠡᠳᠦᠮᠡᠯ ᠹᠷᠤᠨᠲ ᠤᠨ ᠬᠡᠯᠲᠡᠰ ᠤᠨ ᠤᠤᠯ ᠤᠨ ᠳᠠᠷᠤᠭ᠎ᠠ | ᠠᠯᠲᠠᠨᠴᠡᠴᠡᠭ ᠤᠨ ᠨᠣᠮ ᠤᠨ ᠥᠷᠭᠦᠭᠡᠨ ᠳᠤ ᠦᠪᠡᠳᠡᠭᠰᠢ ᠶᠡᠭᠡ ᠨᠣᠮ ᠤᠨ ᠴᠠᠶᠢᠯᠠᠯᠭ᠎ᠠ ᠪᠣᠯᠵᠤ᠂ ︽ᠮᠢᠨᠤ | ᠡ᠊ᠨᠳᠠ ᠠᠴᠠ ᠲᠠ ᠨᠠᠷ ᠲᠣᠭᠤᠵᠤ ᠳᠤᠷᠠᠯᠠᠭᠰᠠᠨ ᠨᠣᠮ ᠢᠶᠠᠨ ᠰᠣᠩᠭᠤᠵᠤ ᠠᠪᠤᠭᠠᠷᠠᠢ︾ ᠭᠡᠰᠡᠨ ᠨᠣᠮ ᠤᠨ | ᠥᠷᠭᠦᠭᠡᠨ ᠤ ᠡᠵᠡᠨ ᠤ ᠦᠭᠡ ᠯᠡ ᠡᠨᠡ ᠤᠳᠠᠭᠠᠨ ᠤ ᠵᠣᠬᠢᠶᠠᠯᠴᠢᠳ ᠤᠨ ᠭᠠᠯ ᠠᠶᠠᠨ ᠢ ᠪᠦᠷ ᠴᠤ ︽ᠨᠣᠮ ᠤᠨ | ᠪᠤᠶᠠᠨ ᠲᠦᠭᠡᠭᠡᠬᠦ ᠠᠶᠠᠨ︾ ᠪᠣᠯᠭᠠᠨ᠂ ᠬᠥᠮᠥᠨ ᠪᠣᠯᠭᠠᠨ ᠠᠮᠠᠨ ᠳᠠᠭᠠᠨ ︽ᠨᠣᠮ ᠤᠨ ᠴᠠᠭᠠᠨ ᠪᠤᠶᠠᠨ ᠳᠡᠯᠭᠡᠷᠡᠬᠦ | ᠪᠣᠯᠲᠤᠭᠠᠢ︾ ᠬᠡᠮᠡᠨ ᠰᠢᠪᠡᠨᠡᠵᠦ ᠪᠠᠶᠢᠯ᠎ᠠ᠃ | ᠡᠶᠢᠮᠦ ᠶᠢᠨ ᠲᠤᠯᠠᠳᠠ ᠰᠠᠶᠢᠬᠠᠨ ᠳᠡᠭᠦᠦ ᠪᠠᠲᠤᠴᠡᠩᠭᠡᠯ ᠮᠠᠨᠢ ᠴᠦ ︽ᠨᠣᠮ ᠤᠨ ᠭᠡᠭᠡ ᠲᠠᠲᠠᠭᠤᠯᠵᠤ᠂ | ᠨᠤᠲᠤᠭ ᠤᠨ ᠵᠠᠮ ᠢᠶᠠᠨ ᠡᠯᠭᠦᠯ᠎ᠡ ᠁︾ ᠭᠡᠵᠦ ᠪᠢᠴᠢᠬᠦ ᠦᠭᠡᠢ ᠶᠠᠭᠠᠬᠢᠬᠤ ᠪᠤᠢ᠂ ᠳᠣᠭᠳᠣᠯᠬᠤ ᠦᠭᠡᠢ | ᠶᠠᠭᠠᠬᠢᠬᠤ ᠪᠤᠢ᠃ ᠨᠣᠮ ᠳᠤᠷ ᠮᠥᠷᠭᠦᠮᠦ︕ | ᠮᠣᠩᠭᠤᠯᠴᠤᠳ ᠣᠨᠢᠭ᠎ᠠ ᠦᠭᠡᠢ ᠠᠮᠢᠳᠤᠷᠠᠵᠤ ᠪᠤᠯᠳᠠᠭ ᠶᠤᠮ ᠤᠤ | ᠵᠣᠬᠢᠶᠠᠯᠴᠢ᠂ ᠰᠢᠯᠦᠭᠴᠢᠳ ᠭᠡᠭᠴᠢ ᠶᠠᠩᠵᠤ ᠶᠠᠩᠵᠤ ᠶᠢᠨ ᠤᠳᠤᠨ ᠳᠤ ᠲᠦᠷᠦᠭᠰᠡᠨ ᠤᠯᠤᠰ ᠭᠡᠳᠡᠭ | ᠨᠢ ᠮᠡᠳᠡᠭᠡᠵᠢ᠃ ᠠᠯᠢ ᠤᠵᠤᠭᠤᠷ ᠪᠦᠲᠦᠭᠡᠯ ᠢᠶᠠᠷ ᠢᠶᠠᠨ ᠲᠠᠨᠢᠯᠴᠠᠭᠰᠠᠨ ᠬᠥᠮᠥᠰ ᠴᠢᠨᠢ ᠪᠦᠷ ᠯᠡ ᠬᠠᠭᠤᠴᠢᠨ ᠲᠠᠨᠢᠯ | ᠰᠢᠭ᠋ ᠠᠭᠤᠯᠵᠠᠵᠤ ᠤᠴᠠᠷᠠᠨ ᠳᠣᠭᠳᠣᠯᠤᠨ᠎ᠠ᠃ ᠲᠡᠳᠡ ᠶᠠᠩᠵᠤ ᠶᠠᠩᠵᠤ ᠪᠠᠷ ᠰᠣᠭᠲᠣᠵᠤ ᠦᠵᠡᠨ᠎ᠡ᠃ ᠭᠡᠲᠡᠯ᠎ᠡ | ᠣᠯᠠᠩᠬᠢ ᠳᠠᠭᠠᠨ ᠶᠡᠭᠡ ᠲᠥᠯᠥᠪ ᠭᠤᠷᠪᠠᠨ ᠶᠠᠩᠵᠤ ᠪᠠᠷ ᠯᠡ ᠰᠣᠭᠲᠣᠵᠠᠭᠠᠨᠠ᠃ ᠪᠠᠶᠢᠭᠠᠯᠢ ᠶᠢᠨ ᠰᠠᠶᠢᠬᠠᠨ ᠳᠤ | ᠨᠢᠭᠡ ᠰᠠᠶᠢᠬᠠᠨ ᠰᠣᠭᠲᠣᠨ᠎ᠠ᠃ ᠰᠣᠩᠭᠤᠳᠠᠭ ᠭᠠᠭᠴᠠ ᠮᠥᠷ᠂ ᠰᠤᠭᠤ ᠰᠢᠭ᠋ ᠬᠡᠦᠬᠡᠨ ᠳᠤ ᠨᠢᠭᠡ ᠰᠣᠭᠲᠣᠨ᠎ᠠ᠂ | ᠲᠡᠭᠡᠭᠡᠳ ᠯᠡ ᠰᠠᠷᠬᠤᠳ ᠤᠨ ᠬᠦᠴᠦᠨ ᠳᠤ ᠭᠡᠳ ᠭᠤᠷᠪᠠ ᠰᠣᠭᠲᠣᠨ᠎ᠠ᠃ | ᠡᠨᠡ ᠤᠳᠠᠭ᠎ᠠ ︽ᠰᠠᠶᠢᠬᠠᠨ ᠦᠭᠡ ᠶᠢ ᠨᠢ ᠲᠠ ᠨᠠᠷ ᠬᠡᠯᠡᠴᠢᠬᠡ᠂ ᠰᠠᠷᠬᠤᠳ ᠢ ᠨᠢ ᠪᠢ ᠤᠤᠭᠤᠶ᠎ᠠ︾ | ᠭᠡᠰᠡᠨ ᠰᠢᠯᠤᠭᠤᠨ ᠵᠠᠩ ᠲᠠᠢ ᠲᠤᠭᠤᠰ ᠳᠠᠷᠤᠭ᠎ᠠ ᠲᠠᠢ ᠬᠥᠪᠡᠭᠡᠲᠦ ᠰᠢᠷ᠎ᠠ ᠬᠤᠰᠢᠭᠤᠨ ᠤ ᠬᠢᠨ᠂ ︽ᠠᠯᠠᠱᠠ | ᠨᠤᠲᠤᠭ ᠤᠨ ᠤᠷᠠᠨ ᠪᠦᠲᠦᠭᠡᠯᠴᠢᠳ ᠭᠡᠭᠴᠢ ᠶᠠᠮᠠᠷ ᠰᠠᠶᠢᠬᠠᠨ ᠬᠥᠮᠥᠰ ᠪᠤᠢ︾ ᠭᠡᠵᠦ ᠠᠰᠬᠠᠷᠠᠭᠤᠯᠤᠨ | ᠮᠡᠯᠮᠡᠷᠡᠭᠦᠯᠦᠭᠡᠳ ᠢᠷᠡᠳᠡᠭ ᠤᠯᠠᠭᠠᠨᠴᠡᠴᠡᠭ ᠲᠡᠷᠢᠭᠦᠯᠡᠭᠴᠢ ᠲᠠᠢ ᠵᠡᠭᠦᠨ ᠰᠥᠨᠢᠳ ᠤᠨ ᠤᠷᠠᠨ ᠪᠦᠲᠦᠭᠡᠯᠴᠢᠳ᠂ ︽ | ᠠᠬ᠎ᠠ ᠠ᠋᠂ ᠳᠡᠭᠦᠦ ᠨᠢ ᠳᠣᠭᠳᠣᠯᠤᠭᠠᠳ ᠥᠴᠥᠭᠡᠳᠦᠷ ᠢᠯᠡᠭᠦᠦ ᠤᠤᠭᠤᠴᠢᠬᠠᠵᠠᠢ᠂ ᠠᠭᠤᠴᠢᠯᠠᠭᠠᠷᠠᠢ︕︾ ᠭᠡᠳ | ᠠᠭᠤᠴᠢᠯᠠᠯ ᠬᠦᠰᠡᠳᠡᠭ ᠬᠥᠭᠡᠷᠦᠬᠦᠨ ᠵᠠᠩ ᠲᠠᠢ ᠰᠠᠷᠠᠭᠤᠯ ᠳᠡᠭᠦᠦ ᠪᠠᠷ ᠪᠦᠯᠭᠦᠮ ᠤᠨ ᠳᠠᠷᠤᠭ᠎ᠠ ᠪᠠᠨ ᠪᠤᠯᠭᠠᠬᠰᠠᠨ | ᠪᠠᠷᠠᠭᠤᠨ ᠰᠥᠨᠢᠳ ᠤᠨ ᠬᠢᠨ ᠭᠡᠳ ᠯᠡ ᠮᠤᠨᠳᠠᠭ ᠲᠣᠮᠣ ᠰᠣᠶᠣᠯ ᠤᠨ ᠭᠠᠯ ᠠᠶᠠᠨ ᠠᠯᠠᠱᠠ ᠨᠤᠲᠤᠭ ᠢ ᠵᠣᠷᠢᠨ | ᠢᠷᠡᠭᠰᠡᠨ ᠶᠤᠮ᠃ ᠡᠨᠡ ᠭᠤᠷᠪᠠᠨ ᠬᠤᠰᠢᠭᠤᠨ ᠤ ᠤᠳᠬ᠎ᠠ ᠤᠷᠠᠯᠢᠭ ᠤᠨ ᠬᠢᠨ ᠤ ᠬᠤᠯᠪᠣᠭᠠᠨ ᠤ ᠦᠵᠡᠰᠬᠦᠯᠡᠩᠲᠡᠢ | ᠮᠥᠷᠲᠡᠭᠡᠨ ᠤᠬᠠᠭᠠᠯᠢᠭ ᠭᠤᠷᠪᠠᠨ ᠪᠦᠰᠡᠭᠦᠢ ᠲᠡᠷᠢᠭᠦᠯᠡᠭᠴᠢ ᠶᠢ ᠬᠠᠷᠠᠴᠢᠬᠠᠭᠠᠳ ᠠᠯᠠᠱᠠ ᠶᠢᠨ ᠭᠤᠷᠪᠠᠨ | ᠬᠤᠰᠢᠭᠤᠨ ᠤ ᠤᠳᠬ᠎ᠠ ᠤᠷᠠᠯᠢᠭ ᠤᠨ ᠬᠢᠨ ᠤ ᠬᠤᠯᠪᠣᠭᠠᠨ ᠤ ᠬᠢᠨ ᠪᠠᠷᠤᠭ ᠲᠡᠷᠢᠭᠦᠯᠡᠭᠴᠢ ᠪᠣᠯᠭᠠᠨ ᠢᠶᠠᠨ | ᠪᠦᠰᠡᠭᠦᠢ ᠪᠠᠷ ᠰᠣᠯᠢᠴᠢᠬᠠᠬᠤ ᠵᠠᠪᠳᠤᠭᠰᠠᠨ ᠰᠢᠦ᠃ | ᠵᠠ ᠲᠡᠭᠡᠭᠡᠳ ᠡᠨᠡ ᠪᠦᠯᠭᠦᠮ ᠳᠤ ᠠᠷᠠᠳ ᠤᠨ ᠳᠠᠭᠤᠤ ᠳᠠᠭᠠᠨ ᠠᠮᠢᠨ ᠠᠴᠠ ᠪᠠᠨ ᠬᠠᠶᠢᠷᠠᠲᠠᠢ | ᠰᠢᠷᠮᠠᠭᠠᠷ ᠰᠢᠷ᠎ᠠ ᠵᠠᠯᠠᠭᠤ ᠶᠠᠪᠤᠨ᠎ᠠ᠃ ᠲᠡᠭᠦᠨ ᠢ ᠰᠢᠯᠦᠭᠴᠢ ᠲᠣᠳᠣᠪᠢᠯᠢᠭ᠌ ᠬᠡᠮᠡᠨ᠎ᠡ᠃ ᠲᠡᠷᠡ ᠪᠠᠷ ᠰᠢᠯᠦᠭ ᠢᠶᠠᠨ | ᠰᠠᠶᠢᠬᠠᠨ ᠤᠩᠰᠢᠨ᠎ᠠ᠃ ᠰᠢᠯᠦᠭ ᠢ ᠨᠢ ᠬᠥᠮᠥᠰ ᠲᠠᠭᠠᠰᠢᠶᠠᠬᠤ ᠪᠠᠷ ᠡᠮᠦᠨ᠎ᠡ ᠪᠠᠨ ᠪᠠᠶᠢᠭ᠎ᠠ ᠰᠢᠯᠤᠨ ᠬᠤᠨᠳᠠᠭ᠎ᠠ ᠲᠠᠢ | ᠲᠠᠷᠠᠰᠤ ᠶᠢ ᠠᠪᠴᠤ ︽ᠥᠪᠡᠷ ᠢ ᠪᠠᠨ ᠨᠢᠭᠡ ᠭᠡᠨᠡᠳᠡᠭᠦᠯᠵᠦ ᠪᠠᠶᠢᠭᠠᠳ ᠵᠠᠯᠭᠢᠴᠢᠬᠠᠶᠠ︾ ᠬᠡᠮᠡᠨ ᠤᠯᠠᠨ ᠢ | ᠢᠨᠢᠶᠡᠯᠭᠡᠨ᠎ᠡ᠃ | ᠁ | ᠵᠡᠭᠦᠰᠬᠡᠯ ᠴᠢᠮᠡᠭ ᠦᠭᠡᠢ᠂ ᠡᠭᠡᠯᠬᠡᠨ ᠶᠠᠩᠵᠤ ᠪᠠᠷ ᠴᠢᠨᠢ ᠵᠢᠷᠤᠭᠠᠳ | ︽ᠵᠡᠭᠦᠨ ᠰᠡᠷᠪᠡᠩ︾ ᠭᠡᠵᠦ ᠲᠣᠳᠣᠷᠬᠠᠶᠢᠯᠠᠭᠠᠳ ᠬᠠᠨᠠᠨ ᠳᠠᠭᠠᠨ ᠡᠯᠭᠦᠴᠢᠬᠡᠯᠡ | ᠵᠢᠷᠦᠬᠡᠨ ᠳᠡᠭᠡᠨ ᠲᠤᠩᠭᠠᠭᠠᠭᠰᠠᠨ ᠨᠠᠨᠳᠢᠨ ᠨᠠᠨᠳᠢᠨ ᠦᠭᠡᠰ ᠢᠶᠠᠨ ᠳᠤᠭᠲᠤᠶᠢᠯᠠᠭᠠᠳ | ᠵᠡᠭᠦᠨ ᠮᠥᠷᠥᠨ ᠳᠡᠭᠡᠨ ᠮᠡᠩᠭᠡ ᠲᠠᠢ ᠥᠬᠢᠨ ᠭᠡᠵᠦ ᠬᠠᠶ᠋ᠢᠭᠯᠠᠭᠠᠳ ᠁ ᠤᠷᠠᠴᠢᠬᠠᠯᠠ | ᠬᠠᠴᠠᠷ ᠲᠠᠭᠠᠨ ᠬᠠᠷᠢᠨ ᠰᠠᠨᠠᠭᠠᠨ ᠳᠤ ᠦᠭᠡᠢ ᠪᠠᠷ ᠪᠡᠭᠡ ᠬᠦᠷᠭᠡᠴᠢᠬᠡᠯ᠎ᠡ | ᠴᠢᠮᠠᠶᠢ ᠢᠷᠡᠭᠡᠳ ᠦᠨᠦᠰᠦᠭᠡᠳ ᠶᠠᠪᠤᠭᠰᠠᠨ ᠭᠡᠵᠦ ᠲᠥᠰᠥᠭᠡᠯᠡᠪᠡᠯ ᠪᠤᠯᠬᠤ ᠤᠤ | ᠬᠤᠨᠳᠠᠭ᠎ᠠ ᠲᠠᠢ ᠲᠠᠷᠠᠰᠤ ᠪᠠᠨ ᠡᠷᠭᠢᠬᠦ ᠵᠠᠭᠤᠷ᠎ᠠ ᠪᠠᠨ ᠠᠰᠬᠠᠴᠢᠬᠠᠭᠠᠳ | ᠴᠢᠮᠠᠶᠢ ᠦᠵᠦᠮ ᠲᠡᠭᠦᠬᠦ ᠪᠠᠷ ᠶᠠᠪᠤᠭᠰᠠᠨ ᠢ ᠲᠡᠷᠡᠬᠡᠨ ᠵᠠᠭᠤᠷ᠎ᠠ ᠰᠠᠨᠠᠴᠢᠬᠠᠯ᠎ᠠ | ᠴᠢᠨᠦ ᠡᠵᠡᠭᠦᠢ ᠳᠤ ᠨᠠᠮᠠᠶᠢ ᠲᠦᠷᠢᠮᠡᠬᠡᠶᠢᠯᠡᠨ ᠡᠵᠡᠯᠡᠭᠰᠡᠨ ᠭᠠᠭᠴᠠᠭᠠᠷᠳᠠᠯ ᠭᠡᠭᠴᠢ ᠶᠢ | ᠴᠢᠨᠦ ᠡᠷᠬᠡᠯᠡᠭᠦᠯᠳᠡᠭ ᠠᠯᠠᠭ ᠮᠤᠤᠷ ᠰᠢᠭ᠋ ᠥᠪᠡᠷ ᠲᠡᠭᠡᠨ ᠳᠠᠰᠬᠠᠴᠢᠬᠠᠯᠠ | ᠴᠢᠨᠦ ᠪᠠᠶᠢᠭ᠎ᠠ ᠡᠭᠦᠯᠡᠰ ᠤᠨ ᠴᠠᠭᠠᠨᠠᠬᠢ ᠨᠤᠲᠤᠭ ᠲᠤ ᠬᠦᠷᠬᠦ ᠵᠠᠮ ᠦᠭᠡᠢ ᠪᠣᠯᠬᠤᠷ | ᠴᠢᠨᠦ ᠮᠠᠷᠲᠠᠭᠰᠠᠨ ᠲᠣᠭᠤᠷᠤᠤ ᠲᠠᠢ ᠠᠯᠴᠢᠭᠤᠷ ᠢ ᠭᠤᠣᠯ ᠤᠨ ᠤᠰᠤᠨ ᠳᠤ ᠲᠡᠪᠢᠭᠦᠯᠴᠢᠭᠡᠯᠡ | ᠴᠢᠨᠦ ᠡᠵᠡᠭᠦᠢ ᠠᠮᠢᠳᠤᠷᠠᠯ ᠠᠴᠠ ᠥᠪᠡᠷ ᠢ ᠪᠠᠨ ᠲᠤᠰᠠᠭᠠᠷᠯᠠᠭᠰᠠᠨ ᠪᠣᠯᠬᠤᠷ | ᠴᠢᠨᠦ ᠤᠬᠢᠶᠠᠭᠠᠳ ᠡᠪᠬᠡᠭᠰᠡᠨ ᠴᠠᠭᠠᠨ ᠴᠠᠮᠴᠠ ᠮᠢᠨᠢ ᠴᠠᠭ ᠤᠨ ᠰᠠᠯᠬᠢᠨ ᠳᠤ ᠰᠢᠷᠠᠯᠠᠴᠢᠬᠠᠵᠠᠢ | | ᠁ | ᠮᠠᠨ ᠤ ᠭᠠᠯ ᠠᠶᠠᠨ ᠤ ᠬᠢᠨ ᠤ ᠪᠠᠳᠠᠢ ᠶᠢᠨ ᠵᠢᠷᠠᠨ ᠪᠠᠯᠭᠠᠰᠤᠨ ᠳᠤ ᠪᠣᠯᠤᠭᠰᠠᠨ ︽ᠨᠠᠶᠢᠷᠠᠭ ᠲᠠᠢ | ᠦᠳᠡᠰᠢ︾ ᠶᠢᠨ ᠰᠠᠯᠬᠢ ᠶᠢ ᠬᠠᠭᠠᠯᠵᠤ ᠨᠠ᠊ · ᠵᠠᠶᠠᠭᠠᠲᠤ ᠭᠡᠳᠡᠭ ᠵᠡᠭᠦᠨ ᠰᠥᠨᠢᠳ ᠤᠨ ᠵᠠᠯᠠᠭᠤ ᠰᠢᠯᠦᠭᠴᠢ ︽ | ᠵᠡᠭᠦᠨ ᠮᠥᠷᠥᠨ ᠳᠡᠭᠡᠨ ᠮᠡᠩᠭᠡ ᠲᠠᠢ︾ ᠥᠬᠢᠨ ᠳᠤ ᠳᠤᠷᠠᠯᠠᠭᠠᠳ᠂ ᠵᠡᠭᠦᠨ ᠰᠡᠷᠪᠡᠩ ᠳᠤ ᠲᠡᠷᠯᠡᠭᠰᠡᠨ ᠰᠢᠯᠦᠭ ᠢᠶᠠᠨ | ᠤᠩᠰᠢᠵᠤ ᠠᠯᠠᠱᠠ ᠪᠠᠷᠠᠭᠤᠨ ᠬᠤᠰᠢᠭᠤᠨ ᠤ ᠥᠬᠢᠳ ᠢ ᠡᠶᠢᠨ ᠬᠦ ᠪᠠᠶᠠᠷᠯᠠᠭᠤᠯᠤᠭᠰᠠᠨ ᠶᠤᠮ᠃ ᠵᠠᠶᠠᠭᠠᠲᠤ ᠶᠢ ᠮᠠᠨᠢ | ᠣᠶᠢᠷ᠎ᠠ ᠶᠢᠨ ᠵᠢᠯ ᠰᠢᠯᠦᠭ ᠢᠶᠠᠷ ᠨᠢ ᠠᠷᠤ ᠬᠠᠯᠬ᠎ᠠ᠂ ᠥᠪᠥᠷ ᠮᠣᠩᠭᠤᠯ ᠪᠦᠭᠦᠳᠡ ᠰᠠᠶᠢᠨ ᠲᠠᠨᠢᠳᠠᠭ ᠪᠣᠯᠤᠭᠰᠠᠨ | ᠪᠠᠶᠢᠯ᠎ᠠ᠃ ᠶᠠᠭᠤᠮ᠎ᠠ ᠶᠢ ᠰᠠᠶᠢᠬᠠᠨ ᠭᠦᠢᠴᠡᠭᠡᠵᠦ᠂ ᠪᠤᠳᠤᠵᠤ ᠪᠢᠴᠢᠳᠡᠭ ᠳᠡᠭᠦᠦ ᠶᠢᠨ ᠨᠢᠭᠡ ᠨᠢ᠃ ᠬᠠᠯᠲᠤ | ᠬᠠᠷᠠᠬᠤ ᠳᠤ ᠷᠢᠨᠴᠢᠨ ᠤ ᠴᠣᠶᠢᠨᠣᠮ ᠰᠢᠭ᠋ ᠰᠠᠷᠬᠤᠳ ᠰᠢᠯᠦᠭ ᠬᠤᠶᠠᠷ ᠲᠤ ᠠᠷᠠᠢ ᠣᠶᠢᠷ᠎ᠠ ᠶᠠᠪᠤᠭ᠎ᠠ ᠶᠤᠮ ᠰᠢᠭ᠋ | ᠬᠠᠷᠠᠭᠳᠠᠭᠰᠠᠨ ᠴᠤ ᠬᠠᠯᠠᠮᠴᠠᠭᠤ ᠪᠠᠶᠢᠬᠤ ᠳᠠᠭᠠᠨ ᠬᠡᠯᠡᠭᠰᠡᠨ ᠦᠭᠡ ᠨᠢ ᠨᠠᠳᠠ ᠳᠤ ᠵᠢᠩᠬᠢᠨᠢ ᠰᠢᠯᠦᠭ ᠲᠡᠷᠯᠡᠳᠡᠭ | ᠬᠥᠮᠥᠰ ᠡᠶᠢᠮᠦ ᠯᠡ ᠪᠠᠶᠢᠬᠤ ᠶᠣᠰᠣᠲᠠᠢ ᠶᠤᠮ ᠰᠢᠭ᠋ ᠰᠠᠨᠠᠭᠳᠠᠳᠠᠭ᠃ ᠲᠡᠷᠡ ᠨᠠᠮᠠᠶᠢ ᠡ᠊ᠩᠭᠡᠬᠠᠳᠠ ᠠᠬ᠎ᠠ ᠭᠡᠵᠦ | ᠬᠦᠨᠳᠦᠳᠬᠡᠳᠡᠭ ᠲᠤᠨᠢ ᠪᠢᠰᠢ᠂ ᠡᠳᠦᠭᠡ ᠲᠡᠭᠦᠨ ᠰᠢᠭ ᠪᠠᠶᠢᠭ᠎ᠠ ᠪᠠᠷ ᠨᠢ ᠪᠠᠶᠢᠭ᠎ᠠ ᠤᠷᠠᠨ ᠪᠦᠲᠦᠭᠡᠯᠴᠢ | ᠴᠥᠭᠡᠷᠡᠭᠰᠡᠨ ᠲᠠᠢ ᠯᠡ ᠬᠤᠯᠪᠣᠭᠠᠲᠠᠢ ᠪᠠᠶᠢᠬ᠎ᠠ᠃ | ᠭᠠᠯ ᠤᠨ ᠬᠢᠨ ᠡᠵᠡᠨ᠎ᠡ ᠬᠤᠰᠢᠭᠤᠨ ᠤ ᠳᠠᠯᠠᠶᠢᠬᠦ᠋ᠪ ᠪᠠᠯᠭᠠᠰᠤᠨ ᠳᠤ ᠢᠷᠡᠴᠢᠬᠡᠭᠡᠳ ᠬᠠᠰᠢᠶᠠᠯᠠᠨ | ᠰᠠᠭᠠᠵᠤ ᠪᠠᠶᠢᠭ᠎ᠠ ᠲᠡᠮᠡᠭᠡᠨ ᠰᠠᠭᠠᠯᠢ ᠶᠢᠨ ᠦᠢᠯᠡᠰ ᠢ ᠲᠣᠭᠤᠷᠢᠨ ᠦᠵᠡᠬᠦ ᠪᠠᠷ ᠣᠴᠢᠯ᠎ᠠ᠃ ᠢᠩᠭᠡ ᠶᠢ ᠮᠠᠰᠢᠨ ᠢᠶᠠᠷ | ᠰᠠᠭᠠᠵᠤ ᠰᠦ ᠨᠢ ᠵᠠᠷᠢᠮ ᠳᠠᠭᠠᠨ ᠴᠢᠰᠤ ᠲᠠᠢ ᠪᠠᠶᠢᠳᠠᠭ ᠭᠡᠰᠡᠨ ᠮᠡᠳᠡᠭᠡ ᠶᠢ ᠰᠣᠨᠣᠰᠤᠭᠰᠠᠨ ᠠᠴᠠ ᠬᠤᠶᠢᠰᠢ ᠮᠢᠨᠤ | ᠪᠡᠶ᠎ᠡ ᠡᠶᠢᠮᠦ ᠭᠠᠵᠠᠷ ᠢᠷᠡᠬᠦ ᠠᠴᠠ ᠰᠡᠳᠬᠢᠯ ᠲᠦᠪᠳᠡᠳᠡᠭ ᠦᠭᠡᠢ ᠪᠣᠯᠬᠤᠷ ᠦᠢᠯᠡᠳᠪᠦᠷᠢ ᠶᠢᠨ ᠡᠭᠦᠳᠡᠨ ᠳᠠᠬᠢ | ᠮᠠᠨᠠᠭᠠᠨ ᠤ ᠭᠡᠷ ᠤᠨ ᠰᠡᠭᠦᠳᠡᠷ ᠲᠠᠬᠢ ᠪᠠᠯᠪᠠᠷᠬᠠᠢ ᠰᠠᠨᠳᠠᠯᠢ ᠳᠡᠭᠡᠷ᠎ᠡ ᠵᠠᠶᠠᠭᠠᠲᠤ ᠳᠡᠭᠦᠦ ᠲᠠᠢ ᠪᠠᠨ ᠰᠢᠷ᠎ᠠ ᠠᠶᠢᠷᠠᠭ | ᠵᠠᠯᠭᠢᠯᠠᠵᠤ ᠰᠠᠭᠤᠯ᠎ᠠ᠃ ᠮᠠᠨ ᠤ ᠬᠥᠮᠥᠨ ᠨᠡᠯᠢᠶᠡᠳ ᠰᠢᠷᠠᠳᠠᠬᠰᠠᠨ ᠪᠠᠶᠢᠳᠠᠯ ᠲᠠᠢ᠃ ᠲᠡᠷᠡ ᠪᠠᠷ ︽ᠠᠯᠠᠱᠠ ᠶᠢ ᠪᠢ | ᠠᠭᠤᠳᠠᠮ ᠠᠭᠤᠳᠠᠮ ᠭᠡᠰᠡᠨ ᠴᠢᠨᠢ ᠨᠢᠭᠡ ᠯᠠᠵᠠ ᠰᠢᠷ᠎ᠠ ᠠᠶᠢᠷᠠᠭ ᠵᠠᠯᠭᠢᠯᠠᠵᠤ ᠪᠠᠷᠠᠭ᠎ᠠ ᠦᠭᠡᠢ ᠪᠠᠶᠢᠲᠠᠯ᠎ᠠ ᠨᠢᠭᠡ | ᠦᠷᠳᠡᠭᠡ ᠬᠦᠷᠴᠢᠬᠡᠬᠦ ᠶᠤᠮ︾ ᠭᠡᠵᠦ ᠨᠠᠮᠠᠶᠢ ᠱᠣᠣᠯᠠᠪᠠ᠃ ᠤᠤᠭᠤᠵᠤ ᠪᠠᠶᠢᠭ᠎ᠠ ᠠᠶᠢᠷᠠᠭ ᠨᠢ ᠬᠤᠯᠠᠳᠠᠭᠠᠳ | ᠪᠠᠶᠢᠭ᠎ᠠ ᠶᠢ ᠠᠭᠤᠳᠠᠮ ᠠᠴᠠ ᠠᠭᠤᠳᠠᠮ ᠨᠤᠲᠤᠭ ᠠᠯᠠᠱᠠ ᠪᠠᠷ ᠵᠦᠢᠷᠯᠡᠬᠦ ᠭᠡᠭᠴᠢ ᠠᠪᠢᠶᠠᠰᠲᠠᠨ ᠤ ᠯᠡ ᠠᠪᠲᠠᠯ ᠪᠢᠵᠡ⁈ | ᠢᠩᠭᠢᠵᠦ ᠪᠠᠶᠢᠲᠠᠯ᠎ᠠ ︽ᠬᠠᠨᠠᠷᠠᠭᠰᠠᠨ ᠲᠡᠮᠡᠭᠡ ᠲᠠᠢ ᠰᠥᠨᠢᠳ ᠤᠨ ᠬᠢᠨ ᠬᠠᠨ ᠲᠡᠭᠷᠢ ᠠᠯᠠᠱᠠ ᠳᠤ ᠢᠷᠡᠭᠡᠳ | ᠬᠠᠰᠢᠶᠠᠯᠠᠭᠰᠠᠨ ᠲᠡᠮᠡᠭᠡ ᠦᠵᠡᠬᠦ ᠪᠠᠷ ᠶᠠᠭᠠᠷᠠᠬᠤ ᠶᠤᠮ︾ ᠭᠡᠵᠦ ᠰᠥᠨᠢᠳ ᠤᠨ ᠬᠢᠨ ᠢᠶᠠᠨ ᠱᠣᠣᠯᠠᠬᠤ | ᠰᠢᠭᠦᠮᠵᠢᠯᠡᠬᠦ ᠶᠢᠨ ᠳᠤᠮᠳᠠᠭᠤᠷ ᠭᠤᠶᠠᠳᠠᠵᠤ ᠠᠮᠵᠢᠪᠠ᠃ ᠢᠷᠠᠭᠤ ᠨᠠᠶᠢᠷᠠᠭᠴᠢ ᠶᠢᠨ ᠯᠡ ᠠᠷᠠᠨᠰᠢᠨ ᠡᠶᠢᠮᠦ ᠪᠢᠵᠡ᠃ | ᠪᠠᠲᠤᠴᠡᠩᠭᠡᠯ᠂ ᠨᠡ᠊ · ᠵᠠᠶᠠᠭᠠᠲᠤ᠂ ᠠᠯᠲᠠᠨᠴᠢᠯᠠᠭᠤ ᠭᠤᠷᠪᠠᠨ ᠰᠠᠶᠢᠬᠠᠨ ᠭᠢᠯᠠᠯᠵᠠᠭᠰᠠᠨ ᠵᠠᠯᠠᠭᠤ ᠤᠷᠠᠨ | ᠪᠦᠲᠦᠭᠡᠯᠴᠢ ᠳᠡᠭᠦᠦ ᠲᠠᠢ ᠪᠠᠨ ᠡᠵᠡᠨ᠎ᠡ ᠬᠤᠰᠢᠭᠤᠨ ᠤ ᠮᠦᠽᠧᠢ ᠪᠠᠷ ᠲᠣᠭᠤᠷᠢᠵᠤ ᠪᠠᠶᠢᠭᠠᠳ ᠵᠢᠦᠢ ᠶᠠᠨ ᠢ ᠵᠣᠷᠢᠵᠤ | ᠢᠷᠡᠭᠰᠡᠨ ᠲᠠᠩ ᠤᠯᠤᠰ ᠤᠨ ᠶᠡᠭᠡ ᠰᠢᠯᠦᠭᠴᠢ ᠸᠠᠩ ᠸᠧᠢ ᠶᠢᠨ ᠠᠯᠤᠰ ᠤᠨ ᠬᠢᠵᠠᠭᠠᠷ ᠤᠷᠤᠭᠤ ᠭᠠᠷ ᠲᠠᠶᠠᠯᠠᠨ | ᠲᠡᠷᠢᠭᠦᠨ ᠭᠤᠳᠤᠶᠢᠯᠭᠠᠨ ᠵᠣᠭᠰᠤᠭ᠎ᠠ ᠱᠤᠭᠤᠮᠠᠯ ᠤᠨ ᠬᠢᠨᠢ ᠡᠮᠦᠨ᠎ᠡ ᠳᠤᠷᠠᠰᠬᠠᠯ ᠤᠨ ᠵᠢᠷᠤᠭ ᠠᠪᠬᠠᠭᠤᠯᠬᠤ ᠭᠱᠠᠨ᠎ᠠ | ᠰᠡᠳᠬᠢᠯ ᠳᠤ ᠶᠠᠭᠤ ᠨᠢᠭᠡ ᠤᠷᠭᠤᠬᠤ ᠰᠢᠭ᠋ ᠪᠣᠯᠪᠠ᠃ ᠸᠠᠩ ᠸᠧᠢ ᠭᠤᠸᠠᠢ᠄ | ︽ᠬᠠᠩᠭᠠᠢ ᠲᠡᠷᠭᠡ ᠪᠠᠷ ᠬᠢᠯᠢ ᠶᠢᠨ ᠤᠪᠤᠭᠠᠨᠠ ᠣᠴᠢᠬᠤᠶᠠ | ᠬᠠᠷᠢᠶᠠᠲᠤ ᠤᠯᠤᠰ ᠭᠠᠰᠢᠭᠤᠨ ᠨᠠᠭᠤᠷ ᠢᠶᠠᠷ ᠲᠠᠭᠠᠷᠢᠪᠠ | ᠦᠮᠭᠦᠷᠢᠭᠦ ᠬᠠᠮᠬᠤᠤᠯ ᠬᠠᠨ ᠤ ᠬᠢᠯᠢ ᠠᠴᠠ ᠭᠠᠷᠴᠤ | ᠪᠤᠴᠠᠬᠤ ᠭᠠᠯᠠᠭᠤ ᠬᠤ᠋ ᠶᠢᠨ ᠲᠡᠭᠷᠢ ᠳᠤ ᠣᠷᠣᠪᠠ | ᠶᠡᠭᠡ ᠡᠯᠡᠰᠦᠨ᠎ᠡ ᠥᠨᠥᠴᠢᠨ ᠤᠳᠤᠭ᠎ᠠ ᠡᠭᠴᠡ | ᠤᠷᠳᠤ ᠭᠤᠣᠯ ᠤᠨ ᠰᠢᠩᠭᠡᠬᠦ ᠨᠠᠷᠠᠨ ᠲᠥᠭᠦᠷᠢᠭ | ᠬᠠᠷᠠᠭᠤᠯ ᠤᠨ ᠴᠡᠷᠢᠭ ᠲᠠᠢ ᠰᠢᠶᠦᠦᠭᠤᠸᠠᠨ ᠪᠤᠭᠤᠮᠳᠠᠨ᠎ᠠ ᠤᠴᠠᠷᠠᠬᠤᠶᠠ | ᠬᠠᠩᠭᠠᠢ ᠠᠭᠤᠯᠠᠨ᠎ᠠ ᠴᠠᠭᠳᠠᠭᠤᠯ ᠤᠨ ᠳᠠᠷᠤᠭ᠎ᠠ ᠠᠮᠣᠢ︾ ᠬᠡᠮᠡᠬᠦ | ︽ᠬᠢᠯᠢ ᠶᠢᠨ ᠪᠣᠭᠤᠮᠲᠠ ᠳᠤᠷ ᠡᠯᠴᠢᠯᠡᠭᠰᠡᠨ︾ ᠰᠢᠯᠦᠭ ᠢᠶᠠᠨ ᠪᠢᠴᠢᠵᠦ ᠮᠣᠩᠭᠤᠯ ᠨᠤᠲᠤᠭ ᠢ | ᠪᠠᠭ᠋ᠠᠷᠬᠠᠵᠤ ᠪᠠᠶᠢᠭᠰᠠᠨ ᠪᠣᠯ ᠮᠠᠨ ᠤ ᠭᠤᠷᠪᠠᠨ ᠵᠠᠯᠠᠭᠤ ᠶᠢᠨ ᠦᠵᠦᠭ ᠤᠨ ᠳᠣᠣᠷ᠎ᠠ ᠠᠴᠠ ᠢᠷᠡᠬᠦ ᠮᠠᠷᠭᠠᠰᠢ | ᠡᠭᠦᠨ ᠠᠴᠠ ᠰᠠᠶᠢᠨ ᠪᠦᠲᠦᠭᠡᠯ ᠲᠦᠷᠦᠭᠦ ᠰᠤᠪᠢᠩ ᠡᠷᠬᠡ ᠦᠭᠡᠢ ᠮᠡᠳᠡᠷᠡᠭᠳᠡᠭᠰᠡᠨ ᠶᠤᠮ᠃ | ᠣᠶᠤᠨᠴᠡᠴᠡᠭ ᠭᠡᠳᠡᠭ ᠪᠠᠭᠰᠢ ᠶᠢᠨ ᠠᠯᠪᠠ ᠲᠠᠢ ᠬᠥᠪᠡᠭᠡᠲᠦ ᠰᠢᠷ᠎ᠠ ᠬᠤᠰᠢᠭᠤᠨ ᠤ ᠪᠤᠨᠲᠣᠭᠤᠷ ᠪᠣᠷᠣ | ᠪᠦᠰᠡᠭᠦᠢ ᠲᠠᠭᠤ ᠱᠤᠤ ᠴᠥᠭᠡᠨ ᠲᠠᠢ ᠴᠤ ᠰᠢᠯᠦᠭ ᠢᠶᠠᠷ ᠶᠠᠷᠢᠳᠠᠭ ᠬᠥᠮᠥᠰ ᠤᠨ ᠳᠤᠮᠳᠠ ᠬᠡᠳᠦᠨ ᠤᠳᠠᠭ᠎ᠠ ᠰᠢᠯᠦᠭ | ᠤᠩᠰᠢᠬᠤ ᠭᠡᠳ ᠲᠡᠭᠦᠨ ᠳᠤ ᠲᠤᠭᠢᠶᠠᠯ ᠣᠯᠭᠤᠭᠰᠠᠨ ᠦᠭᠡᠢ ᠪᠣᠯᠬᠤᠷ ᠳᠠᠯᠠᠶᠢᠬᠦ᠋ᠪ ᠲᠤ ᠪᠣᠯᠤᠭᠰᠠᠨ ᠢᠯᠠᠯᠲᠠ | ᠭᠤᠸᠠᠢ ᠶᠢᠨ ᠴᠠᠶᠢᠯᠠᠯᠭ᠎ᠠ ᠳᠡᠭᠡᠷ᠎ᠡ ︽ᠪᠢ ᠠᠯᠠᠱᠠ ᠳᠤ ᠪᠤᠶᠠᠨᠪᠠᠲᠤ᠂ ᠡ᠊ᠩᠭᠡᠬᠠᠳᠠ ᠬᠤᠶᠠᠷ ᠪᠠᠭᠰᠢ ᠲᠠᠢ | ᠠᠭᠤᠯᠵᠠᠬᠤ ᠪᠠᠷ ᠢᠷᠡᠭᠰᠡᠨ ᠶᠤᠮ᠃ ᠬᠠᠷᠢᠨ ᠪᠤᠶᠠᠨᠪᠠᠲᠤ ᠭᠤᠸᠠᠢ ᠰᠢᠵᠢᠷ ᠨᠠᠮᠤᠷ ᠤᠨ ᠰᠢᠯᠦᠭ ᠤᠨ ᠨᠠᠶᠢᠷ ᠲᠤ | ᠰᠢᠷᠠᠳᠠᠭᠠᠳ ᠢᠷᠡᠭᠡ ᠦᠭᠡᠢ ᠪᠠᠶᠢᠨ᠎ᠠ︾ ᠬᠡᠮᠡᠨ ᠬᠠᠷᠠᠮᠰᠠᠯ ᠢᠶᠠᠨ ᠪᠠᠭ᠎ᠠ ᠵᠡᠷᠭᠡ ᠨᠢᠭᠤᠴᠢᠬᠠᠭᠠᠳ ᠯ᠊ · ᠣᠳᠽᠡᠷ ᠤᠨ | ︽ᠳᠡᠯᠭᠡᠷ ᠽᠠᠨᠳᠠᠨ ᠮᠣᠳᠣ︾᠂ ᠲᠠᠩᠭᠤᠳ ᠤᠨ ᠭᠠᠯᠰᠠᠩ ᠤᠨ ︽ᠮᠣᠩᠭᠤᠯ ᠬᠥᠮᠥᠨ ᠤ ᠵᠢᠷᠦᠬᠡᠨ ᠤ ᠪᠢᠴᠢᠭᠡᠰᠦ︾ | ᠰᠢᠯᠦᠭ ᠢ ᠤᠶᠠᠩᠭᠠᠯᠠᠵᠤ᠂ ᠬᠤᠷᠠᠭᠰᠠᠨ ᠤᠯᠠᠨ ᠤ ᠨᠢᠳᠦ ᠶᠢ ᠵᠠᠶᠢᠷᠲᠤᠭᠤᠯᠵᠤ᠂ ᠵᠢᠷᠦᠬᠡ ᠶᠢ ᠤᠬᠰᠢᠭᠠᠵᠤ ᠪᠢᠯᠡ᠃ | ᠳᠡᠭᠡᠳᠦᠰ ᠤᠨ ᠮᠢᠨᠢ ᠳᠠᠷᠢᠭᠰᠠᠨ ᠳᠡᠯᠭᠡᠷ ᠽᠠᠨᠳᠠᠨ ᠮᠣᠳᠣᠨ ᠤ ᠮᠢᠩᠭ᠎ᠠ ᠲᠦᠮᠡᠨ ᠰᠠᠯᠠᠭ᠎ᠠ ᠨᠠᠮᠠᠭ᠎ᠠ ᠪᠣᠯᠵᠤ ᠪᠢᠳᠠ | ᠥᠨᠥᠳᠥᠷ ᠲᠦᠷᠦ ᠳᠤ ᠴᠠᠢ ᠲᠠᠢ᠂ ᠲᠡᠦᠬᠡᠨ ᠳᠤ ᠵᠠᠢ ᠲᠠᠢ ᠵᠣᠭᠰᠣᠵᠤ ᠴᠢᠳᠠᠭ᠎ᠠ ᠪᠣᠯᠪᠠ ᠤᠤ⁈ ᠵᠢᠷᠦᠬᠡᠨ ᠳᠡᠭᠡᠨ | ᠪᠢᠴᠢᠭᠡᠰᠦ ᠲᠠᠢ ᠳᠡᠯᠭᠡᠷ ᠽᠠᠨᠳᠠᠨ ᠮᠣᠳᠣ ᠰᠢᠭ᠋ ᠶᠠᠪᠤᠵᠤ ᠴᠢᠳᠠᠭ᠎ᠠ ᠨᠢ ᠭᠡᠳᠦ ᠪᠣᠯ ᠳ᠋ᠠ⁈ | ᠮᠠᠨ ᠤ ᠭᠠᠯ ᠠᠶᠠᠨ ᠠᠯᠳᠠᠨ ᠲᠤᠤᠷᠠᠶᠢᠳᠤ ᠡᠵᠡᠨ᠎ᠡ ᠨᠤᠲᠤᠭ ᠤᠷᠤᠭᠤ ᠠᠶᠠᠯᠠᠵᠤ ᠪᠠᠶᠢᠬᠤ ᠳᠤ ᠪᠤᠭᠤᠲᠤ | ᠬᠤᠳᠠ ᠶᠢᠨ ᠲᠠᠷᠬᠠᠨ ᠮᠤᠤᠮᠢᠩᠭᠠᠨ ᠳᠤ ᠤᠳᠠᠯ ᠦᠭᠡᠢ ︽ᠠᠶᠢᠪᠠᠭ᠎ᠠ ᠶᠢᠨ ᠤᠶᠠᠩᠭ᠎ᠠ︾ ᠰᠢᠯᠦᠭ ᠤᠨ ᠨᠠᠭᠠᠳᠤᠮ | ᠪᠤᠯᠬᠤ ᠭᠡᠵᠦ᠂ ᠨᠢᠭᠡᠨᠲᠡ ᠶᠡᠭᠡ ᠨᠠᠭᠠᠳᠤᠮ ᠤᠨ ᠡᠴᠦᠰ ᠤᠨ ᠰᠢᠢᠳᠪᠦᠷᠢᠲᠦ ᠮᠥᠷᠥᠶᠢᠴᠡᠭᠡᠨ ᠤ ᠪᠢᠯᠧᠲ ᠣᠯᠣᠭᠰᠠᠨ | ᠭᠠᠯ ᠠᠶᠠᠨ ᠳᠤ ᠮᠠᠨᠢ ᠶᠠᠪᠤᠵᠤ ᠪᠠᠶᠢᠭ᠎ᠠ ᠥᠯᠵᠡᠶᠢᠨᠠᠷᠠᠨ᠂ ᠪᠢᠯᠢᠭᠪᠡᠭᠠᠲᠤᠷ᠂ ᠲ᠊ · ᠰᠡᠴᠡᠨᠬᠤᠸᠠᠷ ᠭᠤᠷᠪᠠᠨ ᠵᠠᠯᠠᠭᠤ | ᠰᠢᠯᠦᠭᠴᠢ ᠮᠠᠨᠢ᠂ ᠠᠯᠠᠱᠠ ᠨᠤᠲᠤᠭ ᠤᠨ ᠥᠪᠡᠷᠮᠢᠴᠡ ᠰᠣᠳᠣᠨ ᠪᠠᠶᠢᠭᠠᠯᠢ᠂ ᠬᠥᠮᠥᠨ ᠠᠷᠠᠳ ᠤᠨ ᠬᠢᠨᠢ ᠥᠭᠭᠢᠶᠡᠮᠦᠷ | ᠬᠠᠯᠠᠭᠤᠨ ᠰᠡᠳᠬᠢᠯ ᠳᠤ ᠬᠤᠷᠭᠤᠳᠠᠵᠤ ᠪᠠᠶᠢᠭᠰᠠᠨ ᠴᠤ ᠮᠣᠩᠭᠤᠯ ᠨᠤᠲᠤᠭ ᠲᠤ ᠮᠢᠨᠢ ᠪᠤᠯᠳᠠᠭ ᠴᠥᠭᠡᠨ ᠬᠡᠳᠦᠨ | ᠴᠢᠬᠡᠴᠢ ᠰᠢᠳᠤᠷᠭᠤ ᠰᠢᠯᠦᠭ ᠤᠨ ᠨᠠᠭᠠᠳᠤᠮ ᠢ ᠵᠣᠬᠢᠶᠠᠨ ᠪᠠᠶᠢᠭᠤᠯᠵᠤ ᠪᠠᠶᠢᠭ᠎ᠠ ᠬᠥᠮᠥᠰ ᠲᠡᠭᠡᠨ ᠬᠠᠷᠢᠭᠤᠴᠠᠬᠤ ᠶᠢᠨ | ᠡᠭᠦᠳᠡᠨ ᠠᠴᠠ ᠡᠵᠡᠨ᠎ᠡ ᠠᠴᠠ ᠤᠨᠤᠭ᠎ᠠ ᠬᠥᠯᠥᠰᠦᠯᠡᠨ ᠲᠠᠷᠬᠠᠨ ᠮᠤᠤᠮᠢᠩᠭᠠᠨ ᠤᠷᠤᠭᠤ ᠳᠠᠪᠬᠢᠭᠤᠯᠤᠭᠰᠠᠨ ᠶᠤᠮ᠃ | ᠬᠥᠯᠥᠰᠦᠯᠡᠭᠰᠡᠨ ᠮᠠᠰᠢᠨ ᠤ ᠡᠵᠡᠨ ᠨᠢ ᠬᠥᠭᠡᠷᠦᠬᠦᠢ ᠲᠡᠷᠡ ᠭᠡᠳᠦ ᠶᠢ ᠦᠭᠡ ᠪᠠᠷ ᠲᠣᠭᠯᠠᠳᠠᠭ ᠥᠨᠳᠥᠷ ᠵᠠᠶᠠᠭ᠎ᠠ ᠲᠠᠢ | ᠢᠷᠠᠭᠤ ᠨᠠᠶᠢᠷᠠᠭᠴᠢᠳ ᠭᠡᠵᠦ ᠮᠡᠳᠡᠭᠰᠡᠨ ᠦᠭᠡᠢ ᠯᠡ ᠪᠤᠯᠤᠯᠳᠠᠢ᠂ ᠨᠢᠭᠡ ᠶᠢ ᠨᠢ ᠴᠢᠮᠪᠠᠢ ᠪᠣᠭᠤᠯᠲᠠ ᠲᠠᠢ ᠴᠡᠪᠡᠷ | ᠤᠰᠤᠨ ᠤ ᠰᠠᠪᠠᠨ ᠳᠡᠭᠡᠷ᠎ᠡ ᠰᠠᠭᠤᠯᠭᠠᠵᠤ᠂ ᠪᠠᠰᠠ ᠨᠢᠭᠡ ᠶᠢ ᠨᠢ ᠲᠡᠮᠦᠷ ᠰᠠᠭᠤᠳᠠᠯ ᠳᠡᠭᠡᠷ᠎ᠡ ᠲᠣᠬᠢᠷᠠᠭᠤᠯᠵᠠᠢ᠃ | ᠡᠭᠦᠨ ᠢ ᠲᠡᠳᠡ ᠶᠠᠭᠠᠬᠢᠨ ᠵᠦᠭᠡᠷ ᠥᠩᠭᠡᠷᠡᠭᠦᠯᠵᠦ ᠴᠢᠳᠠᠬᠤ ᠪᠢᠯᠡ ᠳ᠋ᠧ᠃ ᠤᠷᠳᠤ ᠵᠠᠮ ᠤᠨ ᠠᠶᠠᠨ ᠳᠤ ᠣᠨᠢᠭ᠎ᠠ | ᠵᠣᠬᠢᠶᠠᠵᠤ ᠨᠢᠭᠡ ᠨᠢᠭᠡᠨ ᠤ ᠪᠠᠨ ᠠᠶᠠᠨ ᠤ ᠶᠠᠳᠠᠷᠠᠭ᠎ᠠ ᠶᠢ ᠲᠠᠶᠢᠯᠤᠭᠰᠠᠨ ᠢ ᠨᠢ ᠰᠡᠶᠢᠷᠡᠭᠦᠯᠪᠡᠯ᠄ ︽ᠥᠯᠵᠡᠶᠢᠨᠠᠷᠠᠨ ᠢ | ᠤᠰᠤᠨ ᠳᠡᠭᠡᠷ᠎ᠡ ᠰᠠᠭᠤᠵᠤ ᠤᠷᠤᠯᠳᠤᠭᠠᠨ ᠳᠤ ᠶᠠᠪᠤᠨ᠎ᠠ ᠭᠡᠳᠡᠭ ᠢ ᠨᠢ ᠤᠷᠢᠳᠤ ᠶᠡᠷᠦ ᠨᠢ ᠵᠡᠭᠦᠳᠦᠯᠡᠭᠡ ᠦᠭᠡᠢ ᠶᠤᠮ | ᠳ᠋ᠠ︾ ᠭᠡᠵᠦ ᠶᠠᠪᠤᠭᠤᠯᠬᠤ ᠳᠤ᠂ ︽ᠲ᠊ · ᠰᠡᠴᠡᠨᠬᠤᠸᠠᠷ ᠳᠡᠭᠦᠦ ᠮᠢᠨᠢ ᠲᠡᠮᠦᠷ ᠰᠠᠨᠳᠠᠯᠢ ᠳᠡᠭᠡᠷ᠎ᠡ ᠰᠠᠭᠤᠵᠤ | ᠮᠢᠩᠭᠠᠨ ᠤ ᠭᠠᠵᠠᠷ ᠠᠶᠠᠯᠠᠬᠤ ᠪᠠᠨ ᠮᠡᠳᠡᠭᠰᠡᠨ ᠪᠣᠯ ᠲᠠᠷᠬᠠᠨ ᠤ ᠤᠷᠤᠯᠳᠤᠭᠠᠨ ᠳᠤ ᠰᠢᠯᠦᠭ ᠶᠠᠭᠤᠨ ᠳᠠᠭᠠᠨ ᠪᠢᠴᠢᠯ᠎ᠡ | ︾ ᠬᠡᠮᠡᠨ ᠬᠠᠷᠢᠭᠤ ᠪᠠᠷᠢᠬᠤ ᠪᠠᠨ ᠮᠠᠷᠲᠠᠭᠰᠠᠨ ᠦᠭᠡᠢ ᠃ ᠬᠠᠷᠢᠨ ᠪᠡᠶ᠎ᠡ ᠪᠢᠯᠢᠭ ᠬᠤᠶᠠᠷ ᠢᠶᠠᠷ ᠢᠶᠠᠨ ᠲᠣᠮᠣ | ᠪᠢᠯᠢᠭᠪᠡᠭᠠᠲᠤᠷ ᠵᠢᠯᠣᠭᠤᠴᠢ ᠶᠢᠨ ᠳᠡᠷᠭᠡᠳᠡᠬᠢ ᠵᠥᠭᠡᠯᠡᠨ ᠰᠠᠭᠤᠳᠠᠯ ᠳᠡᠭᠡᠷ᠎ᠡ ᠶᠡᠬᠡᠮᠰᠦᠭ ᠰᠠᠭᠠᠲᠠᠵᠤ ᠢᠷᠪᠠᠶᠢᠵᠤ | ᠪᠠᠶᠢᠭᠠᠳ ᠰᠡᠴᠡᠨᠬᠤᠸᠠᠷ ᠤᠨ ᠪᠠᠳᠠᠢ ᠨᠠᠭᠤᠷ ᠤᠨ ᠡᠯᠡᠰᠦᠨ ᠴᠣᠬᠢᠶᠠᠨ ᠤ ᠡ᠊ᠩᠭᠡᠷ ᠲᠤ ᠨᠠᠷᠠ ᠡᠭᠡᠭᠡᠵᠦ | ᠲᠠᠲᠠᠭᠤᠯᠤᠭᠰᠠᠨ ᠵᠢᠷᠤᠭ ᠢ ᠪᠦᠷ ᠭᠠᠯ ᠠᠶᠠᠨ ᠤ ᠴᠤᠭᠯᠠᠷᠠᠯ ᠤᠨ ᠲᠠᠪᠴᠠᠩ ᠳᠡᠭᠡᠷ᠎ᠡ ᠲᠠᠯᠪᠢᠬᠤ ᠳᠠᠭᠠᠨ ᠬᠠᠵᠠᠭᠤ | ᠳᠤᠨᠢ ︽ᠠᠯᠠᠱᠠ ᠳᠤ ᠢᠷᠡᠭᠡᠳ ᠠᠭᠠᠯᠵᠢ ᠪᠣᠯᠵᠠᠢ᠂ ᠠᠶᠢᠪᠠᠭ᠎ᠠ ᠳᠤ ᠣᠴᠢᠭᠠᠳ ᠶᠠᠭᠤ ᠪᠤᠯᠬᠤ ᠪᠣᠯ ᠳ᠋ᠠ︖︾ | ᠬᠡᠮᠡᠨ ᠪᠠᠬ᠎ᠠ ᠪᠠᠨ ᠬᠠᠨᠲᠠᠯ᠎ᠠ ᠪᠠᠷᠢᠵᠤ ᠱᠣᠣᠯᠠᠵᠠᠢ᠃ ᠰᠠᠶᠢᠨ ᠤᠷᠠᠨ ᠪᠦᠲᠦᠭᠡᠯᠴᠢ᠂ ᠰᠠᠶᠢᠨ ᠢᠷᠠᠭᠤ ᠨᠠᠶᠢᠷᠠᠭᠴᠢ | ᠭᠡᠭᠴᠢ ᠦᠭᠡ ᠬᠡᠮᠡᠬᠦ ᠲᠣᠷᠭᠠᠨ ᠤᠲᠠᠰᠤ ᠪᠠᠷ ᠣᠷᠴᠢᠯᠠᠩ ᠬᠡᠮᠡᠬᠦ ᠲᠣᠣᠷ ᠨᠡᠬᠡᠵᠦ ᠶᠠᠪᠤᠭ᠎ᠠ ︽ᠤᠷᠠᠯᠢᠭ ᠤᠨ | ᠠᠭᠠᠯᠵᠢ ᠤᠳ︾ ᠰᠢᠦ᠃ ᠲᠦᠩᠭᠡᠳᠦ ᠶᠢᠨ ᠴᠤᠤᠳᠠᠯ ᠭᠤᠸᠠᠢ ᠨᠢᠭᠡ ᠤᠳᠠᠭ᠎ᠠ ︽ᠮᠣᠩᠭᠤᠯᠴᠤᠳ ᠣᠨᠢᠭ᠎ᠠ ᠦᠭᠡᠢ | ᠪᠠᠷ ᠠᠮᠢᠳᠤᠷᠠᠵᠤ ᠪᠤᠯᠳᠠᠭ ᠶᠤᠮ ᠤᠤ ︖︾ ᠭᠡᠵᠦ ᠬᠡᠯᠡᠭᠰᠡᠨ ᠭᠡᠳᠡᠭ᠃ ᠤᠬᠠᠭᠠᠨ ᠪᠢᠯᠢᠭᠲᠦ ᠠᠷᠠᠳ ᠲᠦᠮᠡᠨ ᠤ | ᠮᠢᠨᠢ ᠴᠡᠴᠡ ᠶᠢᠨ ᠨᠢᠭᠡ ᠨᠢ ᠣᠨᠢᠭ᠎ᠠ ᠪᠢᠵᠡ᠃ ᠲᠡᠳᠡ ᠭᠤᠷᠪᠠ ᠮᠠᠨᠢ ᠮᠢᠩᠭᠠᠨ ᠭᠠᠵᠠᠷ ᠤᠨ ᠬᠤᠯᠠ ᠳᠤ ᠬᠤᠷᠸ᠎ᠠ ᠶᠢ | ᠭᠦᠪᠢᠲᠡᠯᠡ ᠰᠡᠳᠬᠢᠯ ᠤᠨ ᠬᠠᠶᠢᠯᠤᠨ ᠪᠣᠯᠤᠭᠰᠠᠨ ᠰᠢᠯᠦᠭ ᠢᠶᠠᠨ ᠪᠤᠳᠤᠵᠤ᠂ ᠪᠢᠰᠢᠯᠭᠠᠵᠤ᠂ ᠴᠡᠭᠡᠵᠢᠯᠡᠵᠦ᠂ | ᠬᠤᠲᠠᠯᠠ ᠶᠢ ᠪᠠᠶᠠᠷᠯᠠᠭᠤᠯᠲᠠᠯᠠ ᠣᠨᠢᠭ᠎ᠠ ᠵᠣᠬᠢᠶᠠᠵᠤ ᠨᠢᠭᠡ ᠨᠢᠭᠡ ᠪᠠᠨ ︽ᠢᠳᠡᠭᠰᠡᠭᠡᠷ ︾ ᠴᠠᠭ ᠵᠠᠢ ᠪᠠᠨ ᠮᠠᠷᠲᠠᠮᠠᠷ | ᠪᠣᠯᠤᠭᠰᠠᠨ ᠴᠤ ᠮᠠᠷᠭᠠᠰᠢ ᠨᠢ ᠰᠢᠯᠦᠭ ᠤᠨ ᠨᠠᠭᠠᠳᠤᠮ ᠤᠨ ᠳᠡᠪᠵᠢᠶᠡᠨ ᠳᠡᠭᠡᠷ᠎ᠡ ᠲᠡᠪᠡᠯ ᠢᠶᠠᠷ ᠢᠶᠠᠨ ᠭᠠᠩᠭᠠᠷᠠᠭᠰᠠᠨ | ᠭᠤᠷᠪᠠᠨ ᠳᠡᠭᠦᠦ ᠮᠢᠨᠢ ᠳᠡᠯᠡᠬᠡᠢ ᠶᠢ ᠪᠠᠶᠠᠰᠲᠠᠯ᠎ᠠ ᠰᠢᠯᠦᠭ ᠢᠶᠠᠨ ᠤᠩᠰᠢᠭᠰᠠᠨ ᠰᠤᠷᠠᠭ ᠲᠠᠢ᠃ ᠮᠠᠨ ᠤ ᠭᠠᠯ ᠠᠶᠠᠨ ᠤ | ᠬᠢᠨ ᠠᠯᠳᠠᠨ ᠲᠤᠤᠷᠠᠶᠢᠳᠤ ᠨᠤᠲᠤᠭ ᠠᠴᠠ ᠠᠶᠢᠪᠠᠭ᠎ᠠ ᠤᠷᠤᠭᠤ ᠴᠠᠭᠢᠯᠵᠤ ᠶᠠᠪᠤᠭᠰᠠᠨ ᠭᠤᠷᠪᠠᠨ ᠤᠷᠠᠨ ᠪᠦᠲᠦᠭᠡᠯᠴᠢ | ᠵᠠᠯᠠᠭᠤ ᠳᠠᠭᠠᠨ ᠤᠷᠤᠯᠳᠤᠭᠠᠨ ᠤ ᠥᠨᠳᠥᠷ ᠠᠮᠵᠢᠯᠲᠠ ᠶᠢ ᠢᠷᠦᠭᠡᠵᠦ ᠢᠯᠡᠭᠦᠦ ᠬᠡᠳᠦᠨ ᠬᠤᠨᠳᠠᠭ᠎ᠠ ᠬᠥᠨᠲᠥᠷᠦᠭᠰᠡᠨ | ᠪᠢᠯᠡ᠃ ᠡᠬᠡ ᠬᠡᠯᠡᠨ ᠤ ᠪᠠᠨ ᠨᠥᠮᠥᠷᠢ ᠳᠤ ᠪᠠᠭᠲᠠᠵᠤ ᠶᠠᠪᠤᠭ᠎ᠠ ᠡᠨᠡ ᠬᠡᠳᠦᠨ ᠰᠢᠯᠦᠭᠴᠢ ᠶᠢ ᠪᠢᠳᠠ ᠥᠪᠡᠷ ᠢᠶᠠᠨ | ᠬᠠᠶᠢᠷᠠᠯᠠᠬᠤ ᠦᠭᠡᠢ᠂ ᠥᠭᠡᠷ᠎ᠡ ᠬᠡᠨ ᠬᠠᠶᠢᠷᠠᠯᠠᠬᠤ ᠪᠤᠢ⁈ | ᠣᠷᠴᠢᠯᠠᠩ ᠢ ᠭᠠᠳᠠᠨ᠎ᠠ ᠪᠠᠨ ᠤᠶᠠᠭᠰᠠᠨ ᠴᠢᠩᠭᠢᠰ ᠤᠨ ᠴᠢᠯᠠᠭᠤᠨ ᠱᠣᠩ᠂ ᠲᠡᠭᠡᠷᠮ᠎ᠡ ᠶᠢᠨ | ᠴᠢᠯᠠᠭᠤ ᠲᠠᠢ᠂ ᠣᠷᠣᠵᠤ ᠭᠠᠷᠬᠤ ᠭᠡᠶᠢᠴᠢᠨ ᠵᠣᠴᠢᠨ ᠳᠠᠭᠠᠨ ᠣᠪᠣᠭ᠎ᠠ ᠪᠣᠯᠭᠠᠨ ᠨᠢ ᠦᠯᠢᠭᠡᠷ ᠬᠦᠦᠷᠨᠢᠭᠰᠡᠨ᠂ | ᠠᠳᠤᠭᠤ ᠲᠤᠷᠭᠢᠬᠤ ᠨᠠᠮᠤᠷ ᠨᠢ ᠠᠷᠭᠠᠮᠵᠢᠶ᠎ᠠ ᠲᠠᠢ ᠶᠤᠮ ᠰᠢᠭ᠋ ᠤᠶᠠᠭ᠎ᠠ ᠲᠣᠭᠤᠷᠢᠭᠰᠠᠨ᠂ ᠠᠯᠳᠠᠨ ᠤᠨᠢᠶᠠᠷ | ᠰᠡᠩᠰᠡᠷᠡᠭᠰᠡᠨ ᠬᠤᠷᠮᠣᠢ ᠳᠤᠨᠢ ᠠᠷᠴᠠ ᠴᠡᠴᠡᠭ ᠤᠷᠤᠯᠳᠤᠨ ᠤᠷᠭᠤᠭᠰᠠᠨ ᠠᠯᠠᠭ ᠠᠭᠤᠯᠠ᠂ ᠠᠯᠳᠠᠨ ᠲᠠᠪᠰᠢ ᠭᠡᠳᠡᠭ | ᠢᠬᠢᠷ᠎ᠡ ᠬᠤᠶᠠᠷ ᠠᠭᠤᠯᠠᠨ ᠳᠤ ᠭᠠᠷᠴᠤ ᠬᠡᠶᠢᠮᠣᠷᠢ ᠪᠠᠨ ᠰᠡᠷᠭᠦᠭᠡᠬᠦ ᠪᠣᠯ ᠮᠠᠨ ᠤ ᠡᠨᠡ ᠤᠳᠠᠭᠠᠨ ᠤ ᠰᠣᠶᠣᠯ ᠤᠨ | ᠠᠶᠠᠨ ᠤ ᠬᠢᠨ ᠤ ᠲᠣᠮᠣ ᠮᠥᠷᠥᠭᠡᠳᠦᠯ ᠪᠠᠶᠢᠯ᠎ᠠ᠃ ᠤᠯᠠᠨ ᠤ ᠪᠠᠨ ᠠᠮᠤᠷ ᠲᠠᠶᠢᠪᠤᠩ ᠢ ᠪᠤᠳᠤᠵᠤ ᠨᠤᠲᠤᠭ ᠤᠨ ᠤᠷᠠᠨ | ᠪᠦᠲᠦᠭᠡᠯᠴᠢᠳ ᠵᠢᠯᠣᠭᠤ ᠪᠠᠷᠢᠬᠤ ᠪᠠᠷ ᠪᠣᠯᠵᠤ᠂ ᠠᠯᠲᠠᠨᠴᠤᠭ ᠤᠨ ᠴᠤᠭ ᠲᠠᠢ ᠨᠠᠶᠢᠷᠠᠭᠴᠢ ᠼᠡᠶ᠋ᠢᠩᠰᠠᠩ ᠮᠠᠨᠢ ᠵᠠᠮ | ᠳᠠᠭᠠᠭᠤᠯᠵᠤ᠂ ᠮᠢᠨᠤ ᠪᠡᠶ᠎ᠡ ᠴᠤ ︽ᠵᠢᠯᠣᠭᠤᠴᠢ︾ ᠶᠢᠨ ᠡ᠊ᠩᠨᠡᠭᠡᠨ ᠳᠤ ᠳᠤᠷᠠᠲᠠᠢ ᠪᠠᠭᠲᠠᠵᠤ ︽ᠥᠷᠭᠡᠨ | ᠲᠠᠯ᠎ᠠ ᠠᠴᠠ ᠢᠷᠡᠭᠰᠡᠨ ᠲᠠ ᠨᠠᠷ ᠥᠨᠳᠥᠷ ᠠᠭᠤᠯᠠᠨ ᠠᠴᠠ ᠰᠦᠷᠳᠡᠵᠦ ᠮᠠᠭᠠᠳ᠂ ᠲᠠᠮᠤᠴᠢ ᠶᠢᠨ ᠲᠠᠯ᠎ᠠ ᠠᠴᠠ | ᠢᠷᠡᠭᠰᠡᠨ ᠲᠠ ᠨᠠᠷ ᠲᠠᠭ ᠠᠶᠤᠭᠠᠳ ᠪᠠᠶᠢᠪᠠᠯ ᠲᠡᠷᠭᠡᠨ ᠳᠣᠲᠣᠷ᠎ᠠ ᠪᠠᠨ ᠲᠠᠷᠪᠠᠭ᠎ᠠ ᠰᠢᠭ᠋ ᠲᠦᠷ ᠢᠴᠡᠭᠡᠯᠡᠵᠦ ᠪᠠᠢ︾ | ᠬᠡᠮᠡᠨ ᠨᠢᠭᠡ ᠮᠠᠰᠢᠨ ᠳᠤ ᠬᠠᠮᠲᠤ ᠶᠠᠪᠤᠭ᠎ᠠ ᠰᠤᠪᠤᠳ ᠡᠭᠡᠴᠢ᠂ ᠦᠬᠡᠷ ᠰᠢᠭ ᠤᠯᠠᠨ ᠪᠦᠲᠦᠭᠡᠯ ᠲᠠᠢ ᠪᠤᠬ᠎ᠠ ᠲᠡᠮᠦᠷ᠂ | ᠣᠶᠤᠨᠴᠡᠴᠡᠭ ᠭᠡᠳᠦ ᠶᠢ ᠱᠣᠣᠯᠠᠵᠤ ᠶᠠᠪᠤᠲᠠᠯ᠎ᠠ᠂ ︽ᠲᠡᠭᠷᠢ ᠶᠢᠨ ᠪᠣᠲᠣᠭᠤ︾ ᠨᠠᠭᠠᠳᠤᠮ ᠤᠨ ᠲᠡᠷᠢᠭᠦᠨ ᠱᠠᠩᠨᠠᠯᠲᠤ | ᠥᠯᠵᠡᠶᠢᠨᠠᠷᠠᠨ ᠳᠡᠭᠦᠦ ᠮᠢᠨᠢ ︽ᠬᠠᠳᠠ ᠳᠠᠷᠤᠭ᠎ᠠ ᠰᠢᠯᠦᠭ ᠣᠪᠣᠭ᠎ᠠ ᠪᠢᠴᠢᠬᠦ ᠮᠥᠷᠲᠡᠭᠡᠨ ᠮᠠᠰᠢᠨ ᠴᠤ ᠣᠪᠣᠭ᠎ᠠ | ᠪᠠᠷᠢᠴᠢᠬᠠᠳᠠᠭ ᠶᠤᠮ ᠪᠠᠶᠢᠨ᠎ᠠ︾ ᠭᠡᠵᠦ ᠬᠠᠷᠢᠭᠤ ᠪᠠᠷᠢᠯ᠎ᠠ᠃ ᠠᠯᠠᠱᠠ ᠳᠤ ᠤᠯᠠᠨ ᠴᠤ ᠢᠷᠡᠭᠰᠡᠨ᠂ ᠤᠯᠠᠨ ᠴᠤ | ᠨᠠᠭᠠᠳᠤᠮ ᠳᠤ ᠤᠳᠤ ᠪᠣᠯᠵᠤ ᠶᠠᠪᠤᠭᠰᠠᠨ ᠥᠯᠵᠡᠶᠢᠨᠠᠷᠠᠨ ᠥᠩ ᠥᠷᠭᠡᠨ ᠠᠯᠠᠱᠠ ᠶᠢ ᠣᠩᠭᠤᠳ ᠠᠪᠢᠶᠠᠰ | ᠬᠤᠶᠠᠷ ᠢᠶᠠᠷ ᠢᠶᠠᠨ ᠬᠥᠭᠯᠡᠵᠦ ᠲᠠᠨᠢᠭᠰᠠᠨ ᠪᠣᠯ ᠠᠯᠠᠱᠠ ᠨᠤᠲᠤᠭ ᠤᠨ ᠠᠭᠤᠯᠠ ᠬᠠᠶᠢᠷᠬᠠᠳ ᠲᠡᠭᠦᠨ ᠢ ︽ᠰᠢᠯᠦᠭᠴᠢ | ᠬᠦᠦ ᠮᠢᠨᠢ︾ ᠭᠡᠵᠦ ᠲᠤᠰᠴᠤ ᠠᠪᠤᠭᠰᠠᠨ ᠶᠤᠮ᠃ ᠲᠡᠷᠡ ᠪᠠᠷ ᠠᠯᠠᠱᠠ ᠳᠤ ᠡᠯᠢᠭᠡ ᠲᠠᠢ ᠨᠢ ᠢᠯᠡᠭᠡᠨ᠃ ᠮᠣᠩᠭᠤᠯ | ᠨᠤᠲᠤᠭ ᠤᠨ ᠮᠢᠨᠢ ᠬᠠᠯᠠᠭᠤᠨ ᠰᠢᠷᠣᠢ ᠬᠠᠮᠢᠭ᠎ᠠ ᠴᠤ ᠭᠡᠰᠡᠨ ᠪᠢᠳᠠᠨ ᠢ ᠪᠠᠨ ᠪᠦᠪᠡᠶᠢᠯᠡᠨ ᠢᠪᠡᠭᠡᠭᠰᠡᠭᠡᠷ ᠠᠵᠤᠭᠤ᠃ | ᠣᠪᠣᠭ᠎ᠠ ᠬᠠᠶᠢᠷᠬᠠᠨ ᠢᠶᠠᠨ ᠲᠠᠭᠢᠵᠤ ᠯᠡ ᠪᠠᠶᠢᠶ᠎ᠠ᠂ ᠤᠩᠭᠤᠨ ᠪᠠᠶᠢᠭᠠᠯᠢ ᠳᠠᠭᠠᠨ ᠣᠶᠢᠷᠠᠬᠠᠨ ᠯᠡ ᠶᠠᠪᠤᠶ᠎ᠠ᠃ | ᠲᠡᠭᠡᠭᠡᠳ ᠣᠷᠣᠢ ᠨᠢ ᠪᠢᠳᠠ ᠰᠠᠶᠢᠨ ᠤ ᠢᠷᠦᠭᠡᠯ ᠰᠢᠩᠭᠡᠭᠰᠡᠨ ᠰᠡᠳᠬᠢᠯ ᠤᠨ ᠬᠠᠳᠠᠭ ᠳᠡᠭᠡᠷ᠎ᠡ ᠪᠠᠨ | ᠪᠢᠯᠢᠭ ᠤᠨ ᠨᠢᠳᠦ ᠪᠠᠨ ᠨᠡᠭᠡᠭᠡᠵᠦ ᠪᠢᠴᠢᠭᠰᠡᠨ ᠨᠣᠮ ᠤᠨ ᠪᠡᠯᠡᠭ ᠲᠠᠢ ᠪᠠᠨ ᠬᠠᠮᠲᠤ ᠢᠷᠠᠭᠤ ᠨᠠᠶᠢᠷᠠᠭᠴᠢ ᠵ᠊ · | ᠰᠤᠳᠤᠨᠤᠮ ᠳᠡᠭᠦᠦ ᠶᠢᠨ ᠳᠡᠭᠡᠨ ᠬᠦᠷᠴᠦ ᠣᠴᠢᠯ᠎ᠠ᠃ ᠲᠡᠳᠡᠨ ᠤ ᠬᠢ ᠴᠤ ᠠᠯᠠᠱᠠ ᠨᠤᠲᠤᠭ ᠤᠨ ᠶᠣᠰᠣ | ᠵᠠᠩᠰᠢᠯ ᠢᠶᠠᠷ ᠤᠭᠤᠴᠠ ᠰᠢᠭᠦᠰᠦ ᠪᠠᠨ ᠲᠠᠯᠪᠢᠵᠤ᠂ ᠤᠬᠠᠭᠠᠯᠢᠭ ᠮᠥᠷᠲᠡᠭᠡᠨ ᠭᠦᠳᠡᠯᠮᠦᠷᠢᠴᠢ ᠪᠦᠰᠡᠭᠦᠢ ᠮᠡᠷᠭᠡᠨ ᠨᠢ | ᠥᠪᠡᠷ ᠤᠨ ᠭᠠᠷ ᠢᠶᠠᠷ ᠢᠶᠠᠨ ᠬᠢᠭᠰᠡᠨ᠂ ᠠᠭᠤᠯᠠ ᠶᠢᠨ ᠵᠢᠪᠠᠷ ᠲᠤ ᠡᠪᠡᠷᠡᠭᠡᠭᠰᠡᠨ ᠥᠷᠥᠮ᠎ᠡ ᠬᠤᠷᠤᠳ ᠢᠶᠠᠷ ᠢᠶᠠᠨ | ᠤᠯᠠᠨ ᠢ ᠳᠠᠶᠢᠯᠠᠵᠤ ᠪᠢᠯᠡ᠃ ᠪᠢᠳᠠ ᠠᠯᠠᠭ ᠠᠭᠤᠯᠠ ᠠᠯᠳᠠᠨ ᠲᠠᠪᠰᠢ ᠶᠢᠨ ᠰᠥᠨᠢ ᠶᠢᠨ ᠲᠡᠭᠷᠢ ᠳᠤ ᠤᠳᠤ | ᠲᠦᠭᠡᠭᠡᠲᠡᠯᠡ ᠰᠢᠯᠦᠭ ᠢᠶᠠᠨ ᠤᠩᠰᠢᠵᠤ ᠳᠠᠭᠤᠤ ᠪᠠᠨ ᠳᠠᠭᠤᠯᠠᠵᠠᠭᠠᠯᠠ᠃ ᠮᠠᠯᠴᠢᠨ ᠤᠷᠠᠨ ᠪᠦᠲᠦᠭᠡᠯᠴᠢᠳ ᠤᠨ ᠢᠶᠠᠨ | ᠳᠤᠮᠳᠠ ᠬᠦᠷᠴᠦ ᠲᠡᠳᠡᠨ ᠳᠡᠭᠡᠨ ᠤᠷᠮ᠎ᠠ ᠬᠠᠶᠢᠷᠠᠯᠠᠬᠤ ᠶᠢᠨ ᠳᠠᠭᠠᠤ ᠦᠭᠡ ᠶᠢ ᠨᠢ ᠰᠤᠨᠤᠰᠬᠤ ᠪᠣᠯ ᠮᠠᠨ ᠤ ᠡᠨᠡ | ᠤᠳᠠᠭᠠᠨ ᠤ ᠰᠣᠶᠣᠯ ᠤᠨ ᠭᠠᠯ ᠠᠶᠠᠨ ᠤ ᠭᠤᠣᠯ ᠵᠣᠷᠢᠯᠭ᠎ᠠ ᠶᠢᠨ ᠨᠢᠭᠡ ᠨᠢ ᠶᠤᠮ᠃ ᠣᠨᠴᠠᠯᠠᠨ ᠠᠯᠠᠱᠠ ᠪᠠᠷᠠᠭᠤᠨ | ᠬᠤᠰᠢᠭᠤᠨ ᠤ ᠭ᠊ · ᠮᠥᠩᠬᠡᠵᠢᠷᠭᠠᠯ ᠲᠡᠷᠢᠭᠦᠲᠡᠢ ᠵᠣᠬᠢᠶᠠᠯᠴᠢᠳ ᠤᠨ ᠡ᠊ᠩᠨᠡᠭᠡ ᠠᠯᠢ ᠡᠷᠲᠡ ᠠᠴᠠ ᠥᠪᠥᠷ | ᠮᠣᠩᠭᠤᠯ ᠳᠠᠭᠠᠨ ᠤᠩᠰᠢᠭᠴᠢᠳ ᠤᠨ ᠢᠶᠠᠨ ᠥᠨᠳᠥᠷ ᠦᠨᠡᠯᠡᠯᠲᠡ ᠶᠢ ᠣᠯᠣᠭᠰᠠᠭᠠᠷ ᠢᠷᠡᠭᠰᠡᠨ ᠶᠤᠮ᠃ ᠣᠨᠴᠠᠯᠠᠨ | ᠵ᠊ · ᠰᠡᠷᠭᠦᠯᠡᠩ᠂ ᠵ᠊ · ᠰᠤᠳᠤᠨᠤᠮ ᠡᠭᠡᠴᠢ ᠳᠡᠭᠦᠦ ᠬᠡᠳᠦᠭᠦᠯᠡ ᠤᠨᠠᠭ᠎ᠠ ᠨᠢ ᠪᠤᠰᠬᠠᠭ᠎ᠠ ᠪᠠᠷ ᠢᠶᠠᠨ ᠳᠦᠷᠦᠳᠡᠭ | ᠠᠯᠠᠭ ᠠᠭᠤᠯᠠᠨ ᠳᠠᠭᠠᠨ ᠠᠳᠤᠭᠤ ᠪᠠᠨ ᠮᠠᠨᠠᠵᠤ ᠶᠠᠪᠤᠬᠤ ᠳᠠᠭᠠᠨ᠂ ᠡᠭᠦᠯᠡ ᠨᠢ ᠵᠢᠯᠠᠭᠠᠨ ᠳᠠᠭᠠᠨ ᠠᠷᠴᠠ ᠪᠣᠯᠣᠨ | ᠤᠷᠭᠤᠳᠠᠭ᠂ ᠡᠪᠡᠰᠦ ᠨᠢ ᠰᠣᠷᠭᠤᠭ ᠪᠡᠯᠴᠢᠭᠡᠷ ᠲᠡᠭᠡᠨ ᠦᠬᠡᠷ ᠬᠤᠨᠢ ᠪᠠᠨ ᠬᠠᠷᠢᠭᠤᠯᠵᠤ ᠶᠠᠪᠤᠬᠤ ᠳᠠᠭᠠᠨ | ᠰᠢᠯᠦᠭ ᠠᠴᠠ ᠪᠠᠨ ᠰᠠᠯᠤᠭ᠎ᠠ ᠦᠭᠡᠢ᠂ ᠰᠡᠳᠬᠢᠯ ᠳᠤᠨᠢ ᠭᠡᠷᠡᠯ ᠭᠡᠭᠡ ᠪᠣᠯᠵᠤ ᠢᠷᠡᠳᠡᠭ ᠨᠣᠮ ᠠᠴᠠ ᠰᠠᠯᠤᠭ᠎ᠠ ᠦᠭᠡᠢ | ᠠᠵᠢ᠃ ᠨᠤᠲᠤᠭ ᠤᠰᠤ ᠨᠢ ᠬᠦᠦ ᠬᠡᠦᠬᠡᠨ ᠳᠡᠭᠡᠨ ᠠᠪᠢᠶᠠᠰ ᠪᠢᠯᠢᠭ ᠬᠠᠶᠢᠷᠠᠯᠠᠳᠠᠭ ᠪᠣᠯ ᠨᠣᠮ ᠤᠨ ᠠᠬ᠎ᠠ ᠡᠭᠡᠴᠢ | ᠨᠠᠷ ᠨᠢ ᠳᠡᠭᠦᠦ ᠨᠠᠷ ᠲᠡᠭᠡᠨ ᠳᠠᠭᠤᠷᠢᠶᠠᠯ ᠪᠤᠯᠳᠠᠭ ᠠᠵᠢ᠃ ᠶᠠᠭ ᠡᠶᠢᠮᠦ ᠶᠢᠨ ᠤᠴᠢᠷ ᠠᠯᠠᠭ ᠠᠭᠤᠯᠠ ᠠᠯᠳᠠᠨ | ᠲᠠᠪᠰᠢ ᠶᠢᠨ ᠰᠠᠯᠬᠢ ᠵᠠᠯᠭᠢᠯᠠᠵᠤ ᠥᠰᠦᠭᠰᠡᠨ ᠰᠠᠶᠢᠨᠪᠠᠶᠠᠷ ᠤᠨ ᠠᠯᠲᠠᠨᠴᠢᠯᠠᠭᠤ᠂ ᠼᠡᠶ᠋ᠢᠩᠰᠠᠩ ᠬᠤᠶᠠᠷ ᠮᠠᠨᠢ ᠡᠨᠡ | ᠨᠤᠲᠤᠭ ᠠᠴᠠ ᠥᠰᠴᠦ ᠥᠨᠳᠡᠶᠢᠨ ᠥᠪᠥᠷ ᠮᠣᠩᠭᠤᠯ ᠳᠠᠭᠠᠨ ᠮᠡᠳᠡᠷᠡᠭᠳᠡᠭᠰᠡᠨ ᠵᠠᠯᠠᠭᠤ ᠤᠷᠠᠨ ᠪᠦᠲᠦᠭᠡᠯᠴᠢ ᠪᠣᠯᠵᠤ | ᠶᠠᠪᠤᠭ᠎ᠠ᠂ ᠳᠡᠯᠡᠬᠡᠢ ᠲᠡᠳᠡᠨ ᠢ ᠬᠦᠯᠢᠶᠡᠵᠦ ᠪᠤᠢ᠃ | ᠠᠯᠲᠠᠨᠴᠢᠯᠠᠭᠤ ᠮᠠᠨᠢ ᠡᠨᠡ ᠤᠳᠠᠭᠠᠨ ᠤ ᠬᠤᠶᠠᠷ ᠨᠤᠲᠤᠭ ᠤᠨ ᠵᠣᠬᠢᠶᠠᠯᠴᠢᠳ ᠤᠨ ᠠᠭᠤᠯᠵᠠᠯᠲᠠ᠂ | ᠰᠣᠶᠣᠯ ᠤᠨ ᠰᠣᠯᠢᠯᠴᠠᠭᠠᠨ ᠤ ᠠᠵᠢᠯᠯᠠᠭ᠎ᠠ ᠶᠢ ᠵᠣᠬᠢᠶᠠᠨ ᠪᠠᠶᠢᠭᠤᠯᠬᠤ ᠳᠤ ᠬᠥᠭᠦᠷᠭᠡ ᠪᠣᠯᠵᠤ ᠮᠠᠰᠢ ᠶᠡᠭᠡ ᠤᠬᠠᠭᠠᠨ | ᠭᠦᠳᠡᠯᠮᠦᠷᠢ ᠵᠠᠷᠤᠴᠠᠭᠤᠯᠤᠭᠰᠠᠨ ᠶᠤᠮ᠃ ᠲᠡᠷᠡ ᠪᠠᠷ ᠠᠪᠤ ᠶᠢᠨ ᠨᠤᠲᠤᠭ ᠠᠯᠲᠠᠨᠴᠤᠭ ᠲᠤᠨᠢ ᠬᠦᠷᠴᠦ ᠢᠷᠡᠭᠰᠡᠨ | ᠤᠷᠠᠨ ᠪᠦᠲᠦᠭᠡᠯᠴᠢᠳ ᠲᠤ ᠵᠣᠷᠢᠭᠤᠯᠵᠤ ᠰᠢᠯᠦᠭ ᠢᠶᠠᠨ ᠤᠩᠰᠢᠴᠢᠬᠠᠭᠠᠳ᠂ ︽ᠪᠢ ᠰᠢᠯᠦᠭ ᠬᠡᠯᠡᠭᠡ ᠦᠭᠡᠢ᠂ | ᠨᠤᠲᠤᠭ ᠤᠨ ᠮᠢᠨᠢ ᠠᠭᠤᠯᠠ ᠨᠠᠳᠠ ᠪᠠᠷ ᠬᠡᠯᠡᠭᠦᠯᠦᠭᠰᠡᠨ ᠶᠤᠮ︾ ᠭᠡᠵᠦ ᠬᠡᠯᠡᠭᠰᠡᠨ ᠨᠢ ᠦᠨᠡᠬᠡᠷ ᠠᠭᠤᠯᠠ ᠶᠢᠨ | ᠨᠠᠶᠢᠷᠠᠭᠴᠢ ᠶᠢᠨ ᠤᠬᠠᠭᠠᠨ ᠢ ᠭᠠᠶᠢᠬᠠᠭᠤᠯᠤᠭᠰᠠᠨ ᠤᠴᠢᠷ ᠪᠤᠯᠠᠢ᠃ ᠨᠤᠲᠤᠭ ᠤᠰᠤ ᠪᠠᠷ ᠢᠶᠠᠨ ᠪᠠᠭ᠋ᠠᠷᠬᠠᠵᠤ ᠶᠠᠪᠤᠳᠠᠭ | ︽ᠡᠪᠡᠳᠴᠢᠨ︾ ᠵᠦᠪᠭᠡᠨ ᠮᠣᠩᠭᠤᠯ ᠬᠥᠮᠥᠨ ᠳᠤ ᠯᠡ ᠲᠤᠰᠳᠠᠭ ᠪᠢᠵᠡ⁈ᠰᠠᠶᠢᠬᠠᠨ ᠶᠤᠮ ᠠ᠋᠃ |