ᠪᠣᠷᠵᠢᠭᠢᠨ ᠠᠯᠳ᠋ᠬᠠᠠᠭᠤᠯᠠ | | | ᠤᠶᠠᠭᠠᠨ ᠤ ᠭᠠᠩᠭᠠᠩ ᠭᠦᠯᠦᠭ | ᠤᠶᠠᠭ᠎ᠠ ᠲᠠᠢ ᠣᠷᠴᠢᠯᠠᠩ ᠤᠨ ᠴᠠᠬᠢᠭᠰᠠᠨ ᠭᠡᠷᠡᠯ ᠪᠠᠶᠢᠨᠠᠮ | | ᠤᠶᠠᠭᠠᠨ ᠳᠡᠭᠡᠷ᠎ᠡ ᠪᠠᠨ ᠦᠦᠷᠰᠡᠬᠦ ᠨᠢ | ᠨᠤᠲᠤᠭ ᠤᠨ ᠬᠥᠬᠡ ᠰᠠᠯᠬᠢ ᠶᠢ ᠴᠤᠯᠪᠤᠭᠤᠷ ᠤᠨ ᠦᠵᠦᠭᠦᠷ ᠡᠷᠬᠡᠯᠡᠭᠦᠯᠬᠦ ᠨᠢ | ᠤᠶᠠᠭᠠᠨ ᠳᠡᠭᠡᠷ᠎ᠡ ᠪᠠᠨ ᠴᠣᠪᠬᠤᠴᠠᠬᠤ ᠨᠢ | ᠣᠷᠴᠢᠯᠠᠩ ᠤᠨ ᠠᠭᠤᠳᠠᠮ ᠬᠢᠵᠠᠭᠠᠷ ᠢ ᠭᠦᠶᠦᠳᠡᠯ ᠤᠨ ᠬᠤᠷᠳᠤ ᠪᠠᠷ ᠲᠥᠰᠥᠭᠡᠯᠡᠬᠦ ᠨᠢ | ᠤᠶᠠᠭᠠᠨ ᠳᠡᠭᠡᠷ᠎ᠡ ᠪᠠᠨ ᠵᠡᠭᠦᠷᠮᠡᠭᠯᠡᠬᠦ ᠨᠢ | ᠨᠢᠭᠤᠴᠠ ᠲᠣᠪᠴᠢᠶᠠᠨ ᠤ ᠰᠠᠷ᠎ᠠ ᠶᠢ ᠲᠠᠮᠠᠭᠠᠨ ᠬᠡ ᠳᠡᠭᠡᠨ ᠪᠦᠪᠡᠶᠢᠯᠡᠬᠦ ᠨᠢ | | ᠤᠶᠠᠭᠠᠨ ᠤ ᠭᠠᠩᠭᠠᠩ ᠭᠦᠯᠦᠭ | ᠤᠶᠠᠭ᠎ᠠ ᠦᠭᠡᠢ ᠣᠷᠴᠢᠯᠠᠩ ᠤᠨ ᠡᠷᠬᠡ ᠴᠢᠯᠦᠭᠡ ᠪᠠᠶᠢᠨᠠᠮ | ᠤᠶᠠᠭᠠᠨ ᠵᠦᠭ ᠨᠢ ᠪᠠᠭ᠋ᠠᠳᠤᠨ ᠠᠯᠬᠤᠯᠠᠬᠤ ᠳᠤ | ᠬᠠᠷᠠᠴᠠ ᠬᠠᠷᠠᠴᠠᠨ ᠳᠠᠭᠠᠨ ᠠᠭᠤᠰᠤᠨ ᠣᠶᠢᠷᠠᠳᠬᠤ ᠠᠮᠠᠷᠠᠭ ᠢᠵᠢᠯᠢᠰᠢᠯ | ᠤᠶᠠᠭᠠᠨ ᠠᠴᠠ ᠨᠢ ᠲᠠᠶᠢᠯᠤᠨ ᠠᠪᠬᠤ ᠳᠤ | ᠦᠨᠦᠷ ᠦᠨᠦᠷ ᠢᠶᠠᠷ ᠢᠶᠠᠨ ᠨᠡᠪᠲᠡᠷᠡᠨ ᠮᠡᠳᠡᠷᠡᠬᠦ ᠤᠶᠠᠬᠠᠨ ᠳᠤᠨᠢᠷᠬᠠᠯ | ᠤᠶᠠᠭᠠᠨ ᠠᠴᠠ ᠨᠢ ᠲᠠᠶᠢᠯᠤᠨ ᠮᠣᠷᠳᠠᠬᠤ ᠳᠤ | ᠪᠡᠶ᠎ᠡ ᠪᠡᠶ᠎ᠡ ᠪᠠᠨ ᠡᠷᠭᠢᠬᠦ ᠡᠷᠬᠡᠰ ᠤᠨ ᠡᠶᠡᠷᠭᠦ ᠵᠣᠬᠢᠴᠠᠯ | | ᠤᠶᠠᠭᠠᠨ ᠤ ᠭᠠᠩᠭᠠᠩ ᠭᠦᠯᠦᠭ | ᠨᠠᠷᠠᠨ ᠤ ᠰᠣᠷ ᠡᠷᠭᠦᠵᠦ ᠰᠣᠭᠰᠣᠯᠵᠠᠨᠠᠮ | ᠤᠶᠠᠭᠠᠨ ᠤ ᠭᠠᠩᠭᠠᠩ ᠭᠦᠯᠦᠭ | ᠰᠠᠷᠠᠨ ᠤ ᠡᠭᠡᠰᠢᠭ ᠢ ᠴᠢᠩᠨᠠᠵᠤ ᠮᠢᠷᠠᠯᠵᠠᠨᠠᠮ︕ |