﹇ᠤᠷᠠᠨ ᠵᠣᠬᠢᠶᠠᠯ﹈ ᠤᠶᠠᠭᠠᠨ ᠤ ᠭᠠᠩᠭᠠᠩ ᠭᠦᠯᠦᠭ
ᠨᠡᠶᠢᠲᠡᠯᠡᠭᠰᠡᠨ ᠴᠠᠭ᠄
2025/3/28
         ᠪᠠᠶᠠᠭᠤᠳ ᠰᠦᠷ                                  ᠤᠶᠠᠭᠠᠨ ᠤ ᠭᠠᠩᠭᠠᠩ ᠭᠦᠯᠦᠭ ᠨᠠᠭᠠᠳᠤᠮ ᠤᠨ ᠳᠡᠪᠵᠢᠶᠡᠨ ᠢᠶᠠᠷ ᠬᠡᠶᠢᠷᠬᠡᠳᠡᠭ          ᠠᠮᠤᠭᠤᠯᠠᠩ ᠲᠠᠶᠢᠪᠤᠩ ᠲᠠᠯ᠎ᠠ ᠠᠨᠢᠷ ᠠᠪᠤᠨ ᠰᠡᠷᠭᠦᠳᠡᠭ          ᠠᠯᠤᠰ ᠤᠨ ᠬᠡᠷᠡᠯᠳᠦ ᠣᠳᠣᠳ ᠴᠢᠮᠡᠭᠡ ᠴᠢᠩᠨᠠᠨ ᠲᠣᠷᠮᠣᠯᠵᠠᠳᠠᠭ          ᠠᠭᠢ ᠡᠪᠡᠰᠦᠨ ᠤ ᠰᠢᠭᠦᠳᠡᠷᠢ ᠪᠤᠳᠤᠯ ᠠᠯᠳᠠᠭᠤᠷᠠᠵᠤ ᠮᠡᠯᠮᠡᠷᠡᠳᠡᠭ                    ᠭᠢᠩᠭᠤ ᠤᠶᠠᠩᠭᠠᠯᠠᠭᠰᠠᠨ ᠰᠢᠷᠤᠩᠬᠠᠢ ᠳᠤ ᠴᠢᠨ᠋ᠸ᠎ᠠ ᠶᠢᠨ ᠴᠢᠬᠢ ᠰᠣᠷᠲᠣᠯᠵᠠᠳᠠᠭ          ᠭᠠᠵᠠᠷ ᠲᠣᠪᠴᠢᠯᠠᠨ ᠳᠠᠪᠬᠢᠬᠤ ᠳᠤ ᠲᠣᠷᠭᠠᠨ ᠵᠢᠯᠣᠭᠤ ᠨᠠᠮᠢᠷᠠᠳᠠᠭ          ᠵᠠᠳᠠᠭᠠᠢ ᠴᠠᠭᠠᠨ ᠰᠠᠯᠬᠢ ᠬᠥᠯ ᠢᠶᠠᠨ ᠬᠤᠷᠢᠶᠠᠨ ᠬᠤᠴᠣᠷᠳᠠᠭ          ᠵᠣᠷᠢᠭᠰᠠᠨ ᠪᠠᠷᠢᠶᠠᠨ ᠤ ᠭᠠᠵᠠᠷ ᠵᠡᠷᠭᠡᠯᠭᠡᠨ ᠤ ᠴᠠᠭᠠᠨ᠎ᠠ ᠠᠴᠠ ᠰᠦᠮᠡᠯᠵᠡᠳᠡᠭ                    ᠤᠤᠬᠠᠢ ᠨᠡᠮᠡᠬᠦ ᠤᠷᠢᠶ᠎ᠠ ᠳᠤ ᠠᠭᠤᠯᠠᠰ ᠭᠦᠷᠳᠡᠯ᠎ᠡ ᠥᠨᠳᠡᠯᠵᠡᠳᠡᠭ          ᠠᠭᠤᠳᠠᠮ ᠴᠡᠩᠬᠡᠷ ᠲᠠᠯ᠎ᠠ ᠠᠮᠢᠰᠬᠤᠭ᠎ᠠ ᠳᠠᠷᠤᠨ ᠴᠢᠩᠨᠠᠳᠠᠭ          ᠣᠨᠣᠭᠰᠠᠨ ᠬᠡᠦᠬᠡᠳ ᠤᠨ ᠴᠢᠷᠠᠢ ᠳᠤ ᠪᠠᠶᠠᠷ ᠤᠨ ᠮᠦᠰᠢᠶᠡᠳᠦ ᠭᠢᠯᠠᠯᠵᠠᠳᠠᠭ          ᠤᠶᠠᠩᠭ᠎ᠠ ᠶᠢᠨ ᠲᠦᠷᠢᠯᠭᠡ ᠲᠠᠢ ᠡᠭᠡᠰᠢᠭ ᠨᠠᠶᠢᠷ ᠤᠨ ᠲᠠᠯᠠᠪᠠᠢ ᠴᠢᠮᠡᠳᠡᠭ                    ᠲᠣᠭᠤᠰᠣᠨ ᠳᠤᠮᠳᠠ ᠠᠴᠠ ᠰᠤᠭᠤᠷᠠᠵᠤ ᠲᠡᠷᠢᠭᠦᠨ ᠮᠠᠩᠯᠠᠢ ᠳᠤ ᠲᠣᠳᠣᠷᠠᠬᠤ ᠳᠤ          ᠲᠦᠪᠡᠷᠭᠡᠨ ᠴᠠᠯᠭᠢᠭᠰᠠᠨ ᠠᠶᠢᠵᠠᠮ ᠳᠤ ᠳᠡᠯᠡᠬᠡᠢ ᠠᠮᠤᠷᠰᠢᠵᠦ ᠲᠠᠶᠢᠪᠤᠰᠢᠷᠠᠳᠠᠭ          ᠲᠤᠮᠤᠭ ᠤᠨ ᠰᠠᠶᠢᠬᠠᠨ ᠠᠯᠳᠠᠷ ᠨᠢ ᠳᠠᠭᠤᠤ ᠳᠤ ᠤᠶᠠᠩᠭᠠᠷᠠᠵᠤ ᠦᠯᠡᠳᠡᠬᠦ ᠳᠤ          ᠲᠤᠬᠰᠢᠨ ᠪᠣᠰᠤᠭ᠎ᠠ ᠬᠡᠶᠢᠮᠣᠷᠢ ᠨᠢ ᠨᠠᠷᠠᠨ ᠵᠦᠭ ᠲᠤ ᠳᠡᠭᠦᠯᠢᠳᠡᠭ                    ᠡᠷᠲᠡᠨ ᠤ ᠪᠠᠭᠠᠲᠤᠳ ᠢ ᠰᠠᠨᠠᠭᠳᠠᠭᠤᠯᠤᠭᠰᠠᠨ ᠠᠷᠭᠤᠮᠠᠭ ᠭᠦᠯᠦᠭ ᠤᠨ ᠠᠯᠳᠠᠷ ᠮᠢᠨᠤ          ᠡᠮᠨᠢᠭ ᠣᠭᠰᠢᠯ ᠢ ᠭᠠᠶᠢᠬᠠᠭᠤᠯᠤᠭᠰᠠᠨ ᠲᠡᠯ ᠲᠠᠢ ᠰᠢᠪᠠᠭᠤᠨ ᠤ ᠰᠦᠷ ᠮᠢᠨᠤ          ᠡᠵᠡᠨ ᠵᠢᠪᠬᠤᠭ᠎ᠠ ᠶᠢ ᠡᠷᠭᠦᠭᠰᠡᠨ ᠡᠷᠡᠮᠡᠭ ᠭᠡᠭᠦᠦ ᠶᠢᠨ ᠤᠨᠠᠭ᠎ᠠ ᠮᠢᠨᠤ          ᠡᠷᠡᠮᠡᠬᠡᠢ ᠬᠤᠷᠳᠤ ᠶᠢ ᠦᠵᠡᠭᠦᠯᠦᠭᠰᠡᠨ ᠬᠤᠯᠠᠨ ᠲᠠᠬᠢ ᠶᠢᠨ ᠤᠳᠤᠮ ᠮᠢᠨᠤ︕
 
ᠢᠷᠡᠯᠲᠡ᠄ ᠠᠯᠠᠱᠠ ᠶᠢᠨ ᠡᠳᠦᠷ ᠤᠨ ᠰᠣᠨᠢᠨ 
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号