ᠪᠣᠷᠵᠢᠭᠢᠨ ᠲᠤᠷᠤᠨᠠᠰᠢᠯᠢ | ᠤᠶᠠᠭᠠᠨ ᠤ ᠭᠠᠩᠭᠠᠩ ᠭᠦᠯᠦᠭ | | ᠪᠤᠭᠤᠷᠤᠯ ᠡᠪᠦᠭᠡᠳ ᠤᠨ ᠤᠶᠠᠭᠠᠨ ᠠᠴᠠ ᠤᠳᠤᠨ ᠳᠤ ᠲᠣᠭᠤᠰᠣᠯᠠᠬᠤ ᠭᠦᠨ ᠠᠶᠢᠵᠠᠮ | ᠪᠣᠷᠤᠭ ᠡᠪᠡᠰᠦᠨ ᠤ ᠰᠤᠷ ᠢ ᠲᠤᠭᠤᠷᠠᠢ ᠪᠠᠷ ᠢᠶᠠᠨ ᠲᠣᠪᠰᠢᠭᠰᠠᠨ ᠴᠡᠩᠬᠡᠷ ᠠᠶᠠᠯᠭᠤ | ᠪᠤᠷᠬᠠᠨ ᠤ ᠠᠯᠠᠭᠠᠨ ᠠᠴᠠ ᠳᠡᠯᠭᠡᠷᠡᠭᠰᠡᠨ ᠰᠠᠷᠠᠨ ᠲᠠᠮᠠᠭ᠎ᠠ ᠲᠠᠢ ᠴᠠᠴᠠᠨ ᠲᠣᠪᠴᠢᠶᠠᠨ | ᠪᠤᠶᠠᠨᠲᠤ ᠮᠠᠯᠴᠢᠳ ᠤᠨ ᠬᠡᠰᠢᠭ ᠬᠤᠷᠤᠶᠢᠯᠠᠭᠰᠠᠨ ᠮᠣᠷᠢ ᠪᠠᠷ ᠡᠬᠢᠯᠡᠳᠡᠭ ᠬᠡᠭᠡᠷ᠎ᠡ ᠲᠠᠯ᠎ᠠ | | ᠭᠡᠷᠡᠯ ᠢᠶᠠᠨ ᠰᠢᠯᠭᠡᠭᠡᠬᠦ ᠨᠠᠮᠤᠷ ᠤᠨ ᠰᠠᠷᠠᠨ ᠭᠦᠯᠦᠭ ᠤᠨ ᠲᠡᠯ ᠳᠡᠭᠡᠷ᠎ᠡ ᠵᠢᠩᠳᠡᠬᠦ ᠪᠠᠷ | ᠭᠡᠭᠡᠨ ᠲᠤᠩᠭᠠᠯᠠᠭ ᠰᠠᠯᠬᠢᠨ ᠤ ᠠᠭᠠᠰᠢ ᠤᠶᠠᠭᠠᠨ ᠤ ᠵᠠᠯᠠᠨ ᠳᠤ ᠴᠤᠪᠬᠤᠴᠠᠨᠠ | ᠭᠡᠷ ᠤᠨ ᠬᠠᠶᠠᠭᠠᠨ ᠠᠴᠠ ᠨᠡᠭᠦᠳᠡᠯ ᠦᠷᠭᠦᠭᠡᠬᠦ ᠨᠤᠲᠤᠭ ᠤᠨ ᠰᠢᠷᠭᠠᠯ ᠲᠡᠨᠵᠢᠨ ᠠᠴᠠ | ᠬᠡᠶᠢᠷᠬᠡᠵᠦ ᠵᠣᠭᠰᠣᠭᠰᠠᠨ ᠭᠠᠩᠭᠠᠩ ᠭᠦᠯᠦᠭ ᠤᠨ ᠤᠨᠠᠭᠠᠨ ᠲᠠᠭᠤ ᠡᠭᠡᠰᠢᠭᠯᠡᠨ᠎ᠡ | | ᠢᠷᠦᠭᠡᠯ ᠵᠠᠩᠭᠢᠳᠤᠨ ᠬᠡᠶᠢᠮᠣᠷᠢ ᠰᠡᠷᠭᠦᠭᠡᠬᠦ ᠮᠣᠷᠢᠲᠠᠢ ᠠᠶᠢᠯ ᠤᠨ ᠤᠶᠠᠭᠠᠨ ᠠᠴᠠ | ᠢᠷᠠᠭᠤ ᠰᠣᠨᠤᠰᠬᠤᠯᠠᠩᠲᠤ ᠬᠤᠭᠤᠷ ᠤᠨ ᠭᠦᠭ ᠬᠢᠯᠭᠠᠰᠤᠨ ᠴᠢᠪᠬᠠᠳᠠᠰᠤᠨ ᠳᠤ ᠪᠤᠶᠢᠯᠠᠨ᠎ᠠ | ᠢᠲᠡᠭᠡᠯ ᠵᠠᠩᠭᠢᠶᠠᠯᠠᠨ ᠰᠡᠳᠬᠢᠯ ᠰᠣᠯᠢᠯᠴᠠᠬᠤ ᠮᠣᠩᠭᠤᠯ ᠬᠥᠮᠥᠨ ᠤ ᠤᠬᠠᠭᠠᠨ ᠠᠴᠠ | ᠡᠭᠡᠰᠢᠭ ᠨᠢ ᠡᠮᠪᠦᠷᠢᠳᠦᠭᠰᠡᠨ ᠬᠥᠭᠡᠮᠡᠢ ᠶᠢᠨ ᠠᠶᠠᠯᠭᠤ ᠶᠢᠰᠦᠨ ᠲᠡᠭᠷᠢ ᠶᠢ ᠭᠡᠭᠡᠯᠡᠨᠡ | | ᠴᠠᠭᠠᠨ ᠲᠣᠯᠣᠭᠠᠢ ᠠᠴᠠ ᠦᠷᠭᠦᠯᠵᠢᠯᠡᠬᠦ ᠲᠡᠪᠡᠯ ᠲᠠᠢ ᠦᠰᠦᠭ ᠤᠨ ᠵᠢᠪᠬᠤᠭ᠎ᠠ ᠨᠢ | ᠴᠠᠪᠴᠢᠯᠠᠬᠤ ᠲᠤᠭᠤᠷᠠᠢ ᠶᠢᠨ ᠣᠮᠣᠭᠯᠠᠩ ᠠᠶᠠᠰ ᠢᠶᠠᠷ ᠴᠠᠴᠠᠨ ᠤᠬᠠᠭ᠎ᠠ ᠶᠢ ᠰᠣᠷᠢᠨ᠎ᠠ | ᠴᠠᠭᠢᠯᠬᠤ ᠭᠦᠶᠦᠳᠦ ᠶᠢᠨ ᠬᠤᠷᠳᠤᠨ ᠳᠤ ᠰᠠᠯᠬᠢᠳᠠᠬᠤ ᠭᠠᠩᠭᠠᠩ ᠭᠦᠯᠦᠭ ᠤᠨ ᠲᠡᠯ ᠨᠢ | ᠴᠠᠭᠠᠨ ᠰᠦᠯᠳᠡᠨ ᠤ ᠭᠦᠭᠦᠯ ᠳᠤ ᠨᠠᠮᠢᠷᠠᠵᠤ ᠡᠷᠲᠡᠨ ᠤ ᠲᠤᠮᠤᠭ ᠢ ᠬᠦᠦᠷᠨᠢᠨ᠎ᠡ | | ᠪᠠᠭᠤᠴᠠᠨ ᠴᠢᠯᠠᠭᠤᠳ ᠠᠴᠠ ᠠᠮᠢᠯᠠᠬᠤ ᠨᠤᠲᠤᠭ ᠤᠨ ᠴᠡᠪᠡᠷ ᠠᠮᠢᠰᠬᠤᠭ᠎ᠠ ᠨᠢ | ᠪᠤᠷᠬᠠᠨ ᠠᠭᠤᠯᠠᠰ ᠤᠨ ᠠᠮᠤᠭᠤᠯᠠᠩ ᠰᠦᠷ ᠲᠤ ᠣᠲᠣᠷ ᠤᠨ ᠤᠶᠠᠭ᠎ᠠ ᠶᠢ ᠴᠢᠮᠡᠨ᠎ᠡ | ᠪᠤᠶᠠᠨ ᠤ ᠵᠦᠭ ᠲᠤ ᠢᠳᠠᠮᠯᠠᠭᠠᠳ ᠦᠯᠡᠮᠵᠢ ᠶᠢᠨ ᠬᠡᠰᠢᠭ ᠢ ᠬᠤᠷᠤᠶᠢᠯᠠᠬᠤ ᠪᠠᠷ | ᠪᠣᠰᠤᠭ᠎ᠠ ᠳᠥᠷᠥᠭᠡᠨ ᠠᠴᠠ ᠨᠠᠷᠠᠨ ᠥᠨᠳᠡᠶᠢᠵᠦ ᠭᠦᠯᠦᠭ ᠤᠨ ᠰᠢᠨᠳᠠᠰᠤ ᠴᠢᠩᠭᠠᠯᠠᠨ᠎ᠠ |