ᠰ᠊ · ᠰᠢᠨᠡᠬᠦᠦ | ᠤᠶᠠᠭᠠᠨ ᠤ ᠭᠠᠩᠭᠠᠩ ᠭᠦᠯᠥᠭ | | ᠵᠠᠭᠤᠨ ᠵᠠᠭᠤᠨ ᠢᠶᠠᠷ ᠳᠠᠭᠤᠷᠢᠰᠬᠤ | ᠭᠠᠵᠠᠷ ᠤᠨ ᠮᠢᠨᠢ ᠨᠤᠮᠤᠳᠠᠭᠰᠠᠨ ᠬᠠᠷᠪᠤᠭ᠎ᠠ | ᠵᠤᠤᠵᠠᠢ ᠴᠢᠩᠭᠠᠯᠠᠨ ᠲᠡᠮᠡᠦᠯᠬᠦ | ᠲᠡᠭᠷᠢ ᠶᠢᠨ ᠮᠢᠨᠢ ᠰᠤᠮᠤᠳᠠᠭᠰᠠᠨ ᠵᠢᠪᠬᠤᠭ᠎ᠠ | | ᠨᠢᠭᠤᠴᠠ ᠲᠣᠪᠴᠢᠶᠠᠨ ᠠᠴᠠ ᠡᠰᠢᠯᠡᠭᠰᠡᠨ | ᠠᠮᠠᠭᠠᠢ ᠵᠠᠭᠤᠭᠰᠠᠨ ᠲᠠᠩᠭᠠᠷᠢᠭ | ᠨᠣᠮ ᠤᠨ ᠬᠠᠭᠤᠳᠠᠰᠤᠨ ᠠᠴᠠ ᠭᠡᠷᠡᠯᠳᠦᠭᠰᠡᠨ | ᠠᠨᠳᠠᠭᠠᠢ ᠪᠡᠶᠡᠯᠡᠭᠰᠡᠨ ᠠᠷᠭᠤᠮᠠᠭ | | ᠠᠩᠭᠢᠷᠬᠠᠨ ᠨᠠᠰᠤ ᠲᠠᠢ ᠲᠣᠭᠯᠠᠭᠰᠠᠨ | ᠠᠯᠳᠠᠨ ᠲᠠᠯ᠎ᠠ ᠶᠢᠨ ᠮᠢᠨᠢ ︽ᠤᠨᠠᠭ᠎ᠠ︾ | ᠠᠮᠤᠭᠤᠯᠠᠩᠲᠤ ᠨᠠᠭᠠᠳᠤᠮ ᠳᠤ ᠠᠶᠢᠷᠠᠬᠳᠠᠬᠰᠠᠨ | ᠠᠮᠢᠨ ᠡᠷᠳᠡᠨᠢ ᠶᠢᠨ ᠮᠢᠨᠢ ᠤᠨᠤᠭ᠎ᠠ | | ᠤᠶᠠᠷᠠᠨ ᠪᠤᠶᠢᠯᠠᠬᠤ ᠬᠤᠭᠤᠷ ᠤᠨ | ᠨᠠᠷᠠᠨ ᠤ ᠭᠠᠯ ᠲᠠᠢ ᠢᠯᠴᠢ | ᠤᠷᠤᠰᠤᠨ ᠴᠠᠭᠢᠯᠬᠤ ᠭᠤᠣᠯ ᠤᠨ | ᠰᠠᠷᠠᠨ ᠤ ᠵᠤᠯᠠ ᠲᠠᠢ ᠡᠯᠴᠢ | | ᠪᠡᠷᠬᠡ ᠶᠢ ᠳᠠᠪᠠᠵᠤ ᠢᠷᠡᠭᠰᠡᠨ | ᠪᠢᠯᠢᠭ ᠤᠨ ᠬᠤᠷᠳᠤᠨ ᠭᠦᠯᠦᠭ ᠪᠤᠶᠤ︕ | ᠪᠡᠶ᠎ᠡ ᠶᠢ ᠲᠠᠭᠠᠵᠤ ᠡᠷᠭᠢᠭᠰᠡᠨ | ᠪᠢᠷ ᠤᠨ ᠬᠤᠷᠴᠠ ᠰᠢᠯᠦᠭ ᠪᠤᠶᠤ︕ |