﹇ᠤᠷᠠᠨ ᠵᠣᠬᠢᠶᠠᠯ﹈ ᠤᠶᠠᠭᠠᠨ ᠤ ᠭᠠᠩᠭᠠᠩ ᠭᠦᠯᠦᠭ
ᠨᠡᠶᠢᠲᠡᠯᠡᠭᠰᠡᠨ ᠴᠠᠭ᠄
2025/3/28
          ᠲ᠊ · ᠪᠥᠬᠡᠪᠠᠶᠠᠷ           ᠤᠶᠠᠭᠠᠨ ᠤ ᠭᠠᠩᠭᠠᠩ ᠭᠦᠯᠦᠭ                        ᠭᠤᠷᠪᠠᠨ ᠰᠠᠶᠢᠬᠠᠨ ᠬᠡᠭᠡᠷ ᠤᠨ ᠢᠶᠠᠨ ᠤᠳᠤᠨ ᠲᠤᠤᠯᠢ ᠶᠢ ᠵᠠᠯᠭᠠᠬᠤ          ᠭᠠᠯᠳᠤᠨ ᠬᠠᠶᠢᠷᠬᠠᠨ ᠤ ᠪᠠᠨ ᠬᠡᠶᠢᠮᠣᠷᠢ ᠶᠢ ᠲᠦᠮᠡᠨ ᠤ ᠰᠣᠨᠣᠷ ᠲᠤ ᠲᠤᠭᠤᠯᠭᠠᠬᠤ          ᠭᠠᠯ ᠤᠶᠠᠭᠠᠴᠢᠳ ᠤᠨ ᠢᠶᠠᠨ ᠬᠡᠶᠢᠷᠬᠡᠯ ᠢ ᠤᠯᠠᠨ ᠤ ᠮᠡᠯᠮᠡᠢ ᠳᠤ ᠳᠠᠭᠤᠷᠢᠰᠬᠠᠬᠤ          ᠭᠠᠩᠭᠠᠩ ᠮᠣᠷᠢᠨ ᠤ ᠵᠤᠯᠪᠤᠭ᠎ᠠ ᠤᠶᠠᠭᠠᠨ ᠤ ᠬᠤᠷᠳᠤᠨ ᠭᠦᠯᠦᠭ ᠮᠢᠨᠢ                    ᠵᠥᠭᠡᠬᠡᠢ ᠰᠢᠷᠭᠠᠯ ᠦᠷ ᠢ ᠤᠭᠲᠤᠨ ᠲᠦᠷᠦᠭᠰᠡᠨ ᠤᠨᠠᠭ᠎ᠠ          ᠵᠥᠭᠡᠯᠡᠨ ᠴᠠᠭᠠᠨ ᠮᠠᠨᠠᠨ ᠢ ᠬᠥᠯᠭᠡᠯᠡᠨ ᠲᠣᠷᠨᠢᠭᠰᠠᠨ ᠠᠷᠠᠨᠵᠠᠯ          ᠵᠢᠭᠠᠷᠲᠤ ᠴᠡᠴᠡᠭ ᠵᠠᠳᠠᠯᠤᠨ ᠠᠯᠢᠶᠠᠷᠬᠠᠵᠤ ᠥᠰᠦᠭᠰᠡᠨ ᠠᠭᠲᠠ          ᠵᠢᠭᠦᠷᠲᠦ ᠰᠠᠯᠬᠢ ᠴᠤᠴᠠᠭᠠᠨ ᠤᠷᠤᠯᠳᠤᠵᠤ ᠪᠣᠶᠢᠵᠢᠭᠰᠠᠨ ᠠᠵᠢᠨᠠᠢ                    ᠵᠤᠤᠵᠠᠢ ᠠᠪᠤᠨ ᠳᠡᠭᠦᠯᠢᠬᠦ ᠨᠢ ᠬᠠᠷᠪᠤᠬᠤ ᠰᠣᠯᠢᠷ ᠤᠨ ᠡᠷᠴᠢ ᠲᠠᠢ          ᠵᠢᠯᠣᠭᠤ ᠳᠠᠷᠤᠨ ᠴᠠᠭᠢᠯᠬᠤ ᠨᠢ ᠠᠶᠤᠩᠭ᠎ᠠ ᠭᠢᠯᠪᠢᠭᠡᠨ ᠤ ᠰᠦᠷ ᠲᠠᠢ          ᠵᠠᠳᠠᠭᠠᠢ ᠰᠤᠮᠤᠨ ᠬᠠᠲᠠᠷᠢᠶ᠎ᠠ ᠨᠢ ᠵᠦᠰᠡᠷ ᠪᠣᠷᠣᠭᠠᠨ ᠤ ᠲᠤᠪᠰᠢᠭᠠᠨ ᠲᠠᠢ          ᠵᠠᠯᠭᠠᠭ᠎ᠠ ᠲᠡᠯᠡᠮᠡᠨ ᠵᠢᠷᠤᠭ᠎ᠠ ᠨᠢ ᠶᠠᠲᠤᠭ᠎ᠠ ᠶᠢᠨ ᠤᠷᠠᠨ ᠰᠢᠳᠤᠷᠭᠠᠨ ᠲᠠᠢ                    ᠨᠠᠶᠢᠷ ᠤᠨ ᠳᠡᠪᠵᠢᠶᠡᠨ ᠢ ᠱᠠᠭᠢᠭᠤᠯᠤᠭᠰᠠᠨ ᠲᠤᠮᠤᠭ ᠤᠨ ᠲᠡᠰ ᠬᠠᠷᠴᠠᠭᠠᠢ          ᠨᠣᠶᠠᠨ ᠠᠶᠠᠯᠭᠤ ᠬᠥᠭᠯᠡᠭᠰᠡᠨ ᠬᠠᠨ ᠬᠤᠭᠤᠷ ᠤᠨ ᠰᠢᠷᠤᠩᠬᠠᠢ          ᠨᠠᠷᠠᠨ ᠤ ᠵᠡᠯᠡᠨ ᠳᠤ ᠲᠣᠭᠯᠠᠭᠰᠠᠨ ᠮᠢᠩᠭᠠᠨ ᠰᠦᠷᠦᠭ ᠤᠨ ᠤᠤᠬᠠᠢ          ᠨᠤᠲᠤᠭ ᠤᠨ ᠥᠩᠭᠡ ᠭᠡᠭᠡᠯᠡᠭᠰᠡᠨ ᠦᠯᠢᠭᠡᠷ ᠲᠡᠦᠬᠡ ᠶᠢᠨ ᠲᠠᠰᠤᠷᠬᠠᠢ                    ᠤᠶᠠᠩᠭᠠᠨ ᠭᠢᠩᠭᠤ ᠶᠢᠨ ᠤᠷᠢᠶ᠎ᠠ ᠪᠠᠷ ᠮᠠᠩᠨᠠᠢ ᠳᠠᠭᠠᠨ ᠲᠣᠭᠤᠰᠣ ᠦᠭᠡᠢ ᠳᠠᠪᠬᠢᠭᠰᠠᠨ          ᠤᠷᠤᠯᠳᠤᠭᠠᠨ ᠮᠣᠷᠢᠳ ᠤᠨ ᠰᠣᠷᠢᠶ᠎ᠠ ᠪᠠᠷ ᠲᠠᠷᠬᠠᠨ ᠴᠣᠯᠠ ᠪᠠᠨ ᠴᠠᠳᠢᠭᠯᠠᠭᠰᠠᠨ          ᠤᠷᠠᠳ ᠤᠨ ᠪᠤᠮᠠᠨ ᠠᠳᠤᠭᠤᠳ ᠮᠢᠨᠢ︕ ᠬᠤᠷᠤᠢ ᠬᠤᠷᠤᠢ ᠬᠤᠷᠤᠢ︕          ᠤᠶᠠᠭᠠᠨ ᠤ ᠭᠠᠩᠭᠠᠩ ᠭᠦᠯᠦᠭ ᠮᠢᠨᠢ︕ ᠭᠤᠷᠤᠢ ᠭᠤᠷᠤᠢ ᠭᠤᠷᠤᠢ︕
 
ᠢᠷᠡᠯᠲᠡ᠄ ᠠᠯᠠᠱᠠ ᠶᠢᠨ ᠡᠳᠦᠷ ᠤᠨ ᠰᠣᠨᠢᠨ 
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号