﹇ᠤᠷᠠᠨ ᠵᠣᠬᠢᠶᠠᠯ﹈ ᠤᠶᠠᠭᠠᠨ ᠤ ᠭᠠᠩᠭᠠᠩ ᠭᠦᠯᠦᠭ
ᠨᠡᠶᠢᠲᠡᠯᠡᠭᠰᠡᠨ ᠴᠠᠭ᠄
2025/3/28
          ᠷᠠ᠊ · ᠨᠠᠰᠤᠨᠴᠣᠭᠲᠤ          ᠤᠶᠠᠭᠠᠨ ᠤ ᠭᠠᠩᠭᠠᠩ ᠭᠦᠯᠦᠭ                    ᠲᠡᠭᠷᠢ ᠵᠦᠭ ᠤᠷᠭᠤᠵᠤ ᠰᠠᠨᠠᠭᠳᠠᠬᠤ ᠮᠥᠩᠬᠡ ᠶᠢᠨ ᠪᠣᠰᠤᠭ᠎ᠠ ᠤᠶᠠᠭᠠᠨ ᠳᠡᠭᠡᠷ᠎ᠡ          ᠳᠡᠭᠦᠯᠢᠬᠦ ᠨᠢᠰᠬᠦ ᠶᠢᠨ ᠲᠦᠷᠭᠡᠨ ᠬᠤᠷᠳᠤᠴᠠ ᠵᠢᠭᠦᠷ ᠢᠶᠠᠨ ᠬᠤᠮᠢᠵᠤ ᠵᠣᠭᠰᠣᠨ᠎ᠠ          ᠎ ᠲᠠᠬᠢ ᠬᠤᠯᠠᠨ ᠤ ᠰᠣᠷᠭᠤᠭ ᠰᠣᠨᠣᠷ ᠲᠠᠭᠠᠨ ᠲᠦᠷᠪᠡᠨ ᠵᠦᠭ ᠤᠨ ᠠᠨᠢᠷ ᠢ ᠬᠤᠷᠢᠶᠠᠵᠤ          ᠲᠡᠯ ᠲᠠᠢ ᠰᠢᠪᠠᠭᠤᠨ ᠤ ᠲᠤᠩᠭᠠᠯᠠᠭ ᠠᠯᠳᠠᠷ ᠲᠠᠭᠠᠨ ᠬᠤᠭᠤᠷ ᠤᠨ ᠰᠦᠭ ᠢ ᠰᠡᠷᠭᠦᠭᠡᠨ ᠮᠠᠨᠳᠤᠭᠠᠨ᠎ᠠ                    ᠲᠡᠮᠦᠷ ᠲᠦᠷᠪᠡᠨ ᠲᠤᠭᠤᠷᠠᠢ ᠳᠣᠣᠷ᠎ᠠ ᠪᠠᠨ ᠲᠡᠦᠬᠡ ᠶᠢᠨ ᠬᠠᠭᠤᠳᠠᠰᠤ ᠶᠢ ᠲᠡᠩᠴᠡᠭᠦᠯᠦᠨ ᠭᠢᠰᠬᠢᠵᠦ          ᠲᠡᠭᠰᠢ ᠰᠠᠶᠢᠬᠠᠨ ᠵᠣ ᠳᠡᠭᠡᠷ᠎ᠡ ᠪᠠᠨ ᠳᠡᠯᠭᠡᠷ ᠢᠷᠡᠭᠡᠳᠦᠢ ᠶᠢᠨ ᠴᠡᠩᠭᠡᠯ ᠪᠠᠶᠠᠷ ᠢ ᠲᠣᠭᠲᠠᠭᠠᠨ ᠡᠷᠭᠦᠨ᠎ᠡ          ᠲᠤᠷᠠᠨ ᠬᠤᠶᠠᠷ ᠨᠢᠳᠦᠨ ᠳᠡᠭᠡᠨ ᠲᠣᠯᠣᠭᠠᠳ ᠤᠨ ᠪᠠᠷ᠎ᠠ ᠶᠢ ᠦᠦᠷᠰᠡᠨ ᠲᠣᠪᠴᠢᠯᠠᠵᠤ          ᠲᠤᠬ ᠰᠡᠭᠦᠯ ᠤᠨ ᠲᠣᠷᠭᠠᠨ ᠨᠠᠮᠢᠷᠠᠭᠠᠨ ᠳᠠᠭᠠᠨ ᠲᠠᠯ᠎ᠠ ᠶᠢᠨ ᠠᠶᠠᠯᠭᠤ ᠶᠢ ᠰᠡᠪᠭᠢᠭᠡᠨ ᠵᠠᠳᠠᠷᠠᠭᠠᠨ᠎ᠠ          ᠳ᠋ᠠᠶᠢᠷ ᠪᠣᠷᠣ ᠠᠴᠠ ᠲᠣᠯᠢᠨ ᠬᠤᠯᠠ ᠭᠡᠵᠦ ᠴᠤᠪᠤᠷᠠᠵᠤ ᠤᠳᠤᠮᠯᠠᠭᠰᠠᠨ ᠭᠠᠯ ᠣᠭᠰᠢᠯ          ᠳ᠋ᠠᠩᠰᠢᠭ ᠨᠠᠭᠠᠳᠤᠮ ᠠᠴᠠ ᠣᠷᠣᠨ ᠠᠶᠢᠮᠠᠭ ᠭᠡᠵᠦ ᠰᠤᠪᠤᠷᠠᠵᠤ ᠬᠤᠷᠳᠤᠯᠠᠭᠰᠠᠨ ᠬᠥᠬᠡ ᠰᠣᠯᠢᠷ          ᠲᠣᠭᠤᠷᠢᠭ ᠤᠶᠠᠭᠠᠨ ᠳᠠᠭᠠᠨ ᠤᠷᠠᠯᠠᠨ ᠵᠢᠷᠤᠵᠤ ᠲᠠᠩᠨᠠᠢ ᠱᠠᠬᠰᠢᠭᠠᠬᠤ ᠭᠠᠩᠭᠠᠩ ᠭᠠᠯᠪᠢᠷ          ᠲᠡᠪᠡᠯ ᠲᠠᠢ ᠡᠵᠡᠨ ᠳᠡᠭᠡᠨ ᠲᠣᠯᠣᠭᠠᠢ ᠬᠠᠶᠠᠯᠠᠨ ᠬᠦᠵᠦᠭᠦᠦ ᠱᠦᠷᠭᠦᠭᠡᠬᠦ ᠡᠭᠡᠯᠢ ᠲᠠᠢ ᠠᠭᠠᠯᠢ                    ᠦᠦᠷ ᠢ ᠴᠠᠪᠴᠢᠯᠠᠵᠤ᠂ ᠦᠳᠡᠰᠢ ᠪᠠᠷ ᠴᠤᠪᠬᠤᠴᠠᠳᠠᠬ ᠡᠷᠳᠡᠨᠢ ᠶᠢᠨ ᠴᠠᠭᠠᠨ ᠠᠮᠢᠰᠬᠤᠭ᠎ᠠ          ᠡᠭᠦᠯᠡᠰ ᠢ ᠰᠡᠮᠡᠯᠡᠵᠦ᠂ ᠡᠭᠡᠰᠢᠭᠯᠡᠩᠲᠦ ᠰᠠᠯᠬᠢ ᠲᠠᠢ ᠦᠶᠡᠷᠬᠡᠳᠡᠭ ᠬᠡᠭᠡᠷ᠎ᠡ ᠶᠢᠨ ᠵᠠᠳᠠᠭᠠᠢ ᠰᠠᠨᠠᠭ᠎ᠠ          ᠠᠯᠤᠰ ᠢ ᠡᠪᠬᠡᠵᠦ᠂ ᠠᠯᠲᠠᠨ ᠬᠠᠷᠭᠤᠢ ᠲᠤᠭᠤᠯᠬᠤ ᠬᠤᠯᠠ ᠶᠢᠨ ᠴᠡᠯᠡᠭᠡᠷ ᠮᠥᠷᠥᠭᠡᠳᠦᠯ          ᠠᠷᠠᠳ ᠤᠨ ᠳᠠᠭᠤᠤ ᠳᠤ ᠠᠷᠪᠠᠳ ᠤᠨ ᠰᠠᠷᠠᠨ ᠤ ᠴᠢᠮᠡᠭ ᠨᠡᠮᠡᠬᠦ ᠠᠮᠠᠷᠠᠭ ᠤᠨ ᠤᠴᠠᠷᠠᠯᠳᠤ ᠬᠡᠯᠬᠢᠶ᠎ᠡ                    ᠡᠪᠦᠭᠡᠳ ᠤᠨ ᠵᠣᠭᠤᠭ ᠤᠨ ᠬᠡᠢ ᠬᠥᠭᠡᠷᠭᠡᠭᠰᠡᠨ ᠬᠤᠨᠳᠠᠭ᠎ᠠ ᠬᠤᠨᠳᠠᠭ᠎ᠠ ᠦᠯᠢᠭᠡᠷ ᠤᠨ ᠬᠠᠯᠠᠭᠤᠨ          ᠠᠶᠢᠯ ᠭᠡᠷ ᠤᠨ ᠴᠤᠬ ᠪᠠᠳᠠᠷᠠᠭᠠᠭᠰᠠᠨ ᠠᠰᠢᠳᠠ ᠠᠰᠢᠳᠠ ᠬᠡᠶᠢᠮᠣᠷᠢ ᠶᠢᠨ ᠰᠣᠯᠣᠩᠭ᠎ᠠ -          ᠴᠠᠭᠠᠨ ᠲᠡᠷᠡᠰᠦᠨ ᠤ ᠨᠠᠮᠠᠭ᠎ᠠ ᠴᠠᠭ ᠤᠨ ᠠᠶᠠᠰ ᠰᠡᠪᠢᠭᠦᠷᠳᠡᠬᠦ ᠳᠤ ᠤᠨᠠᠭᠠᠨ ᠳᠤᠷᠠᠰᠤᠯ ᠭᠠᠵᠠᠷᠯᠠᠨ᠎ᠠ          ᠴᠤᠤᠲᠤ ᠭᠦᠯᠦᠭ ᠤᠨ ᠴᠤᠯᠪᠤᠭᠤᠷ ᠠᠯᠳᠠᠷᠠᠭᠠᠬᠤ ᠳᠤ ᠳᠡᠯᠡᠬᠡᠢ ᠶᠢᠨ ᠨᠢᠷᠤᠭᠤ ᠠᠭᠵᠠᠰᠬᠢᠨ᠎ᠡ ᠁
 
ᠢᠷᠡᠯᠲᠡ᠄ ᠠᠯᠠᠱᠠ ᠶᠢᠨ ᠡᠳᠦᠷ ᠤᠨ ᠰᠣᠨᠢᠨ 
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号