| ᠣ · ᠮᠥᠩᠬᠡ | ᠤᠶᠠᠭᠠᠨ ᠤ ᠭᠠᠩᠭᠠᠩ ᠭᠦᠯᠦᠭ | | ᠨᠢᠭᠡᠨ ᠦᠶ᠎ᠡ ᠶᠢᠨ ᠬᠢᠨ ᠳᠤ ᠲᠡᠭᠦᠯᠳᠡᠷ ᠢᠲᠡᠭᠡᠯ ᠢ ᠰᠣᠨᠣᠷᠳᠠᠭᠤᠯᠵᠤ ᠦᠨᠡᠮᠰᠢᠭᠦᠯᠬᠦ ᠵᠢᠪᠬᠤᠯᠠᠩᠲᠤ | ᠲᠥᠷᠬᠦ | ᠨᠢᠭᠡᠨ ᠮᠢᠩᠭᠠᠨ ᠤ ᠬᠢᠨ ᠳᠤ ᠲᠡᠭᠦᠰ ᠦᠵᠡᠰᠭᠦᠯᠡᠩ ᠢ ᠰᠤᠷᠳᠤᠭᠠᠯᠠᠵᠤ ᠦᠵᠡᠭᠦᠯᠭᠦ ᠭᠠᠶᠢᠬᠠᠮᠰᠢᠭᠲᠤ | ᠵᠢᠷᠤᠭ | ᠨᠢᠭᠡ ᠯᠡ ᠥᠨᠳᠡᠶᠢᠬᠦ ᠳᠤ ᠰᠦᠮᠡᠶᠢᠬᠦ ᠪᠠᠷ᠎ᠠ ᠶᠢ ᠬᠠᠷᠠᠭᠠᠨ ᠳᠤ ᠲᠣᠳᠣᠷᠠᠭᠤᠯᠳᠠᠭ ᠰᠤᠮᠤᠨ ᠬᠤᠷᠳᠤ ᠲᠠᠢ | ᠣᠮᠤᠭ | ᠨᠢᠭᠡ ᠯᠡ ᠮᠡᠳᠡᠬᠦ ᠳᠤ ᠭᠢᠯᠠᠰᠬᠤ ᠣᠩᠭᠤᠳ ᠢ ᠰᠡᠷᠡᠯ ᠳᠤ ᠭᠢᠯᠪᠠᠭᠤᠯᠴᠢᠬᠠᠳᠠᠭ ᠲᠤᠬᠰᠢᠨ ᠰᠦᠷ ᠲᠠᠢ | ᠰᠢᠯᠦᠭ | | ᠬᠤᠣᠰ ᠴᠢᠬᠢ ᠪᠠᠨ ᠴᠤᠷᠤᠶᠢᠯᠭᠠᠨ ᠲᠠᠭᠤ ᠴᠢᠮᠡᠭᠡ ᠶᠢ ᠨᠠᠮ ᠵᠢᠮ ᠤᠨ ᠳᠤᠮᠳᠠ ᠡᠵᠡᠮᠳᠡᠳᠡᠭ ᠬᠤᠷᠴᠠᠯᠢᠭ | ᠰᠣᠨᠣᠷ | ᠬᠤᠣᠰ ᠨᠢᠳᠦ ᠪᠠᠨ ᠭᠡᠷᠡᠯᠳᠦᠭᠦᠯᠦᠨ ᠰᠥᠨᠢ ᠡᠳᠦᠷ ᠢ ᠴᠠᠭ ᠵᠠᠢ ᠶᠢᠨ ᠳᠣᠲᠣᠷ᠎ᠠ ᠪᠠᠭᠲᠠᠭᠠᠳᠠᠭ ᠭᠡᠭᠡᠡᠯᠢᠭ | ᠰᠡᠷᠡᠯ | ᠬᠤᠣᠰ ᠳᠥᠷᠥᠭᠡᠨ ᠤ ᠬᠠᠩᠭᠢᠨᠠᠭᠠᠨ ᠳᠤ ᠬᠥᠨᠳᠡᠢ ᠵᠢᠯᠠᠭ᠎ᠠ ᠶᠢ ᠬᠤᠲᠣᠯᠵᠠᠭᠤᠯᠤᠨ ᠲᠠᠯ᠎ᠠ ᠶᠢ | ᠳᠣᠭᠳᠣᠯᠤᠭᠤᠯᠳᠠᠭ ᠨᠡᠭᠦᠳᠡᠯ | ᠬᠤᠣᠰ ᠪᠦᠭᠦᠷᠭᠡᠨ ᠤ ᠦᠨᠳᠡᠯᠵᠡᠭᠡᠨ ᠳᠤ ᠬᠥᠲᠥᠯ ᠳᠠᠪᠠᠭᠠᠳ ᠢ ᠳᠣᠷᠭᠢᠭᠤᠯᠤᠨ ᠠᠭᠤᠯᠠᠰ ᠢ | ᠨᠠᠶᠢᠭᠤᠯᠳᠠᠭ ᠵᠠᠭᠤᠳᠠᠯ | | ᠭᠤᠷᠪᠠᠨ ᠹᠦ᠋ ᠶᠢᠨ ᠨᠤᠴᠤᠮᠠ ᠬᠠᠯᠠᠭᠤᠨ ᠢ ᠲᠡᠯᠡᠮᠡᠭᠡ ᠪᠠᠷ ᠢᠶᠠᠨ ᠰᠡᠷᠢᠭᠦᠰᠢᠭᠦᠯᠳᠡᠭ ᠤᠰᠤᠨ ᠵᠢᠷᠤᠭ᠎ᠠ | ᠭᠦᠶᠦᠳᠡᠯ ᠪᠢᠯᠡ | ᠭᠤᠷᠪᠠ ᠶᠢᠰᠦ ᠶᠢᠨ ᠬᠠᠬᠢᠷ ᠬᠦᠢᠲᠡᠨ ᠢ ᠳᠠᠪᠬᠢᠭ᠎ᠠ ᠪᠠᠷ ᠪᠦᠯᠢᠶᠡᠰᠬᠡᠴᠢᠬᠡᠳᠡᠭ ᠴᠢᠰᠤᠨ ᠬᠠᠯᠠᠭᠤᠨ | ᠰᠡᠳᠬᠢᠯ ᠴᠤ ᠪᠢᠯᠡ | ᠭᠤᠷᠪᠠᠨ ᠡᠷᠢᠨ ᠤ ᠠᠯᠳᠠᠨ ᠬᠤᠷᠣᠮ ᠢ ᠮᠣᠩᠭᠤᠯ ᠠᠶᠢᠯ ᠤᠨ ᠡᠭᠦᠳᠡᠨ ᠳᠤ ᠵᠣᠭᠰᠤᠭ᠎ᠠ ᠪᠠᠷ | ᠱᠤᠭᠤᠭᠰᠠᠨ ᠤᠷᠠᠯᠢᠭ ᠪᠢᠯᠡ | ᠭᠤᠷᠪᠠᠨ ᠦᠶ᠎ᠡ ᠶᠢᠨ ᠠᠳᠤᠭᠤᠨ ᠰᠣᠶᠣᠯ ᠢ ᠮᠠᠯᠴᠢᠨ ᠬᠥᠮᠥᠨ ᠤ ᠨᠠᠮᠲᠠᠷ ᠲᠠᠢ ᠪᠣᠰᠤᠭ᠎ᠠ ᠪᠢᠴᠢᠭᠯᠡᠭᠰᠡᠨ | ᠭᠡᠯᠪᠡᠷᠢ ᠴᠤ ᠪᠢᠯᠡ | | ᠲᠦᠷᠪᠡᠨ ᠵᠦᠭ ᠢ ᠲᠡᠯ ᠰᠡᠭᠦᠯ ᠢᠶᠠᠷ ᠢᠶᠠᠨ ᠨᠣᠴᠣᠭᠠᠵᠤ ᠳᠦᠷᠡᠯᠵᠡᠭᠦᠯᠳᠡᠭ ᠢᠷᠡᠵᠦ ᠪᠤᠴᠠᠬᠤ ᠶᠢᠨ | ᠬᠤᠷᠢᠶᠠᠩᠭᠤᠶᠢᠯᠠᠯ ᠶᠤᠮ | ᠲᠦᠷᠪᠡᠨ ᠤᠯᠠᠷᠢᠯ ᠢ ᠥᠩᠭᠡ ᠵᠢᠰᠦ ᠪᠠᠷ ᠢᠶᠠᠨ ᠴᠢᠮᠡᠵᠦ ᠠᠯᠠᠭᠯᠠᠳᠠᠭ ᠬᠠᠪᠤᠷᠵᠢᠶ᠎ᠠ ᠨᠠᠮᠤᠷᠵᠢᠶᠠᠨ ᠤ | ᠪᠤᠳᠤᠭᠯᠠᠯ ᠴᠤ ᠶᠤᠮ | ᠲᠦᠷᠪᠡᠨ ᠲᠤᠭᠤᠷᠠᠢ ᠪᠠᠷ ᠢᠶᠠᠨ ᠥᠩᠭᠡᠲᠦ ᠬᠢᠭᠢᠯᠢ ᠶᠢ ᠬᠥᠭᠵᠢᠮᠳᠡᠵᠦ ᠬᠥᠭᠯᠡᠭᠦᠯᠦᠭᠰᠡᠨ ᠭᠦᠭ | ᠠᠶᠢᠵᠠᠮᠲᠤ ᠲᠣᠪᠰᠢᠯ ᠶᠤᠮ | ᠲᠦᠷᠪᠡᠨ ᠳᠥᠷᠪᠡ ᠨᠠᠢᠮᠠᠨ ᠬᠤᠣᠰ ᠭᠠᠨᠵᠤᠭ᠎ᠠ ᠪᠠᠷ ᠬᠡᠰᠢᠭ ᠬᠤᠷᠤᠶᠢᠯᠠᠵᠤ ᠳᠠᠷᠤᠭᠤᠯᠤᠭᠰᠠᠨ ᠵᠦᠩ | ᠪᠡᠯᠭᠡᠲᠦ ᠲᠡᠮᠡᠦᠯᠦᠯ ᠴᠤ ᠶᠤᠮ | | ᠲᠠᠪᠤᠨ ᠬᠠᠨᠠᠲᠤ ᠭᠡᠷ ᠢ ᠮᠢᠨᠢ ᠡᠮᠡᠭᠡᠯ ᠬᠠᠵᠠᠭᠠᠷ ᠢᠶᠠᠷ ᠭᠤᠶᠣᠯᠠᠭᠰᠠᠨ ᠴᠠᠴᠠᠨ ᠮᠡᠷᠭᠡᠨ ᠰᠣᠶᠣᠯ ᠶᠤᠮ | ᠮᠢᠨᠤ ᠤᠩᠭᠤᠨ ᠭᠦᠯᠦᠭ | ᠲᠠᠪᠤᠨ ᠡᠷᠳᠡᠨᠢᠲᠦ ᠨᠤᠲᠤᠭ ᠢ ᠳᠠᠪᠬᠢᠨ ᠳᠡᠭᠦᠯᠢᠵᠦ ᠰᠢᠳᠢᠯᠡᠭᠰᠡᠨ ᠴᠠᠭ ᠡᠷᠢᠨ ᠤ ᠳᠣᠪᠲᠤᠯᠤᠭᠠ ᠶᠤᠮ | ᠮᠢᠨᠤ ᠰᠣᠳᠣᠨ ᠭᠦᠯᠦᠭ | ᠲᠠᠪᠤᠨ ᠤᠳᠤ ᠲᠠᠢ ᠲᠤᠭ ᠤᠨ ᠳᠣᠣᠷ᠎ᠠ ᠲᠡᠪᠴᠢᠶᠡᠷᠢ ᠶᠢ ᠲᠠᠨᠢᠭᠤᠯᠤᠭᠰᠠᠨ ᠰᠥᠰᠥ ᠰᠢᠨᠳᠠᠰᠤ ᠶᠤᠮ | ᠮᠢᠨᠤ ᠤᠶᠠᠭᠠᠨ ᠤ ᠭᠦᠯᠦᠭ | ᠲᠠᠪᠤᠨ ᠲᠢᠪ ᠲᠠᠢ ᠳᠡᠯᠡᠬᠡᠢ ᠳᠡᠭᠡᠷ᠎ᠡ ᠪᠢᠰᠢᠷᠡᠯ ᠢ ᠮᠡᠳᠡᠭᠦᠯᠦᠭᠰᠡᠨ ᠬᠦᠴᠦᠨ ᠲᠠᠮᠢᠷ ᠤᠨ ᠪᠤᠷᠭᠢᠯ ᠶᠤᠮ | ᠮᠢᠨᠤ ᠭᠠᠩᠭᠠᠩ ᠭᠦᠯᠦᠭ |