| ᠮᠠ᠊ · ᠡᠷᠳᠡᠨᠢᠪᠠᠲᠤ | ᠤᠶᠠᠭᠠᠨ ᠤ ᠭᠠᠩᠭᠠᠩ ᠭᠦᠯᠦᠭ | | ᠬᠠᠵᠠᠭᠠᠷ ᠵᠠᠭᠤᠵᠤ ᠬᠤᠷᠳᠤᠯᠠᠭᠰᠠᠨ ᠭᠠᠯ ᠤᠶᠠᠭᠠᠨ ᠤ ᠮᠣᠷᠢᠳ | ᠬᠠᠳᠠᠭ ᠲᠠᠲᠠᠭᠰᠠᠨ ᠪᠤᠭᠤᠷᠤᠯ ᠥᠲᠡᠭᠦᠰ ᠢ ᠤᠤᠬᠠᠢ ᠠᠯᠳᠠᠭᠤᠯᠵᠤ | ᠬᠠᠰᠠᠷ ᠤᠨ ᠤᠳᠤᠮ ᠬᠤᠷᠠᠭᠰᠠᠨ ᠤᠷᠠᠳ ᠭᠤᠪᠢ ᠶᠢᠨ ᠨᠠᠭᠠᠳᠤᠮ | ᠬᠠᠯᠠᠭᠤᠨ ᠡᠯᠢᠭᠡᠲᠡᠨ ᠤ ᠳᠤᠮᠳᠠ ᠷᠤᠮᠠᠨᠴᠢ ᠶᠢᠨ ᠰᠠᠯᠬᠢ ᠬᠠᠭᠠᠯᠪᠠ | | ᠡᠷᠡᠮᠡᠭ ᠭᠦᠯᠦᠭ ᠤᠨ ᠮᠤᠨᠳᠠᠭ᠎ᠠ ᠳᠡᠭᠡᠷ᠎ᠡ ᠡᠷ᠎ᠡ ᠶᠢᠨ ᠰᠦᠷ ᠪᠣᠰᠬᠠᠵᠤ | ᠡᠪᠡᠷ ᠳᠦᠷᠪᠡᠨ ᠲᠤᠭᠤᠷᠠᠢ ᠪᠠᠷ ᠭᠠᠵᠠᠷ ᠢ ᠳᠡᠯᠡᠳᠴᠦ ᠲᠠᠴᠢᠭᠢᠨᠠᠬᠤᠢ | ᠵᠠᠭᠤᠨ ᠤ ᠰᠢᠳᠢᠲᠦ ᠠᠶᠠᠯᠭᠤ ᠶᠢ ᠭᠠᠶᠢᠬᠠᠲᠠᠯᠠ ᠢᠰᠬᠡᠷᠴᠦ ᠳᠠᠪᠬᠢᠬᠤ ᠰᠢᠭ᠋ | ᠵᠣᠨᠤᠩ ᠬᠠᠷ᠎ᠠ ᠶᠢᠨ ᠳᠤᠤᠯᠢᠶᠠᠨ ᠭᠠᠨᠵᠤᠭ᠎ᠠ ᠰᠠᠴᠤᠯᠠᠨ ᠨᠠᠭᠠᠰᠢᠯᠠᠪᠠ | | ᠵᠢᠷᠦᠬᠡᠨ ᠳᠡᠭᠡᠨ ᠭᠠᠯ ᠲᠠᠢ ᠬᠡᠦᠬᠡᠳ ᠤᠨ ᠣᠮᠤᠭ ᠵᠣᠷᠢᠭ ᠢ ᠪᠠᠳᠠᠷᠠᠭᠠᠭᠰᠠᠨ | ᠵᠢᠯ ᠵᠢᠯ ᠤᠨ ᠤᠷᠤᠯᠳᠤᠭᠠᠨ ᠥᠬᠢᠳ ᠤᠨ ᠢᠨᠢᠶᠡᠳᠦ ᠰᠢᠭ ᠬᠥᠭᠵᠢᠭᠡᠵᠦ | ᠬᠤᠯᠠᠨ ᠤ ᠲᠣᠭᠤᠰᠣ ᠲᠠᠢ ᠤᠷᠠᠳ ᠨᠤᠲᠤᠭ ᠢᠶᠠᠨ ᠭᠡᠶᠢᠲᠡᠯ᠎ᠡ ᠪᠠᠶᠠᠰᠬᠠᠬᠤ ᠠᠴᠠ | ᠬᠤᠭᠤᠷ ᠤᠨ ᠬᠤᠣᠰ ᠴᠢᠪᠬᠠᠳᠠᠰᠤ ᠰᠢᠭ᠋ ᠡᠷᠡᠰ ᠤᠨ ᠰᠡᠳᠬᠢᠯ ᠢ ᠭᠦᠨᠳᠡᠪᠡ | | ᠰᠥᠯ ᠡᠪᠡᠰᠦᠲᠦ ᠪᠡᠯᠴᠢᠭᠡᠷ ᠲᠤ ᠲᠤᠭᠤᠷᠠᠢ ᠶᠢᠨ ᠬᠡ ᠪᠠᠨ ᠴᠡᠴᠡᠭᠯᠡᠭᠦᠯᠵᠦ | ᠰᠥᠨᠢ ᠶᠢᠨ ᠬᠠᠷᠠᠩᠭᠤᠢ ᠳᠤᠮᠳᠠᠭᠤᠷ ᠳᠡᠯ ᠢᠶᠠᠨ ᠠᠰᠠᠲᠠᠯᠠ ᠴᠠᠬᠢᠯᠤᠭᠰᠠᠨ | ᠠᠯᠠᠭ ᠪᠥᠮᠪᠥᠷᠴᠡᠭ ᠤᠨ ᠳᠡᠭᠡᠭᠦᠷ ᠨᠠᠷᠠ ᠰᠠᠷ᠎ᠠ ᠶᠢ ᠳᠠᠭᠠᠭᠤᠯᠤᠨ ᠭᠢᠯᠠᠯᠵᠠᠵᠤ | ᠠᠯᠲᠠᠨ ᠲᠣᠪᠴᠢᠶᠠᠨ ᠤ ᠮᠣᠷᠢᠳ ᠪᠠᠷᠢᠶᠠᠨ ᠤ ᠭᠠᠵᠠᠷ ᠢᠶᠠᠨ ᠡᠷᠭᠢᠪᠡ | | ᠨᠠᠢᠮᠠᠨ ᠰᠢᠷᠭ᠎ᠠ ᠶᠢᠨ ᠤᠳᠤᠮ ᠨᠠᠶᠢᠷᠠᠭ ᠳᠠᠭᠤᠤ ᠶᠢᠨ ᠠᠵᠢᠨᠠᠢ | ᠨᠤᠮᠤ ᠶᠢᠨ ᠬᠥᠪᠴᠢ ᠲᠤᠷᠭᠢᠭᠠᠬᠰᠠᠨ ᠭᠤᠳᠣᠯᠢ ᠰᠤᠮᠤ ᠰᠢᠭ᠋ ᠱᠤᠤᠭᠢᠬᠤᠢ | ᠠᠷᠠᠳ ᠤᠨ ᠳᠠᠭᠤᠤ ᠪᠠᠷ ᠴᠢᠮᠡᠭᠰᠡᠨ ᠤᠶᠠᠭᠠᠨ ᠤ ᠭᠠᠩᠭᠠᠩ ᠭᠦᠯᠦᠭ ᠢᠶᠠᠨ | ᠠᠵᠠ ᠡᠵᠡ ᠶᠢᠨ ᠬᠤᠷᠸ᠎ᠠ ᠳᠤ ᠢᠷᠦᠭᠡᠯᠴᠢ ᠶᠢᠨ ᠰᠦ ᠪᠠᠷ ᠮᠢᠯᠢᠶᠠᠯᠭᠠᠪᠠ ᠠ᠋᠁ | | ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ ᠤᠨ ᠲᠥᠯᠥᠭᠡᠯᠡᠭᠴᠢ ᠪᠠᠲᠤᠮᠦ᠋ᠩᠬᠡ᠄ | ᠠᠷᠠᠳ ᠤᠨ ᠠᠮᠢᠳᠤᠷᠠᠯ ᠤᠨ ︽ᠵᠠᠩᠭᠢᠯᠠᠭ᠎ᠠ ᠶᠢᠨ ᠪᠠᠭ᠎ᠠ ᠶᠠᠪᠤᠳᠠᠯ︾ ᠢ ᠡᠭᠦᠷᠭᠡ | ᠲᠤᠰᠢᠶᠠᠯ ᠢᠶᠠᠨ ᠭᠦᠢᠴᠡᠳᠬᠡᠬᠦ ︽ᠲᠡᠷᠢᠭᠦᠨ ᠴᠢᠬᠤᠯᠠ ᠶᠡᠭᠡ ᠶᠠᠪᠤᠳᠠᠯ︾ ᠪᠣᠯᠭᠠᠨ᠎ᠠ | |