| ᠥᠯᠵᠡᠶᠢᠲᠦ ᠡᠳᠦᠷ ᠤᠨ ᠪᠠᠶᠠᠷ ᠬᠦᠷᠴᠦ ᠢᠷᠡᠬᠦ ᠳᠠᠰᠢᠷᠠᠮ ᠢᠶᠠᠷ᠂ ᠠᠯᠠᠱᠠ ᠵᠡᠭᠦᠨ ᠬᠤᠰᠢᠭᠤᠨ ᠤ ᠪᠠᠷᠠᠭᠤᠨ ᠪᠠᠯ | ᠪᠠᠯᠭᠠᠰᠤᠨ ᠤ ᠲᠦᠷᠭᠡᠨ ᠭᠠᠴᠠᠭᠠᠨ ᠤ ᠠᠭᠤᠳᠠᠮ ᠲᠠᠯᠠᠪᠠᠢ ᠳᠤ ᠮᠤᠳᠤᠨ ᠬᠦᠯ ᠲᠠᠢ ᠬᠦᠮᠦᠰ ᠶᠠᠭᠠᠷᠠᠨ ᠪᠤᠯᠪᠠᠰᠤᠷᠠᠵᠤ | ᠲᠡᠮᠡᠬᠡᠨ ᠨᠤᠳᠤᠭ ᠤᠨ ᠠᠷᠠᠳ ᠲᠤ ᠪᠠᠶᠠᠷ ᠬᠦᠷ ᠲᠠᠢ᠂ ᠴᠠᠭᠠᠨ ᠰᠠᠷ᠎ᠠ ᠶᠢᠨ ᠠᠭᠤᠷ ᠠᠮᠢᠰᠬᠤᠯ ᠢᠶᠠᠷ ᠪᠢᠯᠬᠠᠭᠰᠠᠨ | ᠰᠤᠶᠤᠯ ᠤᠨ ᠦᠪᠡᠳᠡᠭᠰᠢ ᠨᠠᠶᠢᠷ ᠢᠶᠠᠨ ᠡᠷᠭᠦᠬᠦ ᠪᠠᠷ ᠪᠡᠯᠡᠨ ᠪᠠᠶᠢᠯ᠎ᠠ᠃ | | | | | | ᠮᠣᠳᠣᠨ ᠬᠥᠯ ᠢᠶᠠᠷ ᠠᠯᠬᠤᠬᠤ ᠨᠢ ᠳᠤᠮᠳᠠᠳᠤ ᠤᠯᠤᠰ ᠤᠨ ᠤᠯᠠᠮᠵᠢᠯᠠᠯᠲᠤ ᠠᠷᠠᠳ ᠤᠨ ᠵᠠᠩ ᠦᠢᠯᠡ ᠶᠢᠨ | ᠠᠵᠢᠯᠯᠠᠭ᠎ᠠ ᠪᠠ ᠤᠯᠤᠰ ᠤᠨ ᠲᠠᠰ ᠤᠨ ᠪᠣᠳᠠᠰ ᠤᠨ ᠪᠤᠰᠤ ᠰᠣᠶᠣᠯ ᠤᠨ ᠥᠪ ᠤᠨ ᠨᠢᠭᠡ ᠪᠣᠯᠤᠭᠰᠠᠨ ᠤ ᠬᠤᠪᠢ ᠳᠤ᠂ | ᠭᠦᠨ ᠵᠤᠵᠠᠭᠠᠨ ᠲᠡᠤᠬᠡ ᠶᠢᠨ ᠡᠬᠢ ᠰᠤᠷᠪᠤᠯᠵᠢ ᠪᠠ ᠰᠣᠶᠣᠯ ᠤᠨ ᠠᠭᠤᠯᠤᠭᠳᠠᠬᠤᠨ ᠲᠠᠢ ᠪᠠᠶᠢᠵᠤ᠂ ᠴᠠᠭᠠᠨ | ᠰᠠᠷ᠎ᠠ ᠶᠢᠨ ᠠᠷᠪᠠᠨ ᠲᠠᠪᠤᠨ ᠤ ᠪᠠᠶᠠᠷ ᠤᠨ ᠠᠵᠢᠯᠯᠠᠭ᠎ᠠ ᠶᠢᠨ ᠭᠤᠤᠯᠳᠠᠯᠭ᠎ᠠ ᠲᠠᠢ ᠲᠣᠭᠯᠠᠯᠳᠠ ᠪᠣᠯᠤᠭᠰᠠᠭᠠᠷ ᠢᠷᠡᠵᠡᠶ᠃ | 1992 ᠣᠨ ᠳᠤ᠂ ᠪᠠᠷᠠᠭᠤᠨ ᠪᠡᠯ ᠪᠠᠯᠭᠠᠰᠤ ᠮᠣᠳᠣᠨ ᠬᠥᠯ ᠢᠶᠠᠷ ᠠᠯᠬᠤᠬᠤ ᠠᠩᠭᠢ ᠶᠢ ᠪᠠᠶᠢᠭᠤᠯᠵᠤ᠂ ᠣᠳᠣ | ᠨᠢᠭᠡᠨᠲᠡ 33 ᠵᠢᠯ ᠤᠨ ᠲᠡᠤᠬᠡ ᠲᠠᠢ ᠪᠣᠯᠵᠤ᠂ ᠭᠡᠰᠢᠭᠦᠨ ᠨᠢ ᠪᠦᠷ ᠲᠤᠬᠠᠶ ᠶᠢᠨ ᠭᠠᠵᠠᠷ ᠤᠨ ᠲᠣᠰᠬᠤᠨ ᠤ ᠠᠷᠠᠳ | ᠶᠤᠮ᠃ ᠪᠠᠯᠭᠠᠰᠤᠨ ᠳᠤ ᠵᠢᠷᠭᠤᠭ᠎ᠠ ᠳᠣᠯᠣᠭᠠᠲᠠᠢ ᠬᠡᠦᠬᠡᠳ ᠠᠴᠠ ᠵᠢᠷᠠ ᠭᠠᠷᠤᠭᠰᠠᠨ ᠨᠠᠰᠤᠲᠠᠳ ᠳᠣᠮᠳᠠ᠂ ᠮᠣᠳᠣᠨ | ᠬᠥᠯ ᠢᠶᠠᠷ ᠰᠠᠶᠢᠨ ᠠᠯᠬᠤᠳᠠᠭ ᠬᠦᠮᠦᠰ ᠵᠥᠩᠳᠡᠭᠡᠨ ᠣᠯᠠᠨ ᠪᠠᠶᠢᠳᠠᠭ᠃ | ᠡᠨᠡ ᠵᠢᠯ᠂ ᠪᠠᠷᠠᠭᠤᠨ ᠪᠠᠯ ᠪᠠᠯᠭᠠᠰᠣ ᠶᠢᠨ ᠮᠣᠳᠣᠨ ᠬᠥᠯ ᠢᠶᠠᠷ ᠠᠯᠬᠤᠬᠤ ᠠᠩᠭᠢ ᠴᠥᠭᠡᠨ ᠪᠤᠰᠤ | ᠵᠠᠯᠠᠭᠤᠴᠤᠳ ᠢ ᠤᠭᠲᠤᠨ ᠠᠪᠴᠢᠷᠠᠵᠤ᠂ 60 ᠲᠠᠮᠢᠷᠴᠢᠨ ᠤ ᠬᠠᠭᠠᠰ ᠨᠢ ᠴᠥᠮ ᠵᠠᠯᠠᠭᠤᠴᠤᠳ ᠪᠠᠶᠢᠯ᠎ᠠ᠂ | ᠡᠭᠦᠨ ᠳᠤ ᠴᠥᠭᠡᠨ ᠪᠤᠰᠤ ᠬᠡᠦᠬᠡᠳ ᠪᠠ ᠨᠤᠲᠤᠭ ᠲᠠᠭᠠᠨ ᠪᠤᠴᠠᠭᠰᠠᠨ ᠤᠶᠤᠲᠠᠳ ᠪᠠᠭᠲᠠᠨ᠎ᠠ᠃ ᠵᠠᠯᠠᠭᠤ | ᠭᠡᠰᠢᠭᠦᠳ ᠤᠨ ᠣᠷᠣᠯᠴᠠᠭᠰᠠᠨ ᠨᠢ ᠮᠣᠳᠣᠨ ᠬᠥᠯ ᠢᠶᠠᠷ ᠠᠯᠬᠤᠬᠤ ᠲᠣᠭᠯᠠᠯᠲᠠ ᠳᠤ ᠰᠢᠨ᠎ᠡ ᠠᠮᠢᠵᠢᠷᠠᠯ ᠤᠨ ᠬᠦᠴᠦᠨ | ᠨᠡᠮᠡᠷᠢᠯᠡᠭᠰᠡᠨ ᠪᠥᠭᠡᠳ ᠡᠨᠡ ᠬᠦ ᠤᠯᠠᠮᠵᠢᠯᠠᠯᠲᠤ ᠤᠷ᠎ᠠ ᠮᠡᠷᠭᠡᠵᠢᠯ ᠢ ᠤᠯᠠᠮᠵᠢᠯᠠᠨ ᠵᠠᠯᠭᠠᠮᠵᠢᠯᠠᠵᠤ ᠲᠠᠰᠤᠷᠠᠯᠲᠠ ᠦᠭᠡᠢ | ᠰᠢᠨ᠎ᠡ ᠶᠢ ᠡᠭᠦᠳᠴᠦ ᠬᠥᠭᠵᠢᠭᠦᠯᠦᠭᠰᠡᠨ ᠪᠠᠶᠢᠨ᠎ᠠ᠃ | | | | |