ᠬᠡᠰᠢᠭᠮ᠎ᠠ ᠶᠢᠨ ︽ᠪᠡᠯᠡᠭ︾ ᠳᠡᠯᠭᠡᠭᠦᠷ
ᠨᠡᠶᠢᠲᠡᠯᠡᠭᠰᠡᠨ ᠴᠠᠭ᠄
2025/4/30
 ᠰᠡᠴᠡᠨ᠂ ᠡᠷᠳᠡᠨᠢᠬᠦᠦ          ᠵᠢᠯ ᠴᠠᠭᠠᠨ ᠰᠠᠷ᠎ᠠ ᠣᠶᠢᠷᠠᠳᠬᠤ ᠶᠢ ᠳᠠᠭᠠᠯᠳᠤᠨ ᠵᠡᠭᠡᠯᠢ ᠭᠤᠳᠤᠮᠵᠢ ᠪᠠᠷ ᠰᠢᠨ᠎ᠡ ᠵᠢᠯ ᠤᠨ ᠠᠭᠤᠷ ᠠᠮᠢᠰᠬᠤᠯ ᠥᠳᠬᠡᠷᠡᠨ᠂ ᠬᠤᠳᠠᠯᠳᠤᠭ᠎ᠠ ᠳᠡᠯᠭᠡᠭᠦᠷ ᠨᠦᠭᠦᠳ ᠰᠢᠬᠢᠷ ᠵᠢᠮᠢᠰ᠂ ᠪᠣᠣᠪᠤ ᠪᠤᠭᠤᠷᠰᠤᠭ᠂ ᠨᠣᠭᠤᠭ᠎ᠠ ᠵᠠᠭᠤᠰᠢ᠂ ᠡᠳ᠋ ᠪᠠᠷᠠᠭ᠎ᠠ ᠪᠠᠨ ᠣᠪᠣᠭᠠᠷᠠᠲᠠᠯ᠎ᠠ ᠦᠷᠦᠵᠦ᠂ ᠡᠯᠪᠡᠭ ᠪᠠᠶᠠᠯᠢᠭ ᠰᠢᠨ᠎ᠡ ᠵᠢᠯ ᠠᠶᠢᠰᠤᠢ ᠨᠢ ᠢᠯᠡᠭᠡᠨ᠃          ᠪᠠᠶᠠᠨᠬᠤᠲᠠ ᠶᠢᠨ ᠪᠠᠢ ᠾᠥᠸᠧ ᠬᠤᠳᠠᠯᠳᠤᠭᠠᠨ ᠤ ᠠᠰᠠᠷ ᠤᠨ ᠨᠢᠭᠡᠨ ᠪᠤᠯᠤᠩ ᠳᠤ ︽ᠪᠡᠯᠡᠭ︾ ᠨᠡᠷ᠎ᠡ ᠲᠠᠢ ᠡᠪᠯᠢᠭᠬᠡᠨ ᠵᠢᠭᠠᠬᠠᠨ ᠳᠡᠯᠭᠡᠭᠦᠷ ᠣᠷᠴᠢᠮ ᠬᠥᠮᠥᠰ ᠤᠨ ᠲᠠᠭᠠᠰᠢᠶᠠᠯ ᠳᠤ ᠣᠷᠣᠵᠤ᠂ ᠠᠷᠠᠯᠵᠢᠶ᠎ᠠ ᠮᠠᠶᠢᠮᠠᠢ ᠎ ᠨᠢ ᠰᠠᠶᠢᠨ ᠪᠠᠶᠢᠬᠤ ᠰᠤᠷᠠᠭ ᠢᠶᠠᠷ ᠣᠴᠢᠵᠤ ᠰᠣᠷᠪᠤᠯᠵᠢᠯᠠᠭ᠎ᠠ ᠠᠪᠤᠯ᠎ᠠ᠃ ︽ᠪᠡᠯᠡᠭ︾ ᠳᠡᠯᠭᠡᠭᠦᠷ ᠨᠢ ᠲᠤᠰᠬᠠᠶᠢᠯᠠᠨ ᠬᠥᠮᠥᠰ ᠲᠤ ᠲᠦᠷᠦᠭᠰᠡᠨ ᠡᠳᠦᠷ ᠤᠨ ᠪᠡᠯᠡᠭ᠂ ᠭᠠᠷ ᠴᠠᠶᠢᠯᠭᠠᠬᠤ ᠪᠡᠯᠡᠭ᠂ ᠴᠠᠭᠠᠨ ᠰᠠᠷ᠎ᠠ ᠶᠢᠨ ᠪᠡᠯᠡᠭ ᠵᠡᠷᠭᠡ ᠤᠯᠠᠨ ᠵᠦᠢᠯ ᠤᠨ ᠪᠡᠯᠡᠭ ᠢ ᠪᠦᠭᠦᠳᠡ ᠶᠢ ᠬᠠᠮᠲᠤᠷᠠᠭᠤᠯᠤᠨ ᠬᠤᠳᠠᠯᠳᠤᠭᠰᠠᠨ ᠢᠶᠠᠷ ᠢᠶᠠᠨ ᠬᠥᠮᠥᠰ ᠤᠨ ᠪᠡᠯᠡᠭ ᠰᠣᠩᠭᠤᠵᠤ ᠠᠪᠬᠤ ᠲᠦᠭᠦᠮ ᠳᠥᠲᠡ ᠰᠣᠩᠭᠤᠯᠲᠠ ᠪᠣᠯᠵᠤ᠂ ᠪᠡᠯᠡᠭ ᠤᠨ ᠤᠭᠤᠲᠠ ᠨᠢ ᠨᠠᠷᠢᠯᠢᠭ ᠬᠢᠴᠡᠲᠡᠢ᠂ ᠪᠡᠯᠡᠭ ᠨᠢ ᠴᠠᠮᠢᠨ ᠬᠥᠭᠡᠷᠦᠬᠦᠨ᠂ ᠦᠨ᠎ᠡ ᠬᠠᠩᠰᠢ ᠨᠢ ᠲᠣᠬᠢᠷᠠᠮᠵᠢᠲᠠᠢ ᠪᠠᠶᠢᠳᠠᠭ ᠢᠶᠠᠷ ᠡᠭᠦᠳᠡ ᠪᠠᠨ ᠨᠡᠭᠡᠭᠡᠭᠡᠳ ᠬᠠᠭᠠᠰ ᠰᠠᠷ᠎ᠠ ᠪᠣᠯᠣᠯ ᠦᠭᠡᠢ ᠨᠡᠯᠢᠶᠡᠳ ᠰᠠᠶᠢᠨ ᠤᠷᠤᠯᠭ᠎ᠠ ᠣᠯᠴᠢᠬᠠᠭᠰᠠᠨ ᠪᠠᠶᠢᠭ᠎ᠠ ᠠᠵᠢ᠃          ᠳᠡᠯᠭᠡᠭᠦᠷ ᠤᠨ ᠡᠵᠡᠨ ᠢ ᠬᠡᠰᠢᠭᠮ᠎ᠠ ᠭᠡᠳᠡᠭ᠃ ᠠᠯᠠᠱᠠ ᠪᠠᠷᠠᠭᠤᠨ ᠬᠤᠰᠢᠭᠤᠨ ᠤ ᠲᠠᠩᠰᠤᠬᠪᠤᠯᠠᠭ ᠰᠤᠮᠤᠨ ᠤ ᠠᠯᠲᠠᠨᠲᠤᠶᠠᠭ᠎ᠠ ᠭᠠᠴᠠᠭᠠᠨ ᠳᠤ ᠨᠤᠲᠤᠭᠲᠠᠢ᠃ 2021 ᠣᠨ ᠳᠤ ᠶᠡᠭᠡ ᠰᠤᠷᠭᠠᠭᠤᠯᠢ ᠪᠠᠨ ᠲᠡᠭᠦᠰᠬᠡᠭᠡᠳ ᠬᠤᠶᠠᠷ ᠵᠢᠯ ᠠᠯᠪᠠᠨ ᠪᠠᠶᠢᠭᠤᠯᠭ᠎ᠠ ᠳᠤ ᠠᠵᠢᠯᠯᠠᠵᠤ ᠪᠠᠶᠢᠭᠰᠠᠨ ᠢᠶᠠᠨ ᠨᠢᠭᠡ ᠨᠠᠰᠤ ᠭᠠᠷᠤᠢ ᠲᠠᠢ ᠬᠡᠦᠬᠡᠨ ᠢᠶᠠᠨ ᠬᠠᠷᠠᠭᠠᠯᠵᠠᠬᠤ ᠵᠣᠷᠢᠯᠭ᠎ᠠ ᠪᠠᠷ ᠡᠨᠡ ᠳᠡᠯᠭᠡᠭᠦᠷ ᠢ ᠨᠡᠭᠡᠭᠡᠵᠡᠢ᠃ ᠲᠡᠭᠡᠭᠡᠳ ︽ᠶᠡᠷᠦᠨᠢ ᠪᠠᠶᠠᠨᠬᠤᠲᠠ ᠳᠤ ᠰᠡᠳᠬᠢᠯ ᠳᠤ ᠲᠠᠭᠠᠯᠠᠭᠳᠠᠭᠰᠠᠨ ᠪᠡᠯᠡᠭ ᠬᠤᠳᠠᠯᠳᠤᠬᠤ ᠭᠠᠵᠠᠷ ᠪᠠᠶᠢᠳᠠᠭ ᠦᠭᠡᠢ᠃ ᠬᠠᠶᠠ ᠨᠠᠶᠢᠵᠠ ᠨᠥᠬᠦᠳ ᠪᠤᠶᠤ ᠬᠠᠮᠲᠤ ᠰᠤᠷᠤᠯᠭᠠᠲᠠᠨ ᠤ ᠲᠦᠷᠦᠭᠰᠡᠨ ᠡᠳᠦᠷ ᠢᠶᠠᠨ ᠪᠡᠯᠭᠡᠯᠡᠬᠦ ᠤᠷᠢᠯᠭ᠎ᠠ ᠲᠤᠰᠴᠢᠬᠠᠭᠠᠳ ᠶᠠᠮᠠᠷ ᠪᠡᠯᠡᠭ ᠬᠦᠷᠭᠡᠬᠦ ᠤᠴᠢᠷ ᠲᠤ ᠪᠠᠭ᠋ᠠᠨ ᠪᠤᠳᠤᠯ ᠪᠤᠯᠳᠠᠭ᠃ ᠲᠡᠭᠡᠭᠡᠳ ᠯᠠ ᠮᠣᠩᠭᠤᠯ ᠣᠨᠴᠠᠯᠢᠭ ᠲᠠᠢ᠂ ᠡᠳ᠋ ᠪᠠᠷᠠᠭ᠎ᠠ ᠨᠢ ᠴᠠᠮᠢᠨ᠂ ᠪᠣᠭᠤᠯᠲᠠ ᠨᠢ ᠭᠤᠶᠤ ᠪᠡᠯᠡᠭ ᠤᠨ ᠳᠡᠯᠭᠡᠭᠦᠷ ᠨᠡᠭᠡᠭᠡᠬᠦ ᠪᠠᠷ ᠲᠣᠭᠲᠠᠭᠰᠠᠨ ᠶᠤᠮ︾ ᠭᠡᠴᠢᠬᠡᠭᠰᠡᠨ ᠡᠳ᠋ ᠪᠠᠷᠠᠭ᠎ᠠ ᠪᠠᠨ ᠲᠡᠭᠰᠢᠯᠡᠵᠦ ᠶᠠᠭᠠᠷᠠᠨ᠎ᠠ᠃          ᠪᠢᠳᠠᠨ ᠤ ᠠᠮᠢᠳᠤᠷᠠᠯ ᠳᠤ ᠥᠩᠭᠡ ᠲᠠᠯ᠎ᠠ᠂ ᠰᠡᠳᠬᠢᠯ ᠰᠠᠨᠠᠭ᠎ᠠ ᠪᠠᠨ ᠢᠯᠡᠷᠬᠡᠶᠢᠯᠡᠬᠦ ᠪᠡᠯᠡᠭ ᠲᠤᠲᠠᠭᠳᠠᠵᠤ ᠪᠣᠯᠣᠰᠢ ᠦᠭᠡᠢ ᠪᠠᠶᠢᠳᠠᠭ ᠤᠨ ᠠᠳᠠᠯᠢ ᠪᠠᠷ ᠤᠯᠠᠮᠵᠢᠯᠠᠯᠲᠤ ᠶᠣᠰᠣ ᠵᠠᠩᠰᠢᠯ ᠢᠶᠠᠨ ᠳᠡᠭᠡᠳᠦᠯᠡᠭᠰᠡᠨ ᠴᠠᠭᠠᠨ ᠰᠠᠷ᠎ᠠ ᠪᠤᠯᠬᠤ ᠳᠤ ᠪᠡᠯᠡᠭ ᠰᠡᠯᠲᠡ ᠨᠢ ᠤᠯᠠᠮ ᠴᠢᠬᠤᠯᠠ ᠪᠤᠯᠳᠠᠭ᠃ ᠶᠣᠰᠣᠲᠠᠢ ᠯᠠ ᠠᠭᠤᠯᠵᠠᠵᠤ ᠤᠴᠠᠷᠠᠭ᠎ᠠ ᠦᠭᠡᠢ ᠬᠥᠮᠥᠰ ᠲᠠᠢ ᠪᠠᠨ ᠮᠡᠨᠳᠦ ᠶᠢᠨ ᠶᠣᠰᠣ ᠲᠠᠢ ᠠᠭᠤᠯᠵᠠᠵᠤ᠂ ᠨᠠᠰᠤᠲᠠᠢ ᠪᠤᠭᠤᠷᠤᠯᠴᠤᠳ᠂ ᠠᠬ᠎ᠠ ᠳᠡᠭᠦᠦ ᠲᠦᠷᠦᠯ ᠰᠠᠳᠤᠨ᠂ ᠬᠡᠦᠬᠡᠳ ᠪᠠᠭᠠᠴᠤᠳ ᠲᠠᠭᠠᠨ ᠨᠢᠩᠵᠢᠨ ᠰᠠᠶᠢᠬᠠᠨ ᠰᠡᠳᠬᠢᠯ ᠤᠨ ᠪᠡᠯᠡᠭ ᠢᠶᠠᠨ ᠭᠠᠷᠳᠠᠭᠤᠯᠳᠠᠭ ᠴᠠᠭ᠃ ᠲᠡᠶᠢᠮᠤ ᠶᠢᠨ ᠤᠴᠢᠷ ᠲᠤ ᠬᠡᠰᠢᠭᠮ᠎ᠠ ᠳᠡᠯᠭᠡᠭᠦᠷ ᠨᠡᠭᠡᠭᠡᠨ᠎ᠡ ᠭᠡᠵᠦ ᠪᠤᠳᠤᠬᠰᠠᠨ ᠢᠶᠠᠨ ᠪᠡᠯᠡᠨ ᠳᠣᠣᠷ᠎ᠠ ᠪᠠᠨ ᠬᠥᠳᠡᠯᠵᠦ᠂ ᠴᠠᠭᠠᠨ ᠰᠠᠷ᠎ᠠ ᠠᠴᠠ ᠡᠮᠦᠨ᠎ᠡ ᠡᠭᠦᠳᠡ ᠪᠠᠨ ᠨᠡᠭᠡᠭᠡᠬᠦ ᠪᠠᠷ ᠬᠤᠷᠳᠤᠯᠠᠵᠠᠢ᠃ ᠲᠡᠭᠦᠨ ᠤ ᠳᠡᠯᠭᠡᠭᠦᠷ ᠲᠤ ᠴᠠᠭᠠᠨ ᠰᠠᠷ᠎ᠠ ᠳᠤ ᠵᠣᠬᠢᠴᠠᠭᠤᠯᠤᠭᠰᠠᠨ ᠰᠠᠷ᠎ᠠ ᠰᠢᠨ᠎ᠡ ᠶᠢᠨ ᠪᠡᠯᠡᠭ ᠴᠤ ᠬᠡᠳᠦᠨ ᠵᠦᠢᠯ ᠤᠨ ᠪᠠᠶᠢᠵᠤ᠂ ᠳᠣᠲᠣᠷ᠎ᠠ ᠨᠢ ᠰᠢᠷ᠎ᠠ ᠲᠣᠰᠣ᠂ ᠰᠦᠨ ᠲᠠᠯᠬ᠎ᠠ᠂ ᠪᠤᠭᠤᠷᠰᠤᠭ ᠵᠡᠷᠭᠡ ᠶᠢ ᠰᠠᠪᠠᠯᠠᠵᠤ᠂ ᠪᠠᠰᠠ ᠵᠠᠷᠢᠮ ᠪᠡᠯᠡᠭ ᠨᠢ ᠬᠡᠳᠦᠨ ᠵᠦᠢᠯ ᠤᠨ ᠴᠠᠭᠠᠨ ᠢᠳᠡᠭᠡ ᠶᠢ ᠡᠪᠲᠡᠶᠢᠬᠡᠨ ᠬᠠᠶᠢᠷᠴᠠᠭᠯᠠᠭᠰᠠᠨ ᠬᠠᠷᠠᠭᠳᠠᠬᠤ ᠶᠤᠮ᠃ ᠪᠠᠰᠠ ᠰᠢᠨ᠎ᠡ ᠭᠡᠯᠪᠡᠷᠢ ᠶᠢᠨ ᠬᠡᠦᠬᠡᠳ ᠤᠨ ᠲᠣᠭᠯᠠᠭᠠᠮ᠂ ᠰᠢᠨ᠎ᠡ ᠬᠢᠴᠡᠲᠡᠢ ᠲᠣᠷᠭᠠᠨ ᠴᠡᠴᠡᠭ᠂ ᠭᠤᠸ᠎ᠠ ᠰᠠᠶᠢᠬᠠᠨ ᠤ ᠪᠦᠲᠦᠭᠡᠭᠳᠡᠬᠦᠨ᠂ ᠠᠮᠢᠳᠤᠷᠠᠯ ᠤᠨ ᠬᠡᠷᠡᠭᠰᠡᠯ᠂ ᠵᠢᠷᠤᠭ ᠳᠤᠷᠠᠰᠬᠠᠯ ᠤᠨ ᠪᠣᠳᠠᠰ᠂ ᠨᠣᠮ ᠵᠡᠷᠭᠡ ᠲᠦᠷᠦᠯ ᠵᠦᠢᠯ ᠤᠯᠠᠨ ᠪᠡᠯᠡᠭ ᠢᠶᠠᠷ ᠵᠢᠵᠢᠭᠬᠡᠨ ᠳᠡᠯᠭᠡᠭᠦᠷ ᠢᠶᠠᠨ ᠬᠥᠭᠡᠷᠦᠬᠦᠨ ᠴᠢᠮᠡᠵᠡᠢ᠃           ︽ᠳᠡᠯᠭᠡᠭᠦᠷ ᠢᠶᠠᠨ ᠵᠠᠰᠠᠵᠤ ᠴᠢᠮᠡᠬᠦ ᠪᠠᠷᠤᠭ ᠠᠵᠢᠯ ᠢ ᠥᠪᠡᠷ ᠲᠡᠭᠡᠨ ᠬᠢᠭᠰᠡᠨ ᠪᠣᠯᠬᠤᠷ ᠢᠶᠠᠨ ᠬᠡᠳᠦᠬᠡᠨ ᠮᠢᠩᠭᠠᠨ ᠲᠥᠭᠦᠷᠢᠭ ᠢᠶᠠᠷ ᠳᠡᠯᠭᠡᠭᠦᠷ ᠢᠶᠠᠨ ᠨᠡᠭᠡᠭᠡᠴᠢᠬᠡᠭᠰᠡᠨ᠃ ᠡᠨᠡ ᠱᠠᠯᠠᠨ ᠤ ᠴᠠᠭᠠᠰᠤ ᠶᠢ ᠪᠢ ᠥᠪᠡᠷ ᠲᠡᠭᠡᠨ ᠳᠡᠪᠢᠰᠦᠭᠰᠡᠨ᠂ ᠡᠨᠡ ᠬᠤᠷᠭᠤ ᠨᠤᠭᠤᠳ ᠢ ᠰᠦᠯᠵᠢᠶᠡᠨ ᠠᠴᠠ ᠠᠪᠤᠭᠠᠳ ᠥᠪᠡᠷ ᠲᠡᠭᠡᠨ ᠤᠭᠰᠠᠷᠠᠭᠰᠠᠨ᠃ ᠡᠳᠡᠭᠡᠷ ᠵᠢᠷᠤᠭ ᠴᠤ ᠮᠢᠨᠤ ᠥᠪᠡᠷ ᠤᠨ ᠵᠢᠷᠤᠭᠰᠠᠨ ᠵᠢᠷᠤᠭ᠂᠂᠂᠂︾ ᠭᠡᠬᠦᠴᠢᠯᠡᠨ ᠪᠠᠭᠠᠬᠠᠨ ᠪᠡᠯᠡ ᠤᠷᠤᠭᠤᠯᠤᠯᠳᠠ ᠪᠠᠷ ᠪᠣᠰᠬᠠᠭᠰᠠᠨ ᠦᠢᠯᠡᠰ ᠲᠡᠭᠡᠨ ᠬᠡᠰᠢᠭᠮ᠎ᠠ ᠶᠡᠭᠡ ᠬᠠᠨᠤᠮᠵᠢᠳᠠᠢ ᠪᠠᠶᠢᠯ᠎ᠠ᠃ ︽ᠬᠥᠮᠥᠨ ᠶᠡᠷᠦᠨᠢ ᠶᠠᠭᠤᠮ᠎ᠠ ᠬᠢᠬᠦ ᠦᠭᠡᠢ᠂ ᠵᠣᠭᠤᠰ ᠣᠯᠵᠤ ᠠᠮᠢᠳᠤᠷᠠᠯ ᠢᠶᠠᠨ ᠥᠭᠡᠳᠡ ᠲᠠᠲᠠᠶ᠎ᠠ ᠭᠡᠰᠡᠨ ᠬᠦᠰᠡᠯ ᠮᠥᠷᠥᠭᠡᠳᠦᠯ ᠪᠠᠶᠢᠬᠤ ᠦᠭᠡᠢ ᠪᠤᠯᠬᠤ ᠦᠭᠡᠢ᠃ ᠬᠡᠦᠬᠡᠳ ᠠᠪᠤᠨ᠎ᠠ ᠭᠡᠵᠦ ᠬᠤᠶᠠᠷ ᠵᠢᠯ ᠠᠵᠢᠯᠯᠠᠭᠰᠠᠨ ᠦᠭᠡᠢ ᠴᠢᠨᠢ ᠨᠡᠶᠢᠭᠡᠮ ᠠᠴᠠ ᠭᠡᠭᠡᠭᠳᠡᠬᠦ ᠭᠡᠳ ᠪᠤᠯᠳᠠᠭ ᠦᠭᠡᠢ ᠃ ᠲᠡᠶᠢᠮᠤ ᠳᠡᠭᠡᠨ ᠬᠤᠷᠳᠤᠨ ᠡᠶᠢᠮᠦ ᠨᠢᠭᠡ ᠶᠠᠭᠤᠮ᠎ᠠ ᠭᠢᠶ᠎ᠡ ᠭᠡᠰᠡᠨ ᠪᠤᠳᠤᠯ ᠣᠷᠣᠯ᠎ᠠ᠃ ᠡᠨᠡ ᠳᠡᠯᠭᠡᠭᠦᠷ ᠴᠢᠨᠢ ᠶᠣᠰᠣᠨ ᠳᠠᠭᠠᠨ ᠥᠪᠡᠷ ᠤᠨ ᠪᠡᠶ᠎ᠡ ᠳᠡᠭᠡᠨ ᠪᠡᠯᠡᠭᠯᠡᠭᠰᠡᠨ ᠪᠡᠯᠡᠭ ᠰᠢᠤ︾ ᠭᠡᠬᠦ ᠶᠤᠮ᠃      
 
ᠢᠷᠡᠯᠲᠡ᠄ ᠠᠯᠠᠱᠠ ᠶᠢᠨ ᠡᠳᠦᠷ ᠤᠨ ᠰᠣᠨᠢᠨ 
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号