| ᠪᠤᠶᠠᠨᠪᠠᠲᠤ | | ︵ᠵᠡᠭᠦᠳᠦ ᠤᠴᠢᠷ ᠲᠠᠢ᠂ ᠵᠡᠭᠦᠦ ᠰᠦᠪᠡᠭᠴᠢ ᠲᠠᠢ - ᠠᠷᠠᠳ ᠤᠨ ᠵᠦᠢᠷ ᠦᠭᠡ ᠠᠴᠠ︶ | ᠬᠤᠭᠤᠷᠴᠢ ᠳ᠋ᠠᠨᠢᠭ᠎ᠠ ᠶᠠᠭᠠᠬᠢᠭᠠᠳ ᠴᠦ ᠶᠤᠮ ᠭᠡᠨᠡᠳᠲᠡ ᠯᠡ ᠮᠥᠷ ᠰᠤᠷᠠᠭ ᠦᠭᠡᠢ ᠠᠯᠠᠭ᠎ᠠ | ᠪᠣᠯᠤᠭᠰᠠᠨ ᠭᠡᠨ᠎ᠡ ᠁ | ᠤᠤᠯ ᠨᠢ ᠡᠶᠢᠮᠦ ᠠᠵᠤᠭᠤ᠄ | ᠰᠡᠭᠦᠯ ᠤᠨ ᠵᠢᠯ ᠤᠳ ᠲᠤ ᠲᠡᠭᠷᠢ ᠬᠠᠩᠭᠠᠢ ᠨᠢᠭᠤᠷ ᠪᠤᠷᠤᠭᠤᠯᠠᠨ ᠬᠤᠷ᠎ᠠ ᠤᠰᠤ ᠪᠠᠨ ᠬᠠᠷᠠᠮᠯᠠᠨ᠂ ᠵᠢᠯ | ᠳᠠᠷᠠᠭᠠᠯᠠᠨ ᠭᠠᠩ ᠭᠠᠴᠢᠭ ᠦᠷᠭᠦᠯᠵᠢᠯᠡᠭᠰᠡᠨ ᠤ ᠵᠡᠷᠭᠡᠴᠡᠭᠡ ᠬᠡᠴᠡᠭᠦᠦ ᠨᠡᠷᠡᠲᠦ ᠴᠦ ᠰᠠᠪ ᠯᠡ ᠭᠡᠪᠡᠯ ᠲᠡᠳᠡᠨ ᠤ | ᠰᠦᠷᠦᠭ ᠤᠷᠤᠭᠤ ᠤᠯᠠᠩᠭᠠᠰᠤᠨ ᠳᠠᠭᠠᠷᠢᠭᠠᠳ᠂ ︽ᠭᠠᠩ ᠵᠤᠳ ᠲᠠᠢ ᠭᠠᠷ ᠨᠡᠶᠢᠯᠡᠨ︾ ᠥᠨᠥᠬᠢ ᠴᠠᠭᠠᠴᠢ | ᠪᠠᠶᠠᠨ ᠤ ᠰᠦᠷᠦᠭ ᠠᠴᠠ ᠪᠠᠭ᠋ᠠᠨ ᠬᠤᠷᠣᠭᠠᠵᠠᠢ᠃ ᠲᠡᠭᠦᠪᠡᠷ ᠪᠠᠷᠠᠬᠤ ᠦᠭᠡᠢ ᠶᠠᠮᠠᠷ ᠴᠦ ᠰᠢᠯᠲᠠᠭᠠᠨ ᠦᠭᠡᠢ ᠪᠠᠷ ᠮᠠᠯ | ᠨᠢ ᠦᠬᠦᠭᠡᠳ ᠪᠠᠶᠢᠳᠠᠭ ᠪᠣᠯᠪᠠ᠃ | ᠲᠡᠭᠡᠭᠡᠳ ᠬᠤᠭᠤᠷᠴᠢ ᠳ᠋ᠠᠨᠢᠭ᠎ᠠ ᠶᠢ ᠵᠠᠯᠠᠵᠤ᠂ ᠬᠤᠭᠤᠷ ᠬᠤᠭᠤᠷᠳᠠᠭᠤᠯᠤᠨ ᠦᠯᠢᠭᠡᠷ ᠲᠤᠤᠯᠢᠰ | ᠬᠠᠶᠢᠯᠠᠭᠤᠯᠵᠤ᠂ ᠳᠣᠮ ᠵᠠᠰᠠᠯ ᠬᠢᠯᠭᠡᠪᠡᠯ ᠭᠠᠢ ᠪᠠᠷᠴᠢᠳ ᠠᠴᠠ ᠲᠦᠷᠭᠡᠨ ᠵᠠᠶᠢᠯᠠᠵᠤ ᠪᠤᠯᠬᠤ ᠶᠤᠮ ᠭᠡᠰᠡᠨ | ᠵᠠᠷᠤᠴᠠ ᠶᠢᠨ ᠰᠠᠨᠠᠭᠤᠯᠭ᠎ᠠ ᠪᠠᠷ ᠪᠠᠶᠠᠨ ᠴᠠᠭᠠᠴᠢ ᠡᠪᠦᠭᠡᠨ ᠬᠤᠭᠤᠷᠴᠢ ᠶᠢ ᠬᠠᠳᠠᠭ ᠴᠠᠢ ᠲᠠᠢ ᠭᠡᠷ ᠲᠡᠭᠡᠨ ᠵᠠᠯᠠᠭᠰᠠᠨ | ᠪᠤᠯᠪᠠᠴᠤ ᠪᠡᠶ᠎ᠡ ᠯᠠᠭᠱᠠᠨ ᠲᠠᠭᠠᠷᠠᠤ ᠪᠠᠶᠢᠨ᠎ᠠ ᠭᠡᠰᠡᠨ ᠰᠢᠯᠲᠠᠭ ᠢᠶᠠᠷ ᠲᠠᠲᠠᠭᠠᠯᠵᠠᠵᠠᠢ᠃ ᠡᠶᠢᠮᠦ ᠶᠠᠩᠵᠤ ᠪᠠᠷ ᠪᠠᠶᠢᠨ | ᠲᠠᠭᠢᠨ ᠬᠥᠮᠥᠨ ᠲᠣᠮᠢᠯᠠᠨ ᠵᠠᠯᠠᠭᠰᠠᠨ ᠪᠤᠯᠪᠠᠴᠤ ᠪᠦᠷ ᠯᠡ ᠠᠳᠠᠯᠢᠬᠠᠨ ᠦᠷ᠎ᠡ ᠳ᠋ᠦᠩ ᠣᠯᠪᠠ᠃ ︽ᠭᠤᠣᠯ | ᠲᠠᠰᠤᠷᠠᠬᠰᠠᠨ ᠴᠦ ᠭᠤᠷᠢ ᠲᠠᠰᠤᠷᠠᠳᠠᠭ ᠦᠭᠡᠢ︾ ᠨᠥᠭᠦᠭᠡ ᠪᠠᠶᠠᠨ ᠡᠴᠦᠰ ᠤᠨ ᠭᠤᠷᠢᠳᠠᠯᠭ᠎ᠠ ᠡᠪᠦᠷᠯᠡᠨ ᠥᠪᠡᠷ ᠤᠨ | ᠪᠡᠶ᠎ᠡ ᠪᠠᠷ ᠢᠶᠠᠨ ᠡᠪᠦᠭᠡᠨ ᠤ ᠳᠤ ᠣᠴᠢᠵᠤ᠂ ᠡᠴᠢᠨᠡᠭᠡᠨ ᠲᠡᠴᠢᠨᠡᠭᠡᠨ ᠯᠠᠩ ᠮᠥᠩᠭᠦ᠂ ᠮᠠᠯ ᠤᠨᠤᠭ᠎ᠠ ᠠᠮᠠᠯᠠᠨ | ᠰᠥᠬᠦᠷᠡᠬᠦ ᠶᠢᠨ ᠨᠠᠭᠠᠭᠤᠷ ᠭᠤᠶᠣᠭᠰᠠᠨ ᠪᠤᠯᠪᠠᠴᠤ ᠬᠤᠭᠤᠷᠴᠢ ᠳ᠋ᠠᠨᠢᠭ᠎ᠠ ᠪᠠᠰᠠ ᠯᠠ ᠬᠥᠳᠡᠯᠦᠭᠰᠡᠨ ᠦᠭᠡᠢ | ᠮᠥᠷᠲᠡᠭᠡᠨ ᠲᠡᠭᠰᠢ ᠬᠠᠷᠠᠵᠤ᠂ ᠴᠠᠢ ᠴᠦ ᠠᠶᠠᠭᠠᠯᠠᠭᠰᠠᠨ ᠦᠭᠡᠢ ᠭᠡᠨ᠎ᠡ᠃ ᠪᠠᠶᠠᠨ ᠳᠡᠯᠪᠡᠷᠡᠲᠡᠯ᠎ᠡ ᠪᠠᠨ ᠠᠭᠤᠷᠯᠠᠵᠤ᠂ | ᠮᠢᠨᠤ ᠮᠠᠯ ᠰᠦᠷᠦᠭ ᠬᠤᠷᠣᠭᠳᠠᠭᠠᠳ ᠪᠠᠶᠢᠳᠠᠭ ᠨᠢ ᠴᠢᠨᠦ ᠬᠠᠷᠢᠶᠠᠯ ᠵᠢᠳᠭ᠋ᠠ ᠠᠴᠠ ᠪᠣᠯᠤᠭᠰᠠᠨ ᠪᠠᠶᠢᠬ᠎ᠠ ᠬᠡᠮᠡᠨ | ᠰᠣᠬᠤᠷ ᠳᠣᠭᠤᠯᠠᠩ᠂ ᠬᠤᠭᠤᠰᠤᠨ ᠶᠠᠳᠠᠭᠤ ᠳᠣᠯᠣᠭᠠᠨ ᠪᠤᠯᠴᠢᠷᠬᠠᠢ ᠶᠢ ᠨᠢ ᠲᠣᠭᠠᠴᠢᠨ ᠬᠠᠷᠢᠶᠠᠭᠠᠳ ᠵᠣᠭᠰᠣᠭᠰᠠᠨ | ᠦᠭᠡᠢ ᠬᠤᠶᠠᠷ ᠵᠠᠷᠤᠴᠠ ᠪᠠᠨ ᠵᠠᠷᠯᠢᠭᠳᠠᠨ ᠠᠮᠢᠨ ᠭᠤᠣᠯ ᠨᠢ ᠪᠣᠯᠤᠭᠰᠠᠨ ᠡᠺᠡᠯ ᠬᠡᠮᠡᠬᠦ ᠬᠤᠭᠤᠷ ᠢ ᠨᠢ ᠪᠠᠯᠪᠠ | ᠳᠡᠪᠰᠡᠨ ᠬᠤᠭᠤᠯᠵᠤ᠂ ᠲᠤᠯᠭᠠᠨ ᠤ ᠭᠠᠯ ᠤᠷᠤᠭᠤ ᠰᠢᠳᠡᠭᠰᠡᠨ ᠠᠵᠢ᠃ ᠡᠪᠦᠭᠡᠨ ᠬᠡᠦᠬᠡᠳ ᠰᠢᠭ ᠣᠷᠢ ᠳᠠᠭᠤ | ᠲᠠᠯᠪᠢᠨ ᠭᠠᠯ ᠤᠷᠤᠭᠤ ᠬᠤᠭᠤᠷ ᠢᠶᠠᠨ ᠠᠪᠬᠤ ᠭᠡᠵᠦ ᠵᠢᠳᠬᠦᠭᠰᠡᠨ ᠪᠤᠯᠪᠠᠴᠤ ᠬᠤᠶᠠᠷ ᠵᠠᠯᠠᠭᠤ ᠡᠪᠦᠭᠡᠨ ᠤ ᠭᠠᠷ ᠢ | ᠨᠢ ᠮᠤᠰᠬᠢᠨ ᠬᠤᠭᠤᠯᠠᠢ ᠶᠢ ᠨᠢ ᠪᠠᠭᠠᠯᠵᠠᠭᠤᠷᠳᠠᠨ ᠬᠤᠭᠤᠷ ᠢ ᠰᠢᠲᠠᠵᠤ ᠪᠠᠷᠠᠲᠠᠯ᠎ᠠ ᠨᠢ ᠨᠤᠬᠤᠴᠢᠨ ᠳᠠᠷᠤᠵᠠᠢ᠃ | ᠬᠤᠭᠤᠷ ᠨᠢ ᠬᠥᠬᠡ ᠤᠯᠠᠭᠠᠨ ᠣᠯᠠᠨ ᠥᠩᠭᠡ ᠪᠠᠷ ᠲᠣᠭᠤᠨᠣ ᠲᠤᠯᠲᠠᠯ᠎ᠠ ᠳᠦᠷᠡᠯᠵᠡᠨ ᠰᠢᠲᠠᠵᠤ ᠳᠠᠭᠤᠰᠬᠤ ᠳᠤ | ᠡᠪᠦᠭᠡᠨ ᠢ ᠣᠷᠭᠢᠨ ᠭᠠᠷᠬᠤ ᠳᠠᠭᠠᠨ ︽ᠣᠳᠣ ᠴᠢᠨᠦ ᠬᠤᠭᠤᠷ ᠢᠶᠠᠷ ᠢᠶᠠᠨ ᠡᠷᠳᠦᠨ ᠬᠤᠶᠢᠰᠠᠭᠠᠨᠠᠬᠤ ᠶᠢ ᠴᠢᠨᠢ | ᠬᠠᠷᠠᠶ᠎ᠠ ᠳ᠋ᠠ︕︾ ᠭᠡᠳ ᠰᠡᠳᠬᠢᠯ ᠬᠠᠩᠬᠤᠯᠤᠭᠤᠨ ᠢᠨᠢᠶᠡᠯᠳᠦᠨ ᠭᠠᠷᠴᠤ ᠣᠳᠴᠠᠢ᠃ ᠡᠪᠦᠭᠡᠨ ᠭᠡᠷ ᠤᠨ ᠢᠶᠠᠨ | ᠪᠣᠱᠤᠭ᠎ᠠ ᠪᠠᠷ ᠵᠦᠳᠡᠭᠦᠬᠡᠨ ᠮᠥᠯᠬᠦᠨ ᠭᠠᠷᠴᠤ ᠢᠷᠡᠭᠡᠳ᠂ ︽ᠲᠣᠭᠤᠨᠣ ᠳᠤ ᠴᠢᠨᠢ ᠲᠠᠰ ᠥᠨᠳᠡᠭᠡᠯᠡ︕ | ᠲᠣᠭᠤᠭᠠᠨ ᠳᠤ ᠴᠢᠨᠢ ᠴᠢᠨ᠋ᠸ᠎ᠠ ᠬᠦᠯᠦᠭᠯᠡ︕ ᠭᠤᠯᠣᠮᠲᠠ ᠠᠴᠠ ᠴᠢᠨᠢ ᠭᠤᠶᠣᠣ ᠤᠷᠭᠤ︕ ᠭᠤᠷᠪᠠᠨ ᠡᠳᠦᠷ ᠠᠴᠠ | ᠭᠤᠲᠤᠭ ᠢᠶᠠᠨ ᠣᠯ︕ ᠁︾ ᠬᠡᠮᠡᠨ ᠲᠡᠳᠡ ᠨᠠᠷ ᠤᠨ ᠠᠷᠤ ᠠᠴᠠ ᠰᠢᠷᠣᠢ ᠰᠠᠴᠤᠨ ᠮᠣᠷᠳᠠᠭᠤᠯᠤᠭᠰᠠᠨ ᠭᠡᠳᠡᠭ | ᠶᠤᠮ᠃ | ᠲᠡᠷᠡ ᠡᠳᠦᠷ ᠤᠨ ᠰᠥᠨᠢ ᠠᠴᠠ ᠯᠠ ᠡᠪᠦᠭᠡᠨ ᠬᠤᠭᠤᠷᠴᠢ ᠵᠡᠭᠦᠳᠦ ᠵᠡᠷᠭᠡᠯᠭᠡᠨ ᠰᠢᠭ ᠠᠯᠠᠭ᠎ᠠ ᠪᠣᠯᠤᠭᠰᠠᠨ | ᠠᠪᠠᠢ᠃ | ᠁ | ᠬᠤᠭᠤᠷᠴᠢ ᠳ᠋ᠠᠨᠢᠭ᠎ᠠ ᠶᠠᠳᠠᠭᠤ ᠠᠶᠢᠯ ᠤᠨ ᠵᠦᠳᠡᠭᠦᠦ ᠬᠡᠦᠬᠡᠳ ᠪᠠᠶᠢᠵᠠᠢ᠃ ᠡᠬᠡ ᠨᠢ ᠴᠡᠷᠡᠨᠪᠠᠳᠮᠠ | ᠭᠡᠳᠡᠭ ᠭᠠᠭᠴᠠ ᠪᠡᠶ᠎ᠡ ᠪᠦᠰᠡᠭᠦᠢ᠃ ᠭᠠᠵᠠᠷ ᠳᠠᠭᠠᠭᠠᠬᠤ ᠦᠭᠡᠢ ᠪᠠᠶᠠᠨ ᠪᠠᠷᠬᠠᠰ ᠤᠨ ᠵᠠᠷᠤᠳᠠᠰᠤ ᠤᠳ ᠤᠨ ᠨᠢᠭᠡ ᠨᠢ | ᠪᠥᠭᠡᠳ ᠲᠡᠷᠲᠡᠭᠡ ᠬᠤᠲᠠᠨ ᠵᠠᠬ᠎ᠠ ᠳᠤ ᠤᠲᠤᠭ᠎ᠠ ᠰᠢᠷᠣᠢ ᠬᠤᠶᠠᠷ ᠵᠠᠭᠤᠭᠰᠠᠨ ᠴᠣᠮᠴᠣᠭᠤᠷ ᠬᠠᠷ᠎ᠠ ᠴᠡᠭᠡᠵᠢᠨ ᠭᠡᠷ | ᠲᠡᠭᠡᠨ ᠬᠦᠦ ᠲᠠᠢ ᠪᠠᠨ ᠬᠤᠶᠠᠭᠤᠯᠠᠬᠠᠨ ᠠᠮᠢᠳᠤᠷᠠᠵᠤ᠂ ᠭᠠᠷ ᠤᠨ ᠤᠷ᠎ᠠ᠂ ᠭᠠᠪᠰᠢᠭᠠᠢ ᠭᠦᠳᠡᠯᠮᠦᠷᠢ ᠪᠠᠷ ᠢᠶᠠᠨ ᠪᠠᠶᠠᠨ | ᠠᠶᠢᠯ ᠤᠨ ᠥᠨᠳᠥᠷ ᠬᠡᠮᠵᠢᠭᠦᠷ ᠲᠤ ᠠᠷᠠᠢ ᠲᠣᠷᠤᠨ᠂ ᠥᠷᠥᠰᠢᠶᠡᠯ ᠦᠭᠡᠢ ᠬᠠᠷᠢᠶᠠᠯ ᠵᠠᠩᠳᠤᠷᠤᠯ ᠢ ᠲᠡᠪᠴᠢᠶᠡᠷᠢ | ᠵᠢᠭᠠᠨ ᠲᠡᠰᠪᠦᠷᠢᠯᠡᠵᠦ᠂ ᠦᠯᠡᠳᠡᠭᠰᠡᠨ ᠳᠤᠰᠤᠭᠰᠠᠨ ᠢᠶᠠᠷ ᠨᠢ ᠬᠤᠭᠤᠯᠠᠯᠠᠨ᠂ ᠤᠷᠠᠭᠳᠠᠭᠰᠠᠨ ᠬᠠᠶᠠᠭᠳᠠᠭᠰᠠᠨ ᠢᠶᠠᠷ | ᠨᠢ ᠬᠤᠪᠴᠠᠰᠤᠯᠠᠵᠤ᠂ ᠡᠳᠦᠷ ᠤᠨ ᠨᠠᠷᠠ ᠶᠢ ᠪᠠᠷᠠᠵᠤ᠂ ᠡᠪᠦᠯ ᠵᠤᠨ ᠢ ᠡᠯᠡᠭᠡᠭᠰᠡᠭᠡᠷ ᠡᠳᠦᠢ ᠬᠦᠷᠴᠡᠢ᠃ | ᠳ᠋ᠠᠨᠢᠭ᠎ᠠ ᠶᠢᠨ ᠨᠡᠷ᠎ᠡ ᠶᠢ ᠬᠦᠷᠡᠯᠲᠣᠭᠤᠭᠠ ᠭᠡᠳᠡᠭ ᠪᠤᠯᠪᠠᠴᠤ ᠲᠡᠭᠦᠪᠡᠷ ᠨᠢ ᠳᠠᠭᠤᠳᠠᠭᠰᠠᠨ ᠬᠥᠮᠥᠨ ᠡᠵᠢ | ᠪᠣᠯᠣᠨ ᠨᠠᠭᠠᠳᠴᠤ ᠥᠰᠦᠭᠰᠡᠨ ᠦᠶ᠎ᠡ ᠶᠢᠨ ᠬᠡᠳᠦᠨ ᠬᠡᠦᠬᠡᠳ ᠠᠴᠠ ᠥᠭᠡᠷ᠎ᠡ ᠬᠥᠮᠥᠨ ᠪᠠᠶᠢᠭᠰᠠᠨ ᠦᠭᠡᠢ᠃ | ᠬᠤᠵᠢᠮ ᠨᠢ ᠨᠠᠰᠤ ᠠᠬᠢᠵᠤ ᠠᠯᠳᠠᠷ ᠮᠠᠨᠳᠤᠬᠤ ᠶᠢᠨ ᠬᠢᠷᠢ ᠪᠠᠷ ᠬᠥᠮᠥᠰ ᠨᠤᠲᠤᠭ ᠤᠨ ᠵᠠᠩᠰᠢᠯ ᠶᠣᠰᠣᠭᠠᠷ ᠳ᠋ᠠᠨᠢᠭ᠎ᠠ | ᠬᠡᠮᠡᠨ ᠠᠪᠤᠭᠠᠶᠢᠯᠠᠨ ᠳᠠᠭᠤᠳᠠᠭᠠᠳ᠂ ᠬᠦᠷᠡᠯᠲᠣᠭᠤᠭᠠ ᠭᠡᠰᠡᠨ ᠨᠡᠷ᠎ᠡ ᠶᠢ ᠪᠠᠷᠤᠭ ᠮᠠᠷᠲᠠᠵᠠᠢ᠃ | ᠬᠦᠷᠡᠯᠲᠣᠭᠤᠭᠠ ᠲᠠᠪᠤ ᠵᠢᠷᠭᠤᠭᠠᠨ ᠨᠠᠰᠣᠨ ᠤ ᠦᠶ᠎ᠡ ᠳᠡᠭᠡᠨ ᠨᠢᠭᠡ ᠡᠳᠦᠷ ᠡᠵᠢ ᠠᠴᠠ ᠪᠠᠨ ︽ᠥᠭᠡᠷ᠎ᠡ | ᠠᠶᠢᠯ ᠤᠨ ᠬᠡᠦᠬᠡᠳ ᠪᠦᠷ ᠠᠪᠤ ᠲᠠᠢ ᠪᠠᠶᠢᠬᠤ ᠳᠤ ᠪᠢ ᠶᠠᠭᠠᠬᠢᠭᠠᠳ ᠪᠠᠶᠢᠳᠠᠭ ᠦᠭᠡᠢ ᠶᠤᠮ ᠪᠤᠢ︖︾ ᠭᠡᠵᠦ | ᠭᠡᠨᠡᠳᠲᠡ ᠠᠰᠠᠭᠤᠬᠤ ᠳᠤ ᠡᠵᠢ ᠨᠢ ᠰᠢᠷᠢᠳᠡᠭ ᠰᠢᠷᠢᠵᠦ ᠪᠠᠶᠢᠭᠰᠠᠨ ᠢᠶᠠᠨ ᠵᠤᠭ ᠲᠤᠰᠤᠨ ︽ᠡᠵᠢ ᠨᠢ ᠴᠢᠮᠠᠶᠢ | ᠵᠡᠭᠦᠳᠦ ᠪᠠᠷ ᠢᠶᠠᠨ ᠣᠯᠣᠭᠰᠠᠨ ᠶᠤᠮ᠃ ᠠᠷᠪᠠᠨ ᠨᠠᠢᠮᠠ ᠲᠠᠢ ᠪᠠᠶᠢᠭᠰᠠᠨ ᠲᠡᠷᠡ ᠵᠢᠯ ᠤᠨ ᠨᠢᠭᠡ ᠰᠥᠨᠢ ᠶᠢᠨ | ᠵᠡᠭᠦᠳᠦᠨ ᠳᠤ ᠮᠣᠷᠢᠨ ᠬᠤᠭᠤᠷ ᠪᠠᠷᠢᠭᠰᠠᠨ ᠨᠢᠭᠡ ᠰᠠᠶᠢᠬᠠᠨ ᠵᠠᠯᠠᠭᠤ ᠣᠷᠣᠵᠤ ᠢᠷᠡᠭᠡᠳ᠂ ᠨᠠᠳᠠᠳᠤ ᠣᠬᠲᠣ ᠠᠴᠠ | ᠰᠣᠨᠣᠰᠤᠭ᠎ᠠ ᠦᠭᠡᠢ ᠳᠠᠭᠤᠤ ᠶᠢ ᠬᠤᠭᠤᠷᠳᠠᠨ ᠳᠠᠭᠤᠯᠠᠵᠤ ᠥᠭᠬᠦ ᠳᠤ ᠪᠢ ᠲᠡᠰᠬᠡᠯ ᠦᠭᠡᠢ ᠤᠶᠠᠷᠠᠨ ᠤᠬᠢᠯᠠᠵᠤ | ᠪᠠᠶᠢᠬᠤ ᠶᠤᠮ᠃ ᠲᠡᠭᠡᠵᠦ ᠵᠡᠭᠦᠳᠦᠯᠡᠭᠰᠡᠨ ᠠᠴᠠ ᠴᠢᠮᠠᠶᠢ ᠵᠢᠷᠮᠦᠰᠦᠯᠡᠭᠰᠡᠨ ᠶᠤᠮ᠃ ᠲᠡᠶᠢᠮᠦ ᠪᠣᠯᠬᠤᠷ ᠴᠢ ᠪᠣᠯ | ᠵᠡᠭᠦᠳᠦᠨ ᠤ ᠬᠦᠦ ᠶᠤᠮ ᠰᠢᠦ᠃ ᠠᠪᠤ ᠴᠢᠨᠢ ᠬᠠᠮᠢᠭ᠎ᠠ ᠨᠢᠭᠡᠲᠡᠭᠡ ᠬᠤᠭᠤᠷ ᠢᠶᠠᠨ ᠬᠥᠭᠯᠡᠨ ᠳᠠᠭᠤᠤ ᠪᠠᠨ | ᠳᠠᠭᠤᠯᠠᠭᠠᠳ ᠯᠠ ᠶᠠᠪᠤᠵᠤ ᠪᠤᠢ ᠪᠠᠶᠢᠬ᠎ᠠ︾ ᠬᠡᠮᠡᠨ ᠬᠦᠦ ᠶᠢᠨ ᠢᠶᠠᠨ ᠠᠰᠠᠭᠤᠯᠲᠠ ᠶᠢ ᠲᠣᠪᠴᠢᠬᠠᠨ ᠬᠠᠷᠢᠭᠤᠯᠤᠭᠠᠳ | ᠳᠠᠭᠢᠵᠤ ᠶᠠᠭᠤ ᠴᠦ ᠬᠡᠯᠡᠭᠰᠡᠨ ᠦᠭᠡᠢ᠃ ᠬᠦᠦ ᠵᠠᠯᠭᠠᠭᠠᠳ ︽ᠲᠡᠷᠡ ᠬᠤᠭᠤᠷ ᠭᠡᠭᠴᠢ ᠨᠢ ᠶᠠᠮᠠᠷ ᠶᠠᠭᠤᠮ᠎ᠠ ᠪᠠᠶᠢᠳᠠᠭ | ᠶᠤᠮ ᠪᠤᠢ︖︾ ᠭᠡᠵᠦ ᠠᠰᠠᠭᠤᠬᠤ ᠳᠤᠨᠢ ︽ᠵᠢᠷᠤᠭ᠎ᠠ ᠴᠠᠭᠠᠨ ᠮᠣᠷᠢᠨ ᠤ ᠰᠡᠭᠦᠯ ᠤᠨ ᠶᠡᠷᠡ ᠶᠢᠰᠦᠨ | ᠬᠢᠯᠭᠠᠰᠤ ᠪᠠᠷ ᠴᠢᠪᠬᠠᠳᠠᠰᠤ ᠶᠢ ᠨᠢ ᠬᠢᠵᠦ᠂ ᠮᠣᠭᠠᠢ ᠶᠢᠨ ᠠᠷᠠᠰᠤ ᠪᠠᠷ ᠴᠠᠷᠠᠭ᠎ᠠ ᠶᠢ ᠨᠢ ᠪᠦᠷᠢᠭᠰᠡᠨ ᠮᠣᠷᠢᠨ ᠤ | ᠲᠣᠯᠣᠭᠠᠢ ᠲᠠᠢ ᠮᠠᠰᠢ ᠰᠣᠨᠤᠰᠬᠤᠯᠠᠩᠲᠠᠢ ᠳᠠᠭᠤ ᠠᠶᠠᠯᠭᠤ ᠭᠠᠷᠳᠠᠭ ᠬᠥᠭᠵᠢᠮ ᠤᠨ ᠵᠢᠮᠰᠡᠭ ᠢ ᠬᠡᠯᠡᠳᠡᠭ ᠶᠤᠮ | ᠪᠠᠶᠢᠨ᠎ᠠ ᠯᠠᠢ︾ ᠭᠡᠳ ᠲᠦᠯᠡᠭᠡ ᠪᠣᠯᠣᠨ ᠰᠢᠳᠡᠮᠰᠦ ᠡᠨᠡ ᠲᠡᠷᠡ ᠪᠠᠷ ᠦᠯᠢᠭᠡᠷᠯᠡᠨ ᠬᠡᠯᠡᠵᠦ ᠥᠭᠴᠡᠢ᠃ | ᠲᠡᠭᠦᠨ ᠠᠴᠠ ᠬᠤᠶᠢᠰᠢ ᠬᠦᠦ ᠡᠵᠢ ᠠᠴᠠ ᠪᠠᠨ ᠠᠪᠤ ᠶᠢᠨ ᠢᠶᠠᠨ ᠲᠤᠬᠠᠢ ᠳᠠᠭᠢᠵᠤ ᠠᠰᠠᠭᠤᠭᠰᠠᠨ ᠦᠭᠡᠢ | ᠃ ᠬᠠᠷᠢᠨ ᠠᠪᠤ ᠪᠠᠨ ᠰᠢᠭ᠋ ᠬᠤᠭᠤᠷᠴᠢ ᠪᠤᠯᠬᠤ ᠶᠢ ᠪᠢᠲᠡᠭᠦᠬᠡᠨ ᠮᠥᠷᠥᠭᠡᠳᠴᠦ᠂ ᠳᠠᠷᠠᠭ᠎ᠠ ᠡᠳᠦᠷ ᠠᠴᠠ ᠨᠢ ᠡᠬᠢᠯᠡᠨ | ᠡᠵᠢ ᠶᠢᠨ ᠢᠶᠠᠨ ᠬᠡᠯᠡᠭᠰᠡᠨ ᠶᠣᠰᠣᠭᠠᠷ ᠪᠤᠴᠢᠭᠢᠨᠠᠭᠤᠷ ᠤᠨ ᠬᠤᠵᠤᠤᠯ᠎ᠠ ᠪᠠᠷ ᠬᠤᠭᠤᠷ ᠮᠠᠶ᠋ᠢᠭ ᠤᠨ ᠶᠠᠭᠤᠮ᠎ᠠ ᠬᠢᠵᠦ᠂ | ᠪᠠᠷᠬᠠᠰ ᠪᠠᠶᠠᠨ ᠤ ᠠᠳᠤᠭᠤᠨ ᠤ ᠵᠡᠯᠡᠨ ᠳᠡᠭᠡᠷ᠎ᠡ ᠠᠴᠠ ᠴᠠᠭᠠᠨ ᠮᠣᠷᠢᠨ ᠤ ᠬᠢᠯᠭᠠᠰᠤ ᠴᠤᠭᠯᠠᠭᠤᠯᠤᠨ ᠰᠣᠯᠢ ᠶᠢᠨ | ᠮᠣᠳᠣ ᠪᠠᠷ ᠬᠤᠭᠤᠷ ᠤᠨ ᠬᠥᠪᠴᠢ ᠪᠣᠯᠭᠠᠨ ᠵᠡᠭᠦᠳᠦᠨ ᠳᠤ ᠢᠷᠡᠭᠰᠡᠨ ᠠᠪᠤ ᠪᠠᠨ ᠲᠥᠰᠥᠭᠡᠯᠡᠨ ᠬᠢᠷᠦᠭᠡᠳᠡᠨ | ᠲᠣᠭᠯᠠᠳᠠᠭ ᠪᠣᠯᠪᠠ᠃ | ᠬᠠᠪᠤᠷ ᠤᠨ ᠳᠤᠮᠳᠠ ᠰᠠᠷ᠎ᠠ ᠶᠢᠨ ᠤᠷᠲᠤ ᠰᠢᠷ᠎ᠠ ᠡᠳᠦᠷ ᠪᠠᠷᠬᠠᠰ ᠪᠠᠶᠠᠨ ᠤ ᠬᠡᠳᠦᠨ ᠲᠤᠩᠭᠤᠢ ᠢᠩᠭᠡ | ᠪᠣᠲᠣᠭᠤ ᠪᠠᠨ ᠭᠤᠯᠣᠭᠠᠳ ᠶᠡᠷᠦ ᠬᠥᠬᠦᠭᠦᠯᠬᠦ ᠦᠭᠡᠢ ᠪᠣᠯᠬᠤᠷ ᠠᠷᠭ᠎ᠠ ᠶᠠᠳᠠᠬᠤ ᠳᠠᠭᠠᠨ ᠬᠠᠮᠢᠭ᠎ᠠ ᠬᠤᠯᠠ ᠠᠴᠠ ᠪᠠᠭ | ᠰᠤᠮᠤ ᠠᠯᠤᠰᠯᠠᠵᠤ ᠪᠠᠶᠢᠵᠤ ᠨᠢᠭᠡ ᠬᠤᠭᠤᠷᠴᠢ ᠵᠠᠯᠠᠭᠤ ᠶᠢ ᠵᠠᠯᠠᠵᠤ ᠠᠪᠴᠢᠷᠠᠪᠠ᠃ ᠬᠤᠭᠤᠷᠴᠢ ᠵᠠᠯᠠᠭᠤ ᠠᠶᠢᠯ ᠳᠤ | ᠣᠷᠣᠵᠤ ᠴᠠᠶᠢᠯᠠᠵᠤ ᠪᠠᠷᠠᠮᠠᠭᠴᠠ ᠪᠠᠨ ᠭᠠᠷᠴᠤ ᠢᠷᠡᠨ᠂ ᠲᠡᠮᠡᠭᠡᠨ ᠤ ᠬᠤᠲᠠᠨ ᠳᠠᠬᠢ ᠲᠡᠮᠡᠭᠡ ᠤᠶᠠᠳᠠᠭ ᠪᠦᠳᠦᠭᠦᠨ | ᠵᠠᠭ ᠤᠨ ᠬᠤᠵᠤᠤᠯ᠎ᠠ ᠳᠡᠭᠡᠷ᠎ᠡ ᠰᠠᠨᠳᠠᠶᠢᠯᠠᠵᠤ ᠰᠠᠭᠤᠭᠠᠳ᠂ ᠪᠣᠲᠣᠭᠤ ᠪᠠᠨ ᠭᠤᠯᠣᠭᠰᠠᠨ ᠢᠩᠭᠡᠨ ᠳᠤ ᠬᠤᠭᠤᠷᠳᠠᠵᠤ | ᠭᠠᠷᠪᠠ᠃ ᠬᠦᠦ ᠶᠢᠨ ᠡᠵᠢ ᠨᠢ ᠪᠠᠰᠠ ᠪᠣᠲᠣᠭᠤ ᠠᠪᠬᠠᠭᠤᠯᠬᠤ ᠠᠵᠢᠯ ᠳᠤ ᠭᠠᠷ ᠪᠡᠶ᠎ᠡ ᠣᠷᠣᠯᠴᠠᠨ᠂ ︽ᠭᠦᠭᠡᠰ︕ | ᠭᠦᠭᠡᠰ︕︾ ᠬᠡᠮᠡᠨ ᠭᠤᠨᠢᠭᠲᠠᠶᠢᠬᠠᠨ ᠠᠶᠠᠰ ᠲᠠᠢ ᠪᠠᠷ ᠤᠶᠠᠩᠭᠠᠯᠠᠭᠤᠯᠤᠨ ᠳᠠᠭᠤᠯᠠᠵᠤ ᠡᠬᠢᠯᠡᠯ᠎ᠡ᠃ ᠥᠳᠬᠡᠨ | ᠬᠠᠷ᠎ᠠ ᠬᠥᠮᠥᠰᠬᠡ ᠲᠠᠢ᠂ ᠬᠦᠷᠡᠩ ᠪᠣᠷᠣ ᠴᠢᠷᠠᠢ ᠲᠠᠢ ᠵᠠᠯᠠᠭᠤ ᠥᠷᠭᠡᠨ ᠴᠠᠭᠠᠨ ᠰᠢᠳᠦ ᠪᠠᠨ ᠢᠷᠠᠯᠵᠠᠭᠤᠯᠤᠨ ᠡᠵᠢ | ᠤᠷᠤᠭᠤ ᠨᠢ ᠪᠠᠶᠢᠨ ᠪᠠᠶᠢᠨ ᠬᠠᠷᠠᠨ ᠦᠯᠦ ᠮᠡᠳᠡᠭ ᠲᠣᠯᠣᠭᠠᠢ ᠳᠣᠬᠢᠨ ᠢᠨᠢᠶᠡᠮᠰᠦᠭᠯᠡᠨ ᠬᠤᠭᠤᠷᠳᠠᠵᠤ ᠰᠠᠭᠤᠬᠤ ᠶᠢ | ᠨᠢ ᠬᠠᠷᠠᠭᠠᠳ ᠬᠠᠨᠤᠰᠢ ᠦᠭᠡᠢ᠂ ᠰᠣᠨᠣᠰᠤᠭᠠᠳ ᠪᠠᠷᠠᠰᠢ ᠦᠭᠡᠢ ᠪᠠᠶᠢᠪᠠ᠃ | ᠲᠡᠷᠡ ᠤᠶᠠᠷᠠᠭᠤᠨ ᠵᠢᠪᠬᠤᠯᠠᠩᠲᠤ ᠬᠤᠭᠤᠷ ᠤᠨ ᠢᠷᠠᠭᠤ ᠲᠤᠩᠭᠠᠯᠠᠭ ᠠᠶᠠᠯᠭᠤ ᠳᠤ ᠬᠦᠦ ᠶᠢᠨ | ᠰᠡᠳᠬᠢᠯ ᠪᠦᠷᠢᠮᠦᠰᠦᠨ ᠲᠠᠲᠠᠭᠳᠠᠵᠤ᠂ ᠬᠤᠭᠤᠷᠴᠢ ᠶᠢᠨ ᠳᠡᠷᠭᠡᠳᠡ ᠡᠯᠡᠰᠦᠨ ᠳᠡᠭᠡᠷ᠎ᠡ ᠰᠥᠬᠦᠷᠡᠨ ᠰᠠᠭᠤᠭᠠᠳ᠂ | ᠬᠤᠭᠤᠷ ᠤᠨ ᠴᠢᠪᠬᠠᠳᠠᠰᠤᠨ ᠳᠤ ᠠᠯᠠᠭ ᠬᠤᠶᠠᠷ ᠨᠢᠳᠦ ᠪᠠᠨ ᠠᠯᠳᠠᠴᠢᠬᠠᠬᠤ ᠰᠢᠬᠠᠮ ᠰᠢᠷᠲᠡᠩᠭᠡᠨ ᠪᠠᠶᠢᠯ᠎ᠠ᠃ | ᠪᠣᠲᠣᠭᠤ ᠪᠠᠨ ᠭᠤᠯᠣᠭᠰᠠᠨ ᠢᠩᠭᠡᠰ ᠤᠨ ᠬᠦᠷᠡᠩ ᠠᠯᠠᠭ ᠨᠢᠳᠦᠨ ᠠᠴᠠ ᠪᠥᠭᠡᠮ ᠪᠥᠭᠡᠮ ᠨᠢᠯᠪᠤᠰᠤ ᠪᠥᠮᠪᠥᠷᠢᠨ | ᠤᠨᠠᠵᠤ᠂ ᠴᠢᠨᠦᠷᠡᠭᠰᠡᠨ ᠬᠥᠬᠦ ᠨᠢ ᠢᠪᠢᠯᠦᠨ᠂ ᠥᠯᠥᠰᠥᠭᠰᠡᠨ ᠪᠣᠲᠣᠭᠤ ᠤᠳ ᠨᠢ ᠬᠤᠪᠳᠣᠭᠯᠠᠨ ᠬᠥᠬᠦᠵᠦ | ᠡᠬᠢᠯᠡᠬᠦ ᠳᠤ᠂ ᠬᠦᠦ ᠶᠢᠨ ᠲᠣᠷᠮᠣᠯᠵᠠᠭᠰᠠᠨ ᠨᠢᠳᠦᠨ ᠠᠴᠠ ᠴᠦ ᠥᠪᠡᠷ ᠤᠨ ᠡᠷᠬᠡ ᠦᠭᠡᠢ ᠨᠢᠯᠪᠤᠰᠤ ᠠᠰᠠᠬᠠᠷᠠᠨ᠂ | ᠲᠡᠷᠲᠡᠭᠡ ᠬᠠᠷᠠᠭᠳᠠᠬᠤ ᠠᠭᠤᠯᠠ ᠲᠣᠯᠣᠭᠠᠳ᠂ ᠳᠡᠷᠭᠡᠳᠡ ᠪᠥᠮᠪᠥᠶᠢᠬᠦ ᠭᠡᠷ ᠬᠠᠰᠢᠶ᠎ᠠ᠂ ᠮᠣᠷᠢᠨ ᠤ ᠵᠡᠯ᠎ᠡ᠂ ᠲᠡᠮᠡᠭᠡᠨ ᠤ | ᠱᠣᠩ ᠲᠡᠷᠡᠴᠢᠯᠡᠨ ᠨᠢᠳᠦᠨ ᠳᠤ ᠲᠣᠷᠬᠤ ᠪᠦᠭᠦ ᠶᠠᠭᠤᠮᠠᠰ ᠬᠤᠭᠤᠷ ᠤᠨ ᠠᠶᠠᠯᠭᠤᠨ ᠳᠤ ᠬᠥᠭᠯᠡᠭᠳᠡᠨ ᠨᠠᠶᠢᠭᠤᠯᠵᠠᠨ | ᠭᠠᠩᠬᠤᠵᠤ ᠪᠠᠶᠢᠬᠤ ᠰᠢᠭ᠋ ᠬᠠᠷᠠᠭᠳᠠᠪᠠ᠃ ᠡᠵᠢ ᠶᠢᠨ ᠬᠢᠨᠢ ᠳᠠᠩᠳᠠ ᠶᠠᠷᠢᠳᠠᠭ ᠦᠯᠢᠭᠡᠷ ᠤᠨ ᠣᠯᠨᠨ ᠪᠠᠭᠠᠲᠤᠷ ᠤᠳ | ᠬᠠᠲᠠᠷᠢᠭᠤᠯᠤᠭᠠᠳ ᠭᠠᠲᠤᠯᠬᠤ ᠰᠢᠭ᠋᠂ ᠲᠡᠭᠦᠨ ᠤ ᠳᠤᠮᠳᠠ ᠥᠪᠡᠷ ᠢᠶᠠᠨ ᠡᠮᠡᠭᠡᠯ ᠳᠡᠭᠡᠷ᠎ᠡ ᠪᠠᠨ ᠬᠤᠭᠤᠷ ᠢᠶᠠᠨ ᠲᠠᠲᠠᠨ | ᠢᠨᠢᠶᠡᠳᠦ ᠠᠯᠳᠠᠨ ᠳᠠᠭᠤᠯᠠᠵᠤ ᠶᠠᠪᠤᠭ᠎ᠠ ᠪᠠᠷ ᠲᠥᠰᠥᠭᠡᠯᠡᠭᠡᠳ ᠠᠮᠵᠢᠵᠠᠢ᠃ ᠢᠩᠭᠢᠵᠦ ᠲᠥᠰᠥᠭᠡᠯᠡᠨ ᠪᠤᠳᠣᠭᠠᠳ᠂ | ᠬᠡᠴᠢᠨᠡᠭᠡᠨ ᠬᠤᠨᠤᠭ ᠰᠣᠨᠣᠰᠤᠭᠠᠳ ᠰᠠᠭᠤᠭᠰᠠᠨ ᠴᠦ ᠤᠶᠢᠳᠬᠤ ᠪᠠᠷ ᠦᠭᠡᠢ ᠪᠠᠶᠢᠪᠠ᠃ ᠬᠤᠭᠤᠷ ᠤᠨ | ᠡᠭᠡᠰᠢᠭᠯᠡᠩᠲᠦ ᠠᠶᠠᠯᠭᠤᠨ ᠳᠤ ᠤᠶᠠᠷᠠᠨ ᠤᠬᠠᠭᠠᠷᠠᠭᠰᠠᠨ ᠶᠤᠮ ᠰᠢᠭ᠋ ᠢᠩᠭᠡᠰ ᠨᠢᠭᠡ ᠨᠢᠭᠡ ᠪᠠᠷ ᠪᠣᠲᠣᠭᠤ ᠪᠠᠨ | ᠬᠥᠬᠦᠭᠦᠯᠦᠨ᠂ ᠳᠡᠯᠡᠩ ᠤᠨ ᠴᠢᠨᠦᠷᠡᠭᠡ ᠨᠢ ᠲᠠᠯᠪᠢᠭᠳᠠᠨ ᠲᠠᠶᠢᠪᠤᠰᠢᠷᠠᠵᠤ᠂ ᠪᠣᠲᠣᠭᠤ ᠪᠠᠨ ᠬᠠᠵᠢᠭᠯᠠᠵᠤ ᠬᠠᠶᠢᠷᠳᠠᠭ | ᠪᠠᠶᠢᠭᠰᠠᠨ ᠪᠣᠯ ᠬᠠᠷᠠᠮᠯᠠᠨ ᠳᠠᠭᠠᠷᠢᠳᠠᠭ ᠪᠣᠯᠪᠠ᠃ ᠵᠠᠯᠠᠭᠳᠠᠵᠤ ᠢᠷᠡᠭᠰᠡᠨ ᠬᠤᠭᠤᠷᠴᠢ ᠶᠢᠨ ᠬᠡᠷᠡᠭ ᠪᠦᠲᠦᠵᠦ᠂ ᠪᠠᠰᠠ | ᠠᠶᠢᠯ ᠳᠤ ᠵᠠᠯᠬᠠᠲᠠᠯᠠ᠃ ᠳᠥᠷᠥᠭᠡ ᠠᠪᠬᠤ ᠶᠢᠨ ᠢᠶᠠᠨ ᠡᠮᠦᠨ᠎ᠡ ︽ᠡᠨᠡ ᠬᠡᠦᠬᠡᠳ ᠬᠤᠭᠤᠷ ᠬᠥᠭᠵᠢᠮ ᠳᠤ ᠦᠨᠡᠬᠡᠷ | ᠬᠤᠷᠣᠬᠠᠢ ᠲᠠᠢ ᠪᠠᠶᠢᠨ᠎ᠠ ᠰᠢᠦ᠃ ᠡᠶᠢᠮᠦ ᠬᠡᠦᠬᠡᠳ ᠢ ᠪᠢ ᠶᠡᠷᠦ ᠦᠵᠡᠭᠡ ᠦᠭᠡᠢ᠃ ᠵᠠᠶᠠᠭᠠᠮᠠᠯ ᠠᠪᠢᠶᠠᠰ ᠲᠠᠢ ᠬᠦᠦ | ᠶᠤᠮ ᠳ᠋ᠡ ᠴᠢ ᠁︾ ᠭᠡᠳ ᠳᠤᠬᠤᠨ ᠳᠡᠭᠡᠷ᠎ᠡ ᠨᠢ ᠵᠥᠭᠡᠯᠡᠨ ᠦᠨᠦᠰᠴᠡᠢ᠃ ᠬᠦᠷᠡᠯᠲᠣᠭᠤᠭᠠ ᠬᠥᠮᠥᠨ | ᠪᠣᠯᠤᠭᠰᠠᠨ ᠠᠴᠠ ᠬᠤᠶᠢᠰᠢ ᠠᠩᠬ᠎ᠠ ᠤᠳᠠᠭ᠎ᠠ ᠡᠷ᠎ᠡ ᠬᠥᠮᠥᠨ ᠢᠶᠠᠷ ᠦᠨᠦᠰᠦᠭᠦᠯᠦᠭᠰᠡᠨ ᠨᠢ ᠲᠡᠷᠡ ᠪᠠᠶᠢᠪᠠ᠃ ᠡᠨᠡ | ᠬᠤᠭᠤᠷᠴᠢ ᠠᠬ᠎ᠠ ᠠᠷᠠᠢ ᠠᠪᠤ ᠮᠢᠨᠢ ᠪᠢᠰᠢ ᠪᠠᠶᠢᠭ᠎ᠠ ᠳ᠋ᠠ᠃ ᠬᠡᠷᠪᠡ ᠮᠥᠨ ᠰᠠᠨ ᠪᠣᠯ ᠶᠠᠮᠠᠷ ᠭᠤᠶᠣ ᠪᠤᠢ ᠭᠡᠵᠦ | ᠪᠤᠳᠣᠵᠠᠢ᠃ ᠬᠤᠲᠠᠨ ᠵᠠᠬ᠎ᠠ ᠶᠢᠨ ᠠᠯᠢ ᠯᠡ ᠥᠨᠳᠥᠷ ᠪᠤᠲᠠ ᠰᠣᠨᠳᠤᠤᠯᠠ᠂ ᠬᠠᠳᠠ ᠴᠢᠯᠠᠭᠤᠨ ᠳᠡᠭᠡᠷ᠎ᠡ ᠭᠠᠷᠴᠤ | ᠵᠣᠭᠰᠣᠭᠠᠳ᠂ ᠲᠡᠰᠢᠭᠦᠯᠦᠭᠡᠳ ᠣᠳᠬᠤ ᠬᠤᠭᠤᠷᠴᠢ ᠶᠢᠨ ᠠᠷᠤ ᠠᠴᠠ ᠪᠠᠷ᠎ᠠ ᠲᠠᠰᠤᠷᠠᠲᠠᠯ᠎ᠠ ᠨᠢ ᠦᠳᠡᠬᠦ ᠳᠡᠭᠡᠨ | ᠰᠡᠮᠭᠡᠨ ᠤᠬᠢᠯᠠᠵᠤ ᠪᠠᠶᠢᠪᠠ᠃ ᠲᠡᠷᠡ ᠯᠡ ᠡᠳᠦᠷ ᠠᠴᠠ ᠡᠬᠢᠯᠡᠨ ᠲᠡᠷᠡ ᠬᠤᠭᠤᠷᠴᠢ ᠶᠢᠨ ᠮᠣᠷᠢᠨ ᠬᠤᠭᠤᠷ ᠢ | ᠳᠠᠭᠤᠷᠢᠶᠠᠯᠭᠠᠨ ᠤᠤᠯ ᠤᠨ ᠬᠢ ᠠᠴᠠ ᠪᠠᠨ ᠠᠷᠠᠢ ᠳᠡᠭᠡᠷ᠎ᠡ ᠰᠢᠭ ᠬᠤᠭᠤᠷ ᠬᠢᠬᠦ ᠶᠢ ᠬᠢᠴᠢᠶᠡᠪᠡ᠃ ᠤᠭᠤᠷᠠᠭ ᠨᠢ | ᠵᠠᠩᠭᠢᠷᠠᠭᠰᠠᠨ ᠲᠣᠷᠯᠤᠭ ᠤᠨ ᠬᠤᠵᠤᠤᠯ᠎ᠠ ᠪᠠᠷ ᠬᠤᠭᠤᠷ ᠪᠣᠯᠭᠠᠨ᠂ ᠣᠯᠠᠨ ᠡᠳᠦᠷ ᠬᠤᠨᠤᠭ ᠴᠤᠭᠯᠠᠭᠤᠯᠤᠭᠰᠠᠨ | ᠮᠣᠷᠢᠨ ᠤ ᠪᠠᠨ ᠬᠢᠯᠭᠠᠰᠤ ᠪᠠᠷ ᠴᠢᠪᠬᠠᠳᠠᠰᠤ᠂ ᠰᠣᠯᠢ ᠶᠢᠨ ᠮᠣᠳᠣ ᠪᠠᠷ ᠬᠥᠪᠴᠢ ᠬᠢᠪᠡ᠃ ᠲᠡᠭᠦᠨ ᠠᠴᠠ ᠬᠤᠶᠢᠰᠢ | ᠲᠡᠷᠡ ᠬᠤᠭᠤᠷᠴᠢ ᠠᠬ᠎ᠠ ᠪᠠᠨ ᠰᠢᠭ᠋ ᠡᠰᠡᠬᠦᠯ᠎ᠡ ᠡᠵᠢ ᠶᠢᠨ ᠬᠢᠨᠢ ᠵᠡᠭᠦᠳᠦᠨ ᠳᠤ ᠢᠷᠡᠭᠰᠡᠨ ᠠᠪᠤ ᠪᠠᠨ ᠰᠢᠭ᠋ | ᠬᠤᠭᠤᠷᠳᠠᠵᠤ ᠪᠠᠶᠢᠨ᠎ᠠ ᠬᠡᠮᠡᠨ ᠵᠠᠪ ᠴᠢᠯᠦᠭᠡ ᠯᠠ ᠣᠯᠳᠠᠪᠠᠯ ︽ᠬᠤᠭᠤᠷ︾ ᠢᠶᠠᠨ ᠬᠢᠷᠦᠭᠡᠳᠡᠵᠦ ᠭᠠᠷᠤᠨ᠎ᠠ᠃ | ᠲᠡᠭᠦᠨ ᠳᠤ ᠳᠠᠭᠤ ᠠᠪᠢᠶ᠎ᠠ ᠲᠠᠢ ᠶᠠᠭᠤᠮ᠎ᠠ ᠪᠦᠭᠦᠨ ᠭᠠᠶᠢᠬᠠᠮᠰᠢᠭᠲᠤ ᠬᠥᠭᠵᠢᠮ ᠤᠨ ᠠᠶᠠᠯᠭᠤ ᠪᠣᠯᠣᠨ | ᠲᠥᠰᠥᠭᠡᠯᠡᠭᠳᠡᠨᠡ᠃ ᠢᠩᠭᠡ ᠪᠣᠲᠣᠭᠤᠨ ᠤ ᠭᠤᠩᠭᠢᠨᠠᠭᠠᠨ᠂ ᠢᠰᠢᠭᠡ ᠬᠤᠷᠠᠭᠠᠨ ᠤ ᠮᠠᠶᠢᠯᠠᠭᠠᠨ᠂ ᠭᠦᠯᠦᠭ | ᠮᠣᠷᠢᠳ ᠤᠨ ᠦᠦᠷᠰᠡᠭᠡᠨ᠂ ᠪᠤᠲᠠ ᠮᠣᠳᠣᠨ ᠤ ᠰᠡᠷᠴᠢᠭᠢᠨᠡᠭᠡᠨ᠂ ᠰᠣᠯᠢ ᠬᠤᠯᠤᠰᠤᠨ ᠤ ᠬᠤᠭᠤᠷᠣᠨᠳᠤ ᠪᠠᠨ | ᠬᠠᠪᠢᠷᠤᠯᠳᠤᠭᠰᠠᠨ ᠦᠯᠦ ᠮᠡᠳᠡᠭᠬᠡᠨ ᠠᠨᠢᠷ᠂ᠲᠡᠷᠡ ᠪᠢᠲᠡᠭᠡᠢ ᠭᠡᠯᠡ ᠰᠢᠪᠠᠭᠤᠳ ᠤᠨ ᠵᠢᠷᠭᠢᠭᠡᠨ᠂ ᠴᠠᠷᠴᠠ | ᠭᠤᠯᠢᠶ᠎ᠠ ᠶᠢᠨ ᠴᠠᠷᠭᠢᠶ᠎ᠠ᠂ ᠲᠠᠷᠪᠠᠭ᠎ᠠ ᠶᠢᠨ ᠬᠤᠰᠭᠢᠷᠤᠭᠠ ᠁ ᠭᠦᠷᠲᠡᠯ᠎ᠡ ᠪᠦᠷ ᠬᠥᠭᠵᠢᠮ ᠤᠨ ᠪᠤᠮᠠᠨ ᠠᠶᠠᠯᠭᠤ | ᠪᠣᠯᠵᠤ ᠮᠡᠳᠡᠷᠡᠮᠵᠢ ᠶᠢ ᠨᠢ ᠬᠥᠭᠯᠡᠳᠡᠭ ᠪᠠᠶᠢᠪᠠ᠃ ᠶᠢᠷᠲᠢᠨᠴᠦ ᠶᠢᠨ ᠪᠦᠭᠦ ᠳᠠᠭᠤ ᠠᠪᠢᠶ᠎ᠠ ᠪᠦᠷ ᠬᠥᠭᠵᠢᠮ ᠶᠤᠮ ᠭᠡᠵᠦ | ᠲᠡᠷᠡ ᠪᠠᠯᠴᠢᠷ ᠣᠶᠣᠨ ᠳᠠᠭᠠᠨ ᠪᠠᠲᠤ ᠨᠤᠲᠠ ᠢᠲᠡᠭᠡᠭᠰᠡᠨ ᠠᠪᠠᠢ᠃ | ᠵᠤᠨ ᠤ ᠳᠡᠯᠭᠡᠷ ᠰᠠᠷ᠎ᠠ ᠳᠠᠭᠤᠰᠴᠤ᠂ ᠨᠠᠮᠤᠷ ᠤᠨ ᠨᠠᠯᠠᠭᠠᠷ ᠡᠳᠦᠷ ᠡᠬᠢᠯᠡᠵᠦ ᠪᠠᠶᠢᠭᠰᠠᠨ ᠨᠢᠭᠡ ᠡᠳᠦᠷ᠂ | ᠪᠠᠶᠠᠨ ᠪᠠᠷᠬᠠᠰ ᠤᠨ ᠬᠢᠨ ᠰᠢᠨ᠎ᠡ ᠢᠰᠡᠭᠡᠢ ᠪᠠᠷ ᠲᠣᠮᠣ ᠴᠠᠭᠠᠨ ᠪᠠᠶᠢᠪᠠᠩᠭᠠ ︵ᠭᠡᠷ︶ ᠪᠦᠷᠢᠭᠰᠡᠨ ᠪᠠᠶᠠᠷ ᠢᠶᠠᠨ | ᠲᠡᠮᠳᠡᠭᠯᠡᠵᠦ᠂ ᠬᠤᠯᠠ ᠣᠶᠢᠷ᠎ᠠ ᠶᠢᠨ ᠭᠡᠶᠢᠴᠢᠨ ᠢᠶᠠᠨ ᠵᠠᠯᠠᠨ ᠨᠢᠵᠢᠭᠢᠷ ᠨᠠᠶᠢᠷ ᠪᠠᠵᠠᠭᠠᠪᠠ᠃ ᠡᠨᠡ ᠨᠠᠶᠢᠷ ᠳᠡᠭᠡᠷ᠎ᠡ | ᠦᠯᠢᠭᠡᠷ ᠳᠣᠮᠤᠭ ᠤᠨ ᠪᠣᠭᠳᠠ ᠴᠠᠭᠠᠨ ᠡᠪᠦᠭᠡᠨ ᠰᠢᠭ ᠴᠠᠯ ᠪᠤᠭᠤᠷᠤᠯ ᠨᠢᠭᠡ ᠬᠤᠭᠤᠷᠴᠢ ᠶᠢ ᠰᠠᠭᠠᠲᠠᠭᠤᠯᠵᠤ᠂ | ᠭᠡᠷ ᠤᠨ ᠵᠢᠪᠠᠷ ᠥᠷᠭᠦᠭᠡᠨ᠂ ᠲᠤᠤᠯᠢ ᠬᠠᠶᠢᠯᠠᠭᠤᠯᠤᠨ ᠳᠠᠭᠤᠤ ᠬᠤᠭᠤᠷ ᠤᠨ ᠳᠠᠯᠠᠢ ᠪᠣᠯᠪᠠ᠃ | ᠮᠠᠭᠤ ᠴᠠᠭ ᠤᠨ ᠰᠡᠭᠦᠯ ᠳᠤ ᠭᠡᠨ᠎ᠡ | ᠰᠠᠶᠢᠨ ᠴᠠᠭ ᠤᠨ ᠲᠦᠷᠦᠭᠦᠨ ᠳᠤ ᠭᠡᠨ᠎ᠡ | ᠵᠥᠪ ᠤᠨ ᠵᠥᠪ ᠢ ᠪᠤᠳᠣᠵᠣ ᠣᠯᠳᠠᠭ | ᠵᠥᠩ ᠪᠢᠯᠢᠭᠲᠦ ᠪᠠᠭᠠᠲᠤᠷ ᠪᠠᠶᠢᠵᠤ ᠯᠡ ᠭᠡᠨ᠎ᠡ ᠁ | ᠭᠡᠳ ᠯᠡ ᠡᠪᠦᠭᠡᠨ ᠬᠤᠭᠤᠷᠴᠢ ᠲᠤᠤᠯᠢ ᠬᠠᠶᠢᠯᠠᠬᠤ ᠳᠤ ᠬᠦᠷᠡᠯ ᠬᠦᠦ ᠥᠪᠡᠷ ᠤᠨ ᠮᠡᠳᠡᠯ ᠦᠭᠡᠢ | ᠬᠤᠭᠤᠷ ᠤᠨ ᠠᠶᠠᠯᠭᠤ ᠳᠤ ᠬᠤᠪᠰᠤᠳᠠᠭᠤᠯᠤᠬᠰᠠᠨ ᠶᠤᠮ ᠰᠢᠭ᠋ ᠠᠪᠲᠠᠭᠳᠠᠨ᠂ ᠰᠢᠨ᠎ᠡ ᠪᠠᠶᠢᠪᠠᠩᠭᠠ ᠶᠢᠨ | ᠬᠠᠲᠠᠪᠴᠢ ᠪᠠᠷ ᠣᠷᠣᠵᠤ ᠣᠴᠢᠨ᠂ ᠭᠡᠶᠢᠴᠢᠳ ᠵᠣᠴᠢᠳ ᠤᠨ ᠳᠤᠮᠳᠠ ᠬᠤᠭᠤᠷ ᠤᠨ ᠡᠭᠡᠰᠢᠭᠯᠡᠩ ᠳᠤ ᠨᠢᠳᠦ ᠪᠠᠨ | ᠠᠨᠢᠨ ᠰᠣᠭᠲᠣᠭᠤᠷᠠᠵᠤ᠂ ᠵᠥᠭᠡᠯᠡᠨ ᠰᠠᠯᠬᠢᠨ᠎ᠠ ᠦᠯᠦ ᠶᠠᠯᠢᠭ ᠬᠥᠳᠡᠯᠬᠦ ᠭᠢᠯᠭᠠᠨ᠎ᠠ ᠶᠢᠨ ᠲᠣᠯᠣᠭᠠᠢ ᠰᠢᠭ᠋ ᠨᠠᠶᠢᠭᠤᠨ | ᠰᠠᠭᠤᠵᠤ ᠪᠠᠶᠢᠯ᠎ᠠ᠃ ᠪᠠᠷᠬᠠᠰ ᠪᠠᠶᠠᠨ ᠤ ᠬᠠᠷᠭᠢᠰ ᠬᠠᠲᠠᠭᠤ ᠪᠠᠷ ᠢᠶᠠᠨ ᠴᠤᠤ ᠳᠤ ᠭᠠᠷᠤᠭᠰᠠᠨ ᠶᠡᠭᠡ ᠬᠠᠲᠤᠨ | ᠪᠠᠯᠵᠢᠳᠮᠠ ᠵᠡᠭᠦᠨ ᠬᠤᠶᠢᠲᠤ ᠬᠤᠶᠢᠮᠤᠷ ᠠᠴᠠ ᠭᠡᠨᠡᠳᠲᠡ ᠬᠦᠦ ᠶᠢ ᠣᠯᠵᠤ ᠦᠵᠡᠭᠡᠳ ︽ᠲᠡᠷᠡ ᠪᠤᠵᠠᠷ ᠵᠣᠯᠪᠢᠩ | ᠰᠢᠭᠡᠰᠦ ᠶᠢ ᠶᠠᠭᠠᠬᠢᠭᠠᠳ ᠣᠷᠣᠭᠤᠯᠤᠭᠠᠳ ᠢᠷᠡᠴᠢᠬᠡᠭᠰᠡᠨ ᠪᠠᠶᠢᠭ᠎ᠠ ᠶᠤᠮ᠂ ᠬᠥᠭᠡᠭᠡᠵᠦ ᠭᠠᠷᠭ᠎ᠠ︕ ᠪᠦᠭᠡᠰᠦ | ᠬᠢᠭᠤᠷᠰᠤᠨ ᠳᠠᠭᠠᠨ ᠪᠠᠷᠢᠭᠳᠠᠭᠰᠠᠨ ᠬᠠᠷ᠎ᠠ ᠭᠤᠶᠢᠷᠠᠨᠴᠢ ᠨᠠᠶᠢᠷ ᠤᠨ ᠬᠡᠶᠢᠮᠣᠷᠢ ᠶᠢ ᠬᠡᠪᠲᠡᠭᠦᠯᠬᠦ ᠨᠢ᠃ ᠴᠢ ᠬᠤᠷᠳᠤᠨ | ᠡ᠊ᠡᠳᠡ ᠠᠴᠠ ᠵᠠᠶᠢᠯ ᠭᠡᠮ︾ ᠬᠡᠮᠡᠨ ᠬᠠᠰᠬᠢᠷᠤᠨ ᠵᠠᠩᠳᠤᠷᠤᠭᠰᠠᠨ ᠢ ᠬᠦᠦ ᠶᠠᠭᠤ ᠴᠦ ᠣᠯᠵᠤ ᠰᠣᠨᠣᠰᠤᠭᠰᠠᠨ ᠦᠭᠡᠢ᠂ | ᠬᠠᠷᠢᠨ ᠨᠢᠳᠦᠨ ᠳᠡᠭᠡᠨ ᠨᠢᠯᠪᠤᠰᠤ ᠪᠥᠮᠪᠥᠷᠢᠭᠦᠯᠦᠨ ᠬᠤᠭᠤᠷ ᠤᠨ ᠡᠭᠡᠰᠢᠭ ᠲᠤᠤᠯᠢ ᠶᠢᠨ ᠤᠳᠬ᠎ᠠ ᠪᠠᠷ | ᠦᠯᠢᠭᠡᠷ ᠤᠨ ᠰᠠᠶᠢᠬᠠᠨ ᠢ ᠲᠥᠰᠥᠭᠡᠯᠡᠨ ᠰᠣᠨᠣᠰᠴᠤ ᠰᠠᠭᠤᠨ᠎ᠠ᠃ ᠡᠨᠡ ᠪᠠᠶᠢᠳᠠᠯ ᠨᠢ ᠬᠠᠲᠤᠨ ᠤ ᠬᠢᠯᠢᠩ ᠢ ᠤᠯᠠᠮ | ᠰᠡᠳᠡᠷᠡᠭᠡᠵᠦ ︽ᠶᠠᠭᠠᠬᠢᠭᠰᠠᠨ ᠦᠭᠡ ᠰᠣᠨᠣᠰᠳᠠᠭ ᠦᠭᠡᠢ ᠲᠡᠨᠡᠭ ᠰᠡᠭ ᠪᠤᠢ᠃ ᠳᠠᠮᠷᠢᠨ ᠴᠢ ᠲᠡᠭᠦᠨ ᠢ ᠬᠤᠷᠳᠤᠨ | ᠴᠢᠷᠴᠦ ᠭᠠᠷᠭᠠᠨ ᠰᠠᠶᠢᠨ ᠨᠢᠭᠡ ᠬᠠᠰᠢᠷᠠᠭᠠᠭᠠᠳ ᠥᠭ︕︾ ᠬᠡᠮᠡᠨ ᠰᠢᠳᠦ ᠪᠠᠨ ᠬᠠᠪᠢᠷᠤᠨ ᠠᠭᠠᠰᠢᠯᠠᠯᠠ᠃ | ᠥᠨᠥᠬᠢ ᠭᠠᠯ ᠲᠣᠭᠤᠭᠠᠨ ᠤ ᠵᠠᠷᠤᠳᠠᠰᠤ ᠳᠠᠮᠷᠢᠨ ᠬᠦᠦ ᠶᠢ ᠡᠯᠢᠶ᠎ᠡ ᠲᠠᠤᠯᠠᠢ ᠰᠢᠭᠦᠷᠭᠦ ᠮᠡᠲᠦ ᠵᠠᠭᠠᠮ᠎ᠠ ᠠᠴᠠ ᠨᠢ | ᠶᠠᠭᠤ ᠬᠠᠢ ᠦᠭᠡᠢ ᠤᠭᠵᠠ ᠲᠠᠲᠠᠨ ᠭᠠᠳᠠᠭᠰᠢ ᠪᠠᠨ ᠴᠢᠯᠠᠭᠤᠳᠠᠵᠤ ᠭᠠᠷᠭᠠᠭᠠᠳ ᠪᠥᠭᠰᠡ ᠤᠷᠤᠭᠤ ᠨᠢ ᠭᠡᠳᠦ ᠭᠡᠳᠦ | ᠢᠰᠬᠦᠯᠵᠦ ᠣᠷᠭᠢᠪᠡ᠃ ᠡᠪᠦᠭᠡᠨ ᠬᠤᠭᠤᠷᠴᠢ ᠲᠤᠤᠯᠢ ᠬᠠᠶᠢᠯᠠᠬᠤ ᠪᠠᠨ ᠲᠦᠷ ᠵᠣᠭᠰᠣᠭᠠᠨ ᠭᠡᠷ ᠤᠨ ᠪᠠᠷᠠᠭᠤᠨ | ᠬᠤᠶᠢᠮᠤᠷ ᠠᠴᠠ ︽ᠶᠠᠭᠠᠬᠢᠵᠤ ᠪᠠᠶᠢᠭ᠎ᠠ ᠨᠢ ᠲᠡᠷᠡ ᠪᠤᠢ︖ ᠬᠥᠭᠡᠷᠦᠬᠦᠢ᠃ ᠰᠣᠨᠣᠰᠴᠤ ᠯᠠ ᠪᠠᠶᠢᠭ᠃ ᠬᠤᠪᠣᠷᠬᠠᠨ | ᠠᠪᠢᠶᠠᠰ ᠲᠠᠢ ᠬᠡᠦᠬᠡᠳ ᠪᠠᠶᠢᠬᠤ ᠰᠢᠭ᠋ ᠪᠠᠶᠢᠨ᠎ᠠ︾ ᠭᠡᠬᠦ ᠨᠢ ᠰᠣᠨᠣᠰᠳᠠᠭᠰᠠᠨ ᠪᠤᠯᠪᠠᠴᠤ ᠬᠡᠨ ᠴᠦ ᠲᠡᠭᠦᠨ ᠤ | ᠦᠭᠡ ᠶᠢ ᠰᠠᠨᠠᠭᠠᠨ ᠳᠠᠭᠠᠨ ᠠᠪᠴᠤ᠂ ᠬᠦᠦ ᠶᠢ ᠥᠷᠥ ᠡᠪᠡᠳᠴᠦ ᠥᠮᠥᠭᠡᠷᠡᠭᠰᠡᠨ ᠦᠭᠡᠢ᠃ ᠬᠦᠷᠡᠯ ᠬᠦᠦ | ᠬᠤᠭᠤᠷ ᠤᠨ ᠠᠶᠠᠯᠭᠤ ᠳᠤ ᠤᠶᠠᠷᠠᠩᠭᠤᠢ ᠪᠠᠶᠢᠭᠰᠠᠨ ᠤ ᠳᠡᠭᠡᠷ᠎ᠡ ᠬᠦᠴᠦᠲᠡᠢ ᠵᠣᠳᠣᠭᠤᠯᠤᠭᠰᠠᠨ ᠪᠣᠯᠬᠤᠷ ᠰᠡᠮᠭᠡᠨ | ᠡᠬᠡᠷ ᠲᠠᠲᠠᠨ ᠤᠭᠢᠯᠠᠬᠰᠠᠭᠠᠷ ᠮᠠᠭᠤ ᠭᠡᠷ ᠲᠡᠭᠡᠨ ᠳᠣᠭᠤᠯᠳᠠᠨ ᠬᠠᠷᠢᠭᠠᠳ᠂ ᠨᠠᠶᠢᠷ ᠤᠨ ᠭᠡᠷ ᠠᠴᠠ ᠰᠡᠪᠡᠯᠵᠡᠭᠦᠷ | ᠰᠠᠯᠬᠢᠨ᠎ᠠ ᠬᠦᠢᠰ ᠬᠦᠢᠰ ᠰᠣᠨᠣᠰᠳᠠᠬᠤ ᠬᠤᠭᠤᠷ ᠬᠥᠭᠵᠢᠮ ᠤᠨ ᠭᠦᠭ ᠠᠶᠠᠯᠭᠤ ᠳᠤ ᠲᠠᠭᠠᠷᠠᠭᠤᠯᠤᠨ ᠥᠨᠥᠬᠢ ︽ | ᠬᠤᠭᠤᠷ︾ ᠢᠶᠠᠨ ᠲᠠᠲᠠᠬᠤ ᠶᠢᠨ ᠰᠠᠴᠠᠭᠤ ᠶᠠᠳᠠᠭᠤ ᠲᠠᠷᠴᠢᠭ ᠬᠤᠪᠢ ᠵᠠᠶᠠᠭᠠᠨ ᠳᠠᠭᠠᠨ ᠭᠤᠮᠣᠳᠠᠩᠬᠠᠨ ᠤᠬᠢᠯᠠᠵᠤ | ᠰᠠᠭᠤᠯ᠎ᠠ᠃ | ᠰᠥᠨᠢ ᠣᠷᠣᠢ ᠪᠤᠯᠬᠤ ᠳᠤ ᠨᠠᠶᠢᠷ ᠬᠠᠪᠲᠠᠭᠠᠶᠢᠷᠠᠵᠤ᠂ ᠥᠨᠳᠥᠷ ᠪᠣᠭᠤᠨᠢ ᠳᠤᠤᠭᠠᠷᠴᠤ᠂ ᠣᠶᠢᠷ᠎ᠠ | ᠬᠠᠪᠢ ᠶᠢᠨ ᠭᠡᠶᠢᠴᠢᠨ ᠶᠠᠪᠤᠵᠤ ᠡᠬᠢᠯᠡᠪᠡ ᠪᠤᠯᠣᠯᠲᠠᠢ᠃ ᠭᠡᠨᠡᠳᠲᠡ ᠪᠠᠶᠠᠨ ᠪᠠᠷᠬᠠᠰ ᠤᠨ ᠪᠠᠭ᠎ᠠ ᠬᠠᠲᠤᠨ ᠤ ᠬᠦᠦ | ᠭᠦᠶᠦᠵᠦ ᠢᠷᠡᠭᠡᠳ ︽ᠬᠦᠷᠡᠯ ᠠ᠋︕ ᠴᠢᠮᠠᠶᠢ ᠬᠤᠭᠤᠷᠴᠢ ᠡᠪᠦᠭᠡ ᠳᠠᠭᠤᠳᠠᠵᠤ ᠪᠠᠶᠢᠨ᠎ᠠ᠃ ᠶᠠᠷᠢᠬᠤ ᠶᠠᠭᠤᠮ᠎ᠠ | ᠪᠠᠶᠢᠨ᠎ᠠ ᠭᠡᠨ᠎ᠡ᠃ ᠬᠤᠷᠳᠤᠯᠠᠭᠠᠴᠢ︾ ᠭᠡᠯᠡ᠃ ᠬᠦᠷᠡᠯ ᠴᠢᠬᠢᠨ ᠳᠡᠭᠡᠨ ᠢᠲᠡᠭᠡᠵᠦ ᠶᠠᠳᠠᠭᠰᠠᠨ ᠪᠤᠯᠪᠠᠴᠤ | ᠳᠣᠪᠳᠣᠨ ᠢ ᠳᠠᠭᠠᠭᠠᠳ ᠣᠴᠢᠪᠠ᠃ ᠠᠷᠪᠠᠨ ᠲᠠᠪᠤᠨ ᠤ ᠰᠦᠨ ᠭᠡᠷᠡᠯ ᠳᠤ ᠪᠤᠭᠤᠷᠤᠯ ᠬᠤᠭᠤᠷᠴᠢ ᠮᠥᠩᠭᠦᠨ ᠴᠠᠭᠠᠨ | ᠦᠰᠦ ᠪᠠᠨ ᠨᠠᠮᠤᠷ ᠤᠨ ᠰᠥᠨᠢ ᠶᠢᠨ ᠤᠶᠠᠬᠠᠨ ᠵᠢᠪᠠᠷ ᠲᠤ ᠨᠠᠮᠢᠷᠠᠭᠤᠯᠤᠨ᠂ ᠬᠤᠲᠠᠨ ᠵᠠᠬ᠎ᠠ ᠶᠢᠨ ᠪᠣᠷᠵᠢᠨ ᠬᠠᠳᠠᠨ | ᠳᠡᠭᠡᠷ᠎ᠡ ᠰᠠᠭᠠᠲᠠᠵᠤ ᠪᠠᠶᠢᠪᠠ᠃ ᠦᠯᠢᠭᠡᠷ ᠤᠨ ᠶᠠᠭᠤᠮ᠎ᠠ ᠦᠵᠡᠵᠦ ᠪᠠᠶᠢᠭ᠎ᠠ ᠶᠤᠮ ᠰᠢᠭ᠋ ᠵᠡᠭᠦᠳᠦᠯᠡᠵᠦ ᠪᠠᠶᠢᠭ᠎ᠠ ᠴᠦ | ᠶᠤᠮ ᠰᠢᠭ᠋ ᠰᠠᠨᠠᠭᠳᠠᠨ᠎ᠠ᠃ ᠳᠣᠪᠳᠣᠨ ᠪᠢ ᠬᠠᠷᠢᠯ᠎ᠠ ᠭᠡᠳ ᠭᠦᠶᠦᠨ ᠣᠳᠪᠠ᠃ ᠬᠦᠦ ᠠᠶᠤᠵᠤ ᠪᠦᠱᠦᠭᠦᠷᠭᠡᠨ | ᠰᠡᠮ ᠰᠡᠮ ᠠᠯᠬᠤᠭᠰᠠᠭᠠᠷ ᠬᠦᠷᠴᠦ ᠣᠴᠢᠬᠤ ᠳᠤ ᠬᠤᠭᠤᠷᠴᠢ ᠭᠤᠸᠠᠢ ︽ᠵᠠ ᠬᠦᠦ ᠮᠢᠨᠢ ᠨᠠᠭᠠᠰᠢ ᠪᠠᠨ ᠢᠷ᠎ᠡ︕ | ᠪᠢᠲᠡᠭᠡᠢ ᠠᠶᠤᠵᠤ ᠡᠷᠡᠭᠡᠯᠡ︕ ᠮᠢᠨᠤ ᠬᠠᠵᠠᠭᠤ ᠳᠤ ᠰᠠᠭᠤ︕ ᠴᠢᠮ᠎ᠠ ᠳᠤ ᠶᠠᠷᠢᠬᠤ ᠶᠠᠭᠤᠮ᠎ᠠ ᠪᠠᠶᠢᠨ᠎ᠠ︾ ᠭᠡᠬᠦ ᠶᠢ | ᠨᠢ ᠰᠣᠨᠣᠰᠤᠭᠠᠳ ᠬᠦᠦ ᠶᠢᠨ ᠳᠣᠲᠣᠷ᠎ᠠ ᠭᠡᠭᠡ ᠲᠠᠲᠠᠭᠠᠳ ᠶᠠᠪᠤᠴᠢᠬᠠᠯ᠎ᠠ᠃ ᠪᠤᠭᠤᠷᠤᠯ ᠬᠤᠭᠤᠷᠴᠢ ᠪᠢᠯᠢᠭᠲᠦ | ᠭᠥᠷᠥᠭᠡᠰᠦᠨ ᠤ ᠲᠣᠯᠣᠭᠠᠢ ᠲᠠᠢ ᠬᠤᠭᠤᠷ ᠢᠶᠠᠨ ᠵᠡᠭᠦᠨ ᠭᠠᠷ ᠲᠠᠭᠠᠨ ᠪᠠᠷᠢᠨ᠂ ᠨᠥᠭᠦᠭᠡ ᠭᠠᠷ ᠢᠶᠠᠷ ᠢᠶᠠᠨ ᠬᠦᠦ ᠶᠢᠨ | ᠲᠣᠯᠣᠭᠠᠢ ᠶᠢ ᠵᠥᠭᠡᠯᠡᠬᠡᠨ ᠢᠯᠢᠭᠰᠡᠨ ᠢᠶᠠᠨ᠄ ︽ᠴᠢᠮᠠᠶᠢ ᠳᠠᠭᠤᠤ ᠬᠤᠭᠤᠷ ᠲᠤ ᠶᠠᠰᠤᠨ ᠠᠴᠠ ᠪᠠᠨ ᠳᠤᠷᠠᠲᠠᠢ᠂ | ᠲᠡᠭᠡᠭᠡᠳ ᠪᠠᠰᠠ ᠲᠡᠭᠷᠢ ᠠᠴᠠ ᠵᠠᠶᠠᠭᠠᠭᠰᠠᠨ ᠠᠪᠢᠶᠠᠰ ᠲᠠᠢ ᠭᠡᠳᠡᠭ ᠢ ᠪᠢ ᠵᠥᠩ ᠰᠤᠪᠢᠩ ᠢᠶᠠᠷ ᠢᠶᠠᠨ ᠨᠡᠪᠲᠡ | ᠬᠠᠷᠠᠵᠤ ᠮᠡᠳᠡᠵᠦ ᠪᠠᠶᠢᠨ᠎ᠠ᠃ ᠬᠤᠭᠤᠷᠴᠢ ᠪᠤᠯᠬᠤ ᠠᠮᠠᠷ ᠦᠭᠡᠢ᠃ ᠲᠡᠷᠡ ᠮᠥᠷᠲᠡᠭᠡᠨ ᠲᠦᠮᠡᠨ ᠠᠴᠠ ᠰᠤᠭᠤᠷᠠᠭᠰᠠᠨ | ᠬᠤᠭᠤᠷᠴᠢ ᠪᠤᠯᠬᠤ ᠪᠦᠷ ᠴᠦ ᠠᠮᠠᠷ ᠦᠭᠡᠢ᠃ ᠠᠮᠢᠳᠤᠷᠠᠯ ᠶᠠᠳᠠᠭᠤ ᠶᠠᠭᠠᠬᠢᠬᠤ ᠪᠤᠢ᠃ ᠬᠥᠮᠥᠨ ᠠᠪᠢᠶᠠᠰ ᠤᠬᠠᠭᠠᠨ | ᠬᠤᠶᠠᠷ ᠢᠶᠠᠨ ᠵᠥᠪ ᠬᠡᠷᠡᠭᠯᠡᠵᠦ ᠴᠢᠳᠠᠪᠠᠯ ᠬᠤᠪᠢ ᠵᠠᠶᠠᠭ᠎ᠠ ᠪᠠᠨ ᠬᠤᠪᠢᠷᠠᠭᠤᠯᠵᠤ ᠪᠤᠯᠳᠠᠭ ᠶᠤᠮ︾ ᠭᠡᠬᠦ ᠳᠤ ︽ | ᠥᠪᠥᠧ ᠠ᠋︕ ᠪᠢ ᠲᠠᠨ ᠢ ᠳᠠᠭᠠᠭᠠᠳ ᠶᠠᠪᠤᠮᠠᠷ ᠪᠠᠶᠢᠨ᠎ᠠ᠃ ᠲᠠᠨ ᠰᠢᠭ᠋ ᠬᠤᠭᠤᠷᠴᠢ ᠪᠣᠯᠣᠶ᠎ᠠ ᠭᠡᠵᠦ ᠪᠤᠳᠣᠵᠣ | ᠪᠠᠶᠢᠨ᠎ᠠ︾ ᠭᠡᠪᠡ᠃ ᠡᠪᠦᠭᠡᠨ ᠨᠢᠳᠦ ᠪᠠᠨ ᠠᠨᠢᠨ ᠪᠣᠳᠣᠯᠭᠠᠰᠢᠷᠠᠭᠰᠠᠨ ᠢᠶᠠᠨ ︽ᠪᠢ ᠬᠥᠭᠰᠢᠨ ᠬᠤᠨᠢᠨ ᠤ ᠨᠠᠰᠤ | ᠦᠭᠡᠢ ᠪᠣᠯᠤᠭᠰᠠᠨ ᠬᠥᠮᠥᠨ᠃ ᠪᠢ ᠱᠠᠪᠢ ᠳᠠᠭᠠᠭᠤᠯᠬᠤ ᠦᠭᠡᠢ᠃ ᠴᠢᠨᠦ ᠪᠠᠭᠰᠢ ᠬᠤᠭᠤᠷ ᠤᠨ ᠪᠤᠷᠬᠠᠨ ᠲᠡᠭᠷᠢ ᠶᠢᠨ | ᠨᠢᠭᠡᠨ ᠵᠠᠢ ᠳᠤ ᠪᠠᠶᠢᠭ᠎ᠠ᠃ ᠭᠠᠭᠴᠠ ᠬᠦ ᠴᠢ ᠮᠠᠰᠢ ᠶᠡᠭᠡ ᠲᠡᠰᠪᠦᠷᠢ ᠲᠡᠪᠴᠢᠶᠡᠷᠢ᠂ ᠦᠷᠡᠭᠳᠡᠯ ᠬᠤᠬᠢᠷᠠᠯ ᠭᠠᠷᠭᠠᠬᠤ | ᠬᠡᠷᠡᠭᠲᠡᠢ ᠪᠣᠯᠣᠨ᠎ᠠ᠃ ᠴᠢ ᠴᠢᠳᠠᠬᠤ ᠶᠤᠮ ᠪᠣᠯᠪᠠ ᠦᠦ ᠳ᠋ᠡ︖︾ ᠭᠡᠳ ᠭᠦᠨ ᠰᠠᠨᠠᠭ᠎ᠠ ᠠᠯᠳᠠᠯ᠎ᠠ᠃ ︽ᠪᠢ | ᠴᠢᠳᠠᠨ᠎ᠠ ᠠ᠋᠃ ᠲᠡᠷᠡ ᠨᠢ ᠶᠠᠭᠤ ᠶᠤᠮ ᠪᠣᠯ︖︾ ᠭᠡᠳ ᠬᠦᠦ ᠡᠪᠦᠳᠦᠭ ᠢ ᠨᠢ ᠲᠦᠰᠢᠨ ᠭᠠᠵᠠᠷ ᠲᠤ | ᠴᠣᠮᠴᠣᠶᠢᠵᠤ ᠰᠠᠭᠤᠪᠠ᠃ ᠲᠤᠤᠯᠢᠴᠢ᠄ ︽ᠴᠢ ᠨᠠᠳᠠ ᠠᠴᠠ ᠬᠤᠯᠠ ᠠᠭᠤᠤ ᠬᠤᠭᠤᠷᠴᠢ ᠪᠣᠯᠣᠨ᠎ᠠ ᠭᠡᠳᠡᠭ ᠢ ᠲᠡᠭᠷᠢ | ᠵᠢᠭᠠᠵᠤ ᠠᠨᠳᠠᠭᠠᠶᠢᠯᠠᠬᠤ ᠳᠤ ᠪᠡᠯᠡᠨ ᠪᠠᠶᠢᠨ᠎ᠠ᠃ ᠭᠡᠪᠡᠴᠦ ᠨᠢᠭᠡ ᠯᠡ ᠶᠠᠭᠤᠮᠠᠨ ᠳᠡᠭᠡᠷ᠎ᠡ ᠰᠠᠨᠠᠭ᠎ᠠ ᠵᠣᠪᠠᠭᠠᠳ ᠪᠠᠶᠢᠬᠤ | ᠶᠤᠮ︾ ᠭᠡᠳ ᠠᠯᠤᠰ ᠠᠴᠠ ᠶᠠᠭᠤ ᠨᠢᠭᠡ ᠶᠢ ᠴᠢᠩᠨᠠᠭᠠᠷᠬᠠᠨ ᠳᠠᠭᠤ ᠪᠠᠨ ᠬᠤᠷᠢᠶᠠᠪᠠ᠃ ︽ᠥᠪᠥᠧ ᠮᠢᠨᠢ︕ | ᠶᠠᠭᠠᠬᠢᠯ᠎ᠠ ᠭᠡᠵᠢ︾ ᠭᠡᠬᠦ ᠳᠤ ᠡᠪᠦᠭᠡᠨ ᠤᠷᠲᠤ ᠴᠠᠭᠠᠨ ᠰᠠᠬᠠᠯ ᠢᠶᠠᠨ ᠰᠢᠪᠲᠤᠷᠠᠭᠠᠳ᠄ ︽ᠴᠢ ᠬᠠᠷᠠᠭ᠎ᠠ ᠪᠠᠨ | ᠠᠯᠳᠠᠬᠤ ᠪᠣᠯᠣᠨ᠎ᠠ᠃ ᠴᠢ ᠨᠠᠮᠠᠶᠢ ᠬᠠᠷ᠎ᠠ᠃ ᠪᠢ ᠰᠣᠬᠤᠷ ᠬᠥᠮᠥᠨ ᠰᠢᠦ ᠳ᠋ᠡ᠃ ᠠᠷᠪᠠᠨ ᠨᠠᠢᠮᠠᠨ ᠨᠠᠰᠤᠨ ᠠᠴᠠ ᠪᠠᠨ | ᠳᠠᠯᠠᠨ ᠨᠠᠢᠮᠠ ᠭᠦᠷᠲᠡᠯ᠎ᠡ ᠪᠠᠨ ᠨᠢᠭᠡᠨ ᠵᠢᠷᠠᠨ ᠤ ᠲᠤᠷᠰᠢ ᠨᠢᠳᠦ ᠦᠭᠡᠢ ᠶᠠᠪᠤᠯ᠎ᠠ᠃ ᠮᠢᠨᠤ ᠨᠢᠳᠦ᠂ ᠮᠢᠨᠤ ᠭᠡᠷᠡᠯ ᠭᠡᠭᠡ | ᠡᠨᠡ ᠬᠤᠭᠤᠷ ᠪᠠᠶᠢᠭᠰᠠᠨ᠃ ᠲᠡᠭᠡᠭᠡᠳ ᠵᠣᠬᠰᠣᠬᠤ ᠦᠭᠡᠢ ᠮᠢᠨᠤ ᠨᠡᠷ᠎ᠡ ᠲᠥᠷᠥ᠂ ᠣᠩᠭᠤᠳ ᠪᠢᠯᠢᠭ᠂ ᠡᠳ᠋ | ᠬᠤᠭᠰᠢᠯ᠂ ᠳᠠᠭᠤ ᠬᠤᠭᠤᠯᠠᠢ᠂ ᠵᠠᠮ ᠮᠥᠷ᠂ ᠠᠮᠢ ᠠᠮᠢᠳᠤᠷᠠᠯ ᠲᠡᠷᠡ ᠴᠦ ᠪᠠᠶᠢᠲᠤᠭᠠᠢ ᠮᠢᠨᠤ ᠰᠢᠳᠢᠲᠦ ᠲᠠᠷᠨᠢ᠂ | ᠳᠣᠮ ᠵᠠᠰᠠᠯ᠂ ᠭᠤᠨᠢᠭ ᠪᠠᠶᠠᠷ ᠁ ᠪᠦᠷ ᠡᠨᠡ ᠬᠤᠭᠤᠷ ᠶᠤᠮ᠃ ᠪᠢ ᠠᠪᠤ ᠡᠵᠢ ᠠᠴᠠ ᠬᠠᠶᠢᠷᠠᠯᠠᠭᠰᠠᠨ ᠠᠯᠠᠭ | ᠬᠤᠶᠠᠷ ᠨᠢᠳᠦ ᠪᠠᠨ ᠠᠯᠳᠠᠵᠤ ᠪᠠᠶᠢᠵᠤ ᠡᠨᠡ ᠪᠦᠭᠦᠨ ᠢ ᠰᠣᠯᠢᠵᠤ ᠠᠪᠴᠢᠷᠠᠭᠰᠠᠨ ᠰᠢᠦ ᠳ᠋ᠡ᠃ ᠡᠶᠢᠮᠦ ᠶᠢᠨ ᠲᠤᠯᠠᠳᠠ | ᠴᠢᠮᠠᠶᠢ ᠬᠠᠷ᠎ᠠ ᠨᠢᠯᠬ᠎ᠠ ᠠᠴᠠ ᠨᠢ ᠬᠠᠷᠠᠭ᠎ᠠ ᠶᠢ ᠴᠢᠨᠢ ᠠᠯᠳᠠᠭᠤᠯᠵᠤ᠂ ᠬᠠᠷᠠᠩᠭᠤᠢ ᠶᠢᠷᠲᠢᠨᠴᠦ ᠳᠤᠮᠳᠠᠭᠤᠷ | ᠶᠠᠪᠤᠭᠤᠯᠤᠮᠠᠷ ᠦᠭᠡᠢ ᠰᠠᠨᠠᠭᠳᠠᠨ᠎ᠠ᠃ ᠰᠠᠶᠢᠨ ᠶᠠᠭᠤᠮ᠎ᠠ ᠪᠦᠭᠦᠨ ᠬᠢᠰᠠᠭᠠᠨ ᠲᠠᠢ᠃ ᠴᠢ ᠰᠠᠶᠢᠲᠤᠷ ᠪᠤᠳᠣᠭᠠᠳ | ᠰᠢᠢᠳ ᠢᠶᠠᠨ ᠭᠠᠷᠭ᠎ᠠ ᠳ᠋ᠠ︕︾ ᠭᠡᠯᠡ᠃ ᠬᠦᠦ ᠬᠡᠰᠡᠭ ᠪᠣᠳᠣᠯᠭᠠᠰᠢᠷᠠᠨ ᠰᠠᠭᠤᠭᠰᠠᠨ ᠢᠶᠠᠨ᠄ ︽ᠪᠢ ᠬᠤᠭᠤᠷᠴᠢ | ᠪᠣᠯᠴᠢᠬᠠᠭᠰᠠᠨ ᠪᠠᠶᠢᠨ᠎ᠠ ᠭᠡᠵᠦ ᠦᠷᠭᠦᠯᠵᠢ ᠵᠡᠭᠦᠳᠦᠯᠡᠳᠡᠭ᠃ ᠲᠠᠨ ᠰᠢᠭ᠋ ᠬᠤᠭᠤᠷᠴᠢ ᠪᠣᠯᠵᠤ ᠴᠢᠳᠠᠪᠠᠯ ᠶᠠᠭᠠᠬᠢᠭᠰᠠᠨ | ᠴᠦ ᠶᠠᠭᠠᠬᠢᠬᠤᠪ᠃ ᠪᠢ ᠠᠶᠤᠵᠤ ᠪᠠᠶᠢᠪᠠᠴᠤ ᠵᠣᠷᠢᠭ ᠰᠢᠢᠳᠦᠯ᠎ᠡ︾ ᠭᠡᠳ ᠭᠠᠷ ᠢᠶᠠᠨ ᠵᠠᠩᠭᠢᠳᠤᠨ ᠡᠷᠡᠰ ᠲᠠᠰᠤ | ᠬᠠᠷᠢᠭᠤᠯᠪᠠ᠃ ︽ᠴᠢ ᠴᠦ ᠲᠣᠮᠣ ᠬᠥᠮᠥᠨ ᠰᠢᠭ ᠶᠠᠷᠢᠬᠤ ᠶᠤᠮ᠃ ᠡᠵᠢ ᠲᠠᠢ ᠪᠠᠨ ᠵᠥᠪᠳᠡᠯᠴᠡᠭᠡᠳ | ᠵᠥᠪᠰᠢᠶᠡᠷᠡᠭᠰᠡᠨ ᠤ ᠳᠠᠷᠠᠭ᠎ᠠ ᠰᠣᠩᠭᠤᠯᠲᠠ ᠬᠢᠭᠡᠷᠡᠢ︕︾ ᠭᠡᠳ ᠬᠤᠭᠤᠷ ᠤᠨ ᠢᠶᠠᠨ ᠲᠣᠯᠣᠭᠠᠢ ᠶᠢ ᠬᠠᠴᠠᠷ ᠲᠠᠭᠠᠨ | ᠨᠠᠭᠠᠨ ᠴᠢᠮᠡᠭᠡ ᠦᠭᠡᠢ ᠪᠣᠯᠪᠠ᠃ | ᠶᠠᠭ ᠡᠨᠡ ᠦᠶ᠎ᠡ ᠳᠤ ᠡᠵᠢ ᠨᠢ ᠬᠦᠦ ᠪᠠᠨ ᠬᠠᠶᠢᠭᠠᠳ ᠢᠷᠡᠵᠦ ᠲᠠᠭᠠᠷᠠᠯ᠎ᠠ᠃ ᠡᠨᠡ ᠪᠦᠭᠦᠨ ᠢ ᠡᠵᠢ | ᠳᠤᠨᠢ ᠬᠡᠯᠡᠬᠦ ᠳᠤ ᠡᠵᠢ ᠨᠢ ᠭᠦᠨ ᠪᠣᠳᠣᠯᠭᠠᠰᠢᠷᠠᠯ ᠳᠤ ᠠᠪᠲᠠᠨ ᠬᠡᠰᠡᠭ ᠳᠠᠭᠤ ᠦᠭᠡᠢ ᠪᠠᠶᠢᠭᠰᠠᠨ ᠢᠶᠠᠨ ᠰᠠᠨᠠᠭ᠎ᠠ | ᠠᠯᠳᠠᠭᠠᠳ᠄ ︽ᠶᠠᠮᠠᠷ ᠴᠦ ᠬᠠᠲᠠᠭᠤ ᠰᠣᠩᠭᠤᠯᠲᠠ ᠪᠤᠢ᠃ ᠮᠢᠨᠤ ᠬᠦᠦ ᠴᠦ ᠬᠤᠭᠤᠷ ᠤᠨ ᠴᠠᠭᠠᠨ ᠰᠣᠯᠢᠶ᠎ᠠ | ᠲᠤᠰᠴᠢᠬᠠᠭᠰᠠᠨ ᠭᠡᠬᠦ ᠳᠤ ᠪᠣᠯᠣᠨ᠎ᠠ᠃ ᠬᠤᠭᠤᠷ ᠰᠢᠭ᠋ ᠶᠠᠭᠤᠮ᠎ᠠ ᠬᠢᠴᠢᠬᠡᠭᠡᠳ ᠡᠳᠦᠷ ᠲᠡᠭᠡᠨ ᠬᠢᠷᠦᠭᠡᠳᠡᠵᠦ | ᠰᠠᠭᠤᠬᠤ ᠶᠢ ᠨᠢ ᠬᠠᠷᠠᠬᠤ ᠪᠠᠷ ᠥᠷᠥᠪᠳᠦᠭᠡᠳ ᠪᠠᠶᠢᠳᠠᠭ ᠶᠤᠮ᠃ ᠬᠤᠭᠤᠷᠴᠢ ᠵᠠᠯᠠᠭᠤ ᠨᠠᠮᠠᠶᠢ ᠲᠠᠭᠠᠯᠠᠵᠤ ᠪᠠᠶᠢᠨ᠎ᠠ | ᠭᠡᠵᠦ ᠵᠡᠭᠦᠳᠦᠯᠡᠭᠡᠳ ᠯᠠ ᠬᠦᠦ ᠮᠢᠨᠢ ᠨᠠᠳᠠᠳᠤ ᠵᠠᠶᠠᠭᠠᠭᠰᠠᠨ᠃ ᠬᠤᠭᠤᠷ ᠬᠥᠭᠯᠡᠵᠦ ᠠᠮᠢᠳᠤᠷᠠᠬᠤ ᠶᠢᠨ | ᠲᠠᠪᠢᠯᠠᠩ ᠲᠠᠢ ᠶᠤᠮ ᠪᠣᠯᠪᠠ ᠦᠦ ᠭᠡᠵᠦ ᠳᠠᠩᠳᠠ ᠪᠤᠳᠣᠵᠣ ᠶᠠᠪᠤᠳᠠᠭ᠃ ᠬᠤᠭᠤᠷᠴᠢ ᠪᠣᠯᠵᠤ ᠬᠤᠪᠢ ᠵᠠᠶᠠᠭ᠎ᠠ ᠨᠢ | ᠬᠤᠪᠢᠷᠠᠬᠤ ᠴᠦ ᠶᠤᠮ ᠪᠢᠵᠡ᠃ ᠪᠠᠭᠰᠢ ᠲᠠ ᠪᠣᠯᠭᠤᠭᠠᠵᠤ ᠬᠠᠶᠢᠷᠠᠯᠠ︕︾ ᠭᠡᠳ ᠵᠠᠯᠪᠠᠷᠢᠨ ᠮᠥᠷᠭᠦᠪᠡ᠃ ︽ | ᠡᠵᠢ ᠠ᠋︕ ᠲᠠ ᠵᠥᠪᠰᠢᠶᠡᠷᠡᠭᠰᠡᠨ ᠦᠦ︖ ᠶᠠᠮᠠᠷ ᠭᠤᠶᠣ ᠪᠤᠢ︾ ᠭᠡᠳ ᠨᠢᠳᠦᠨ ᠳᠡᠭᠡᠨ ᠪᠠᠶᠠᠷ ᠤᠨ ᠣᠴᠢ | ᠭᠢᠯᠠᠯᠵᠠᠭᠤᠯᠤᠨ ᠳᠡᠪᠬᠡᠷᠦᠨ ᠪᠣᠰᠣᠯ᠎ᠠ᠃ ︽ᠮᠢᠨᠤ ᠬᠦᠦ ᠨᠢᠭᠡ ᠨᠠᠰᠤ ᠪᠠᠷ ᠢᠶᠠᠨ ᠬᠠᠷᠠᠭ᠎ᠠ ᠦᠭᠡᠢ ᠶᠠᠭᠠᠬᠢᠵᠤ | ᠠᠮᠢᠳᠤᠷᠠᠨ᠎ᠠ ᠳ᠋ᠠ ᠭᠡᠬᠦ ᠠᠴᠠ ᠯᠡ ᠰᠡᠳᠬᠢᠯ ᠨᠢᠭᠡ ᠯᠡ ᠲᠦᠪᠳᠡᠬᠦ ᠦᠭᠡᠢ ᠪᠠᠶᠢᠨ᠎ᠠ︾ ᠭᠡᠳ ᠡᠵᠢ ᠨᠢ ᠰᠡᠭᠦᠷᠡᠰᠦ | ᠠᠯᠳᠠᠬᠤ ᠳᠤ ︽ᠡᠨᠡ ᠥᠪᠥᠧ ᠡᠶᠢᠮᠦ ᠰᠠᠶᠢᠬᠠᠨ ᠶᠠᠪᠤᠵᠤ ᠪᠠᠶᠢᠨ᠎ᠠ ᠰᠢᠳᠡ︾ ᠭᠡᠳ ᠬᠤᠭᠤᠷᠴᠢ ᠶᠢᠨ ᠭᠠᠷ ᠢ | ᠠᠳᠬᠤᠨ ᠡᠵᠢ ᠶᠢ ᠪᠠᠨ ᠴᠢᠷᠠᠶᠢᠴᠢᠯᠠᠨ ᠶᠠᠷᠢᠯ᠎ᠠ᠃ ᠡᠪᠦᠭᠡᠨ ᠬᠤᠭᠤᠷᠴᠢ᠄ ︽ᠲᠡᠭᠡᠪᠡᠯ ᠪᠢ ᠴᠢᠮᠠᠳᠤ ᠶᠠᠭᠠᠬᠢᠵᠤ | ᠭᠠᠶᠢᠬᠠᠮᠰᠢᠭᠲᠤ ᠬᠤᠭᠤᠷᠴᠢ ᠪᠤᠯᠬᠤ ᠶᠢ ᠬᠡᠯᠡᠵᠦ ᠥᠭᠭᠦᠶ᠎ᠡ︕ ᠲᠠ ᠨᠠᠷ ᠰᠢᠢᠳᠦᠭᠰᠡᠨ ᠪᠣᠯ ᠪᠢ ᠡᠨᠡ | ᠬᠤᠭᠤᠷ ᠢᠶᠠᠨ ᠥᠭᠭᠦᠨ᠎ᠡ᠃ ᠴᠢ ᠴᠠᠭᠠᠨ ᠮᠣᠷᠢ ᠡᠳᠦᠷ ᠠᠴᠠ ᠳᠠᠷᠤᠢ ᠡᠨᠡ ᠰᠥᠨᠢ ᠠᠴᠠ ᠡᠬᠢᠯᠡᠨ ᠥᠨᠳᠥᠷ | ᠭᠠᠵᠠᠷ ᠤᠨ ᠣᠷᠣᠢ ᠳᠤ ᠣᠳᠣ ᠭᠦᠢᠴᠡᠭᠰᠡᠨ ᠬᠤᠶᠢᠨ᠎ᠠ ᠭᠠᠷᠤᠭᠠᠳ ᠦᠦᠷ ᠤᠨ ᠴᠣᠯᠮᠣᠨ ᠲᠣᠳᠣᠷᠠᠬᠤ ᠪᠤᠯᠲᠠᠯ᠎ᠠ | ᠪᠦᠭᠦ ᠰᠡᠳᠬᠢᠯ ᠢᠶᠠᠨ ᠲᠥᠪᠯᠡᠷᠡᠭᠦᠯᠦᠨ ᠬᠤᠭᠤᠷ ᠢᠶᠠᠨ ᠲᠠᠲᠠᠭᠠᠳ ᠯᠠ ᠪᠠᠶᠢᠬᠤ ᠬᠡᠷᠡᠭᠲᠡᠢ᠃ ᠬᠡᠨ ᠴᠦ ᠴᠢᠮᠠᠳᠤ | ᠳᠡᠷᠭᠡᠳᠡ ᠠᠴᠠ ᠴᠢᠨᠢ ᠪᠠᠭᠰᠢᠯᠠᠬᠤ ᠦᠭᠡᠢ᠃ ᠪᠠᠭᠰᠢ ᠴᠢᠨᠢ ᠲᠡᠭᠷᠢ ᠳᠡᠭᠡᠷ᠎ᠡ ᠠᠴᠠ ᠬᠠᠷᠠᠵᠤ ᠪᠠᠶᠢᠬᠤ ᠪᠣᠯᠣᠨ᠎ᠠ ᠭᠡᠵᠦ | ᠪᠢ ᠰᠠᠶ᠋ᠢ ᠬᠡᠯᠡᠭᠰᠡᠨ᠃ ᠶᠠᠪᠤᠬᠤ ᠲᠣᠲᠣᠮ ᠬᠠᠷᠠᠭ᠎ᠠ ᠴᠢᠨᠢ ᠮᠠᠭᠤᠳᠠᠭᠠᠳ ᠢᠷᠡᠵᠦ ᠪᠠᠶᠢᠪᠠᠯ ᠴᠢ ᠬᠤᠭᠤᠷᠴᠢ ᠪᠣᠯᠵᠤ | ᠪᠠᠶᠢᠭ᠎ᠠ ᠨᠢ ᠲᠡᠷᠡ᠃ ᠬᠠᠮᠤᠭ ᠡᠴᠦᠰ ᠲᠤ ᠬᠠᠷᠠᠭ᠎ᠠ ᠪᠠᠨ ᠪᠦᠷᠢᠮᠦᠰᠦᠨ ᠠᠯᠳᠠᠭᠰᠠᠨ ᠴᠠᠭ ᠠᠴᠠ ᠯᠠ ᠴᠢ ᠳᠣᠮᠣᠭᠲᠤ | ᠬᠤᠭᠤᠷᠴᠢ ᠶᠢᠨ ᠵᠢᠩᠳᠠᠭᠠᠨ ᠳᠤ ᠭᠦᠷᠦᠨ᠎ᠡ᠃ ᠰᠠᠯᠬᠢ ᠪᠣᠷᠣᠭᠠᠨ᠂ ᠬᠦᠢᠲᠡᠨ ᠬᠠᠯᠠᠭᠤᠨ ᠡᠰᠡᠬᠦᠯ᠎ᠡ ᠵᠠᠯᠬᠠᠭᠤᠷᠠᠯ᠂ | ᠴᠥᠬᠦᠷᠡᠯ ᠠᠴᠠ ᠪᠣᠯᠵᠤ ᠳᠤᠮᠳᠠ ᠠᠴᠠ ᠨᠢ ᠳᠣᠷᠭᠤᠨ ᠵᠣᠭᠰᠣᠪᠠᠯ ᠰᠠᠨᠠᠭᠰᠠᠨ ᠬᠡᠷᠡᠭ ᠴᠢᠨᠢ ᠰᠠᠭᠠᠷᠠᠨ᠎ᠠ᠃ ᠡᠶᠢᠮᠦ | ᠯᠠ ᠬᠠᠲᠠᠭᠤ ᠲᠠᠩᠭᠠᠷᠢᠭ ᠲᠠᠢ᠃ ᠭᠠᠶᠢᠠᠬᠠᠮᠰᠢᠬᠲᠤ ᠬᠤᠭᠤᠷᠴᠢ ᠶᠢᠨ ᠬᠤᠪᠢ ᠵᠠᠶᠠᠭ᠎ᠠ ᠬᠠᠲᠠᠭᠤᠬᠠᠨ ᠪᠠᠶᠢᠳᠠᠭ ᠶᠤᠮ | ᠳ᠋ᠠ᠃ ᠪᠤᠷᠬᠠᠨ ᠠᠴᠠ ᠬᠥᠮᠥᠨ ᠳᠤ ᠶᠡᠭᠡ ᠠᠪᠢᠶᠠᠰ ᠤᠨ ᠪᠤᠶᠠᠨ ᠢ ᠲᠡᠶᠢᠮᠦ ᠴᠦ ᠬᠢᠮᠳᠠ ᠲᠥᠰᠥᠷ ᠬᠠᠶᠢᠷᠠᠯᠠᠳᠠᠭ | ᠦᠭᠡᠢ ᠪᠤᠯᠣᠯᠲᠠᠢ᠃ ᠲᠡᠶᠢᠮᠦ ᠠᠴᠠ ᠠᠪᠢᠶᠠᠰᠲᠠᠨ ᠤ ᠵᠣᠪᠠᠯᠠᠩ ᠳᠠᠭᠤᠰᠳᠠᠭ ᠦᠭᠡᠢ ᠶᠤᠮ᠃ ᠭᠡᠬᠦ ᠳᠡᠭᠡᠨ ᠭᠠᠷ ᠤᠨ | ᠬᠤᠷᠤᠭᠤᠨ ᠳᠤ ᠪᠠᠭᠲᠠᠵᠤ ᠲᠣᠭᠠᠯᠠᠭᠳᠠᠬᠤ ᠡᠳᠡᠭᠡᠷ ᠬᠥᠮᠥᠰ ᠤᠨ ᠪᠤᠶᠠᠨ ᠳᠤ ᠯᠠ ᠣᠷᠴᠢᠯᠠᠩ ᠤᠨ ᠬᠦᠷᠳᠦ ᠰᠠᠶᠢᠨ | ᠵᠦᠭ ᠤᠷᠤᠭᠤ ᠡᠷᠭᠢᠵᠦ ᠪᠠᠶᠢᠳᠠᠭ ᠤᠴᠢᠷᠲᠠᠢ︾ ᠭᠡᠳ ᠬᠤᠭᠤᠷ ᠢᠶᠠᠨ ᠬᠥᠭᠯᠡᠨ ᠳᠤᠤᠭᠠᠷᠭᠠᠭᠰᠠᠨ ᠢᠶᠠᠨ᠄ ︽ᠵᠠ᠂ | ᠬᠤᠵᠢᠮ ᠤᠨ ᠶᠡᠭᠡ ᠬᠤᠪᠣᠷᠬᠠᠨ ᠬᠤᠭᠤᠷᠴᠢ ᠴᠢᠮᠠᠳᠤ ᠶᠢᠰᠦᠨ ᠦᠶ᠎ᠡ ᠳᠠᠮᠵᠢᠭᠰᠠᠨ ᠡᠺᠡᠯ ᠬᠡᠮᠡᠭᠴᠢ ᠬᠤᠭᠤᠷ ᠢᠶᠠᠨ | ᠥᠪᠯᠡᠭᠦᠯᠵᠦ ᠥᠭᠭᠦᠶ᠎ᠡ᠃ ᠡᠨᠡ ᠪᠣᠯ ᠴᠢᠨᠦ ᠠᠮᠢ᠂ ᠠᠮᠢᠳᠤᠷᠠᠯ᠂ ᠠᠯᠢᠪᠠ ᠪᠦᠭᠦᠨ ᠴᠢᠨᠢ ᠪᠠᠶᠢᠬᠤ ᠪᠣᠯᠣᠨ᠎ᠠ᠃ | ᠶᠠᠭᠤ ᠪᠠᠷ ᠴᠦ ᠰᠣᠯᠢᠵᠤ ᠪᠤᠯᠬᠤ ᠦᠭᠡᠢ᠃ ᠡᠳ᠋ ᠮᠥᠩᠭᠦ᠂ ᠥᠩᠭᠡ ᠳᠠᠷᠠᠰᠤᠨ ᠤ ᠰᠢᠨᠤᠯ ᠠᠴᠠ ᠬᠤᠯᠠᠬᠠᠨ ᠶᠠᠪᠤᠬᠤ | ᠬᠡᠷᠡᠭᠲᠡᠢ᠃ ᠬᠡᠷᠪᠡ ᠲᠡᠶᠢᠮᠦ ᠶᠠᠭᠤᠮᠠᠨ ᠳᠤ ᠬᠤᠷᠣᠬᠠᠶᠢᠰᠴᠦ ᠬᠡᠮᠡᠨ ᠠᠪᠢᠶᠠᠰ ᠴᠢᠨᠢ ᠠᠷᠭᠠᠯ᠂ ᠤᠪᠠᠳᠢᠰ ᠴᠢᠨᠢ | ᠦᠨᠡᠰᠦ ᠪᠤᠯᠬᠤ ᠪᠤᠢ︾ ᠭᠡᠳ ᠲᠣᠷᠭᠠᠨ ᠬᠠᠳᠠᠭ ᠵᠠᠩᠭᠢᠳᠤᠭᠰᠠᠨ ᠬᠤᠭᠤᠷ ᠢᠶᠠᠨ ᠬᠤᠶᠠᠷ ᠭᠠᠷᠳᠠᠨ ᠬᠦᠦ ᠳᠤ | ᠪᠠᠷᠢᠪᠠ᠃ ᠬᠦᠦ ᠰᠥᠭᠦᠳᠴᠦ ᠮᠥᠷᠭᠦᠨ ᠲᠣᠰᠪᠠ᠃ ᠡᠪᠦᠭᠡᠨ ᠬᠦᠦ ᠶᠢᠨ ᠵᠤᠯᠠᠢ ᠳᠡᠭᠡᠷ᠎ᠡ ᠤᠳᠠᠭᠠᠨ ᠭᠡᠭᠴᠢ | ᠦᠨᠦᠰᠬᠦ ᠳᠤ ᠶᠠᠮᠠᠷ ᠨᠢᠭᠡᠨ ᠬᠦᠴᠦᠲᠦ ᠤᠷᠤᠰᠬᠠᠯ ᠪᠦᠭᠦ ᠪᠡᠶ᠎ᠡ ᠶᠢᠨ ᠬᠢᠨᠢ ᠮᠡᠳᠡᠷᠡᠯ ᠤᠨ ᠰᠤᠪᠠᠭ ᠢᠶᠠᠷ ᠤᠷᠤᠰᠤᠨ | ᠣᠷᠣᠬᠤ ᠰᠢᠭ᠋ ᠰᠠᠨᠠᠭᠳᠠᠵᠠᠢ᠃ | ᠪᠤᠭᠤᠷᠤᠯ ᠬᠤᠭᠤᠷᠴᠢ ᠬᠦᠦ ᠶᠢ ᠪᠣᠰᠬᠠᠨ ᠳᠡᠷᠭᠡᠳᠡ ᠪᠠᠨ ᠰᠠᠭᠤᠯᠭᠠᠭᠠᠳ᠄ ︽ᠲᠤᠸᠠ᠂ ᠣᠶᠢᠷᠠᠳ᠂ | ᠠᠯᠲᠠᠶᠢᠴᠤᠳ ᠡᠭᠦᠨ ᠢ ᠡᠺᠡᠯ ᠪᠤᠶᠤ ᠢᠭᠢᠯ ᠭᠡᠳᠡᠭ ᠶᠤᠮ᠃ ᠮᠣᠷᠢᠨ ᠬᠤᠭᠤᠷ ᠤᠨ ᠰᠠᠳᠤᠨ ᠲᠦᠷᠦᠯ ᠯᠡ ᠳ᠋ᠡ᠃ | ᠡᠬᠡ ︵ᠡᠭᠡᠵᠦ ᠭᠡᠰᠡᠨ ᠤ ᠢᠵᠠᠭᠤᠷ︶᠂ ᠡᠷᠭᠢᠭᠡᠳ ᠢᠷ᠎ᠡ ᠭᠡᠰᠡᠨ ᠤᠳᠬ᠎ᠠ ᠲᠠᠢ ᠶᠤᠮ ᠭᠡᠨ᠎ᠡ ᠯᠠᠢ᠃ ᠡᠷᠲᠡ | ᠤᠷᠢᠳᠤ ᠴᠠᠭ ᠲᠤ ᠨᠢᠭᠡᠨ ᠬᠥᠮᠥᠨ ᠲᠦᠯᠡᠭᠡ ᠲᠡᠭᠦᠬᠦ ᠪᠠᠷ ᠠᠭᠤᠯᠠᠨ ᠳᠤ ᠶᠠᠪᠤᠭᠰᠠᠨ ᠶᠤᠮ ᠪᠠᠶᠢᠨ᠎ᠠ᠃ ᠵᠠᠮ ᠳᠤᠨᠢ | ᠠᠭᠤᠢ ᠠᠴᠠ ᠵᠦᠢᠷᠯᠡᠬᠦ ᠶᠢᠨ ᠠᠷᠭ᠎ᠠ ᠦᠭᠡᠢ ᠰᠠᠶᠢᠬᠠᠨ ᠠᠶᠠᠯᠭᠤ ᠳᠠᠭᠤᠷᠢᠰᠤᠨ ᠰᠣᠨᠣᠰᠳᠠᠪᠠ ᠭᠡᠨ᠎ᠡ᠃ ᠪᠠᠭᠯᠠᠵᠤ | ᠡᠭᠦᠷᠦᠭᠰᠡᠨ ᠲᠦᠯᠡᠭᠡ ᠪᠠᠨ ᠲᠠᠯᠪᠢᠴᠢᠬᠠᠭᠠᠳ ᠠᠭᠤᠢ ᠤᠷᠤᠭᠤ ᠱᠠᠭᠠᠶᠢᠪᠠᠯ ᠲᠡᠨᠳᠡ ᠠᠭᠤᠯᠠ ᠶᠢᠨ ᠡᠵᠡᠨ ᠰᠠᠪᠳᠠᠭ | ᠰᠠᠭᠤᠴᠢᠬᠠᠭᠰᠠᠨ ᠣᠬᠲᠣ ᠦᠵᠡᠭᠡ ᠦᠭᠡᠢ ᠡᠲᠡᠭᠡᠳ ᠬᠥᠭᠵᠢᠮ ᠲᠣᠭᠯᠠᠵᠤ ᠪᠠᠶᠢᠨ᠎ᠠ ᠭᠡᠨ᠎ᠡ᠃ ᠬᠤᠭᠤᠷᠳᠠᠵᠤ ᠪᠤᠢ | ᠠᠶᠠᠯᠭᠤᠨ ᠤ ᠰᠠᠶᠢᠬᠠᠨ ᠳᠤ ᠠᠪᠲᠠᠭᠠᠳ ᠥᠨᠥᠬᠢ ᠬᠥᠮᠥᠨ ᠶᠠᠭᠤ ᠪᠦᠭᠦᠨ ᠢᠶᠠᠨ ᠮᠠᠷᠲᠠᠭᠠᠳ ᠴᠢᠩᠨᠠᠨ ᠰᠠᠭᠤᠵᠠᠢ᠃ | ᠬᠡᠰᠡᠭ ᠰᠠᠭᠠᠲᠠᠭᠰᠠᠨ ᠤ ᠡᠴᠦᠰ ᠲᠤ ᠲᠡᠷᠡ ᠪᠠᠷ ᠭᠡᠨᠡᠳᠲᠡ ᠭᠡᠷ ᠲᠡᠭᠡᠨ ᠬᠠᠷᠢᠬᠤ ᠪᠠᠨ ᠰᠠᠨᠠᠵᠤ ᠣᠯᠣᠭᠠᠳ ᠰᠠᠯᠵᠤ | ᠶᠠᠳᠠᠨ ᠪᠣᠰᠴᠤ᠂ ᠠᠭᠤᠢ ᠶᠢᠨ ᠡᠭᠦᠳᠡᠨ ᠳᠤ ᠣᠷᠭᠢᠬᠰᠠᠨ ᠲᠦᠯᠡᠭᠡ ᠪᠠᠨ ᠬᠠᠮᠤᠵᠤ ᠠᠪᠬᠤ ᠳᠠᠭᠠᠨ ᠰᠠᠨᠠᠭᠠᠨ ᠳᠤ | ᠦᠭᠡᠢ ᠲᠡᠷᠡ ᠬᠤᠭᠤᠷ ᠢ ᠪᠠᠰᠠ ᠡᠭᠦᠷᠦᠭᠡᠳ ᠬᠠᠷᠢᠭᠰᠠᠨ ᠠᠵᠢ᠃ ᠬᠠᠷᠢᠵᠤ ᠣᠴᠢᠲᠠᠯ᠎ᠠ ᠭᠡᠷ ᠬᠤᠲᠠᠯᠠᠭᠠᠷ ᠨᠢ ᠣᠷᠣ | ᠰᠤᠷᠠᠭ ᠦᠭᠡᠢ ᠠᠯᠠᠭ᠎ᠠ ᠪᠣᠯᠤᠭᠰᠠᠨ ᠲᠡᠳᠦᠢ ᠦᠭᠡᠢ ᠲᠠᠨᠢᠵᠤ ᠮᠡᠳᠡᠬᠦ ᠬᠥᠮᠥᠨ ᠠᠮᠢᠲᠠᠨ ᠲᠡᠷᠡ ᠬᠠᠪᠢ ᠳᠤᠨᠢ ᠨᠢᠭᠡ | ᠴᠦ ᠪᠠᠶᠢᠭᠰᠠᠨ ᠦᠭᠡᠢ᠃ ᠡᠵᠢ ᠠᠪᠤ ᠭᠡᠷ ᠣᠷᠣᠨ ᠢᠶᠠᠨ ᠠᠰᠠᠭᠤᠵᠤ ᠰᠤᠷᠠᠭᠯᠠᠭᠰᠠᠨ ᠳᠤ ᠲᠠᠨᠢᠬᠤ ᠪᠠᠶᠢᠲᠤᠭᠠᠢ | ᠰᠤᠷᠠᠭ ᠢ ᠨᠢ ᠬᠡᠯᠡᠬᠦ ᠬᠥᠮᠥᠨ ᠲᠠᠭᠠᠷᠠᠯᠳᠤᠭᠰᠠᠨ ᠦᠭᠡᠢ ᠭᠡᠨ᠎ᠡ᠃ ᠬᠠᠷᠢᠨ ᠨᠢᠭᠡ ᠥᠨᠳᠥᠷ ᠨᠠᠰᠤ ᠲᠠᠢ ᠡᠪᠦᠭᠡᠨ ᠯᠡ | ᠣᠯᠠᠨ ᠵᠢᠯ ᠤᠨ ᠡᠮᠦᠨ᠎ᠡ ᠲᠡᠭᠦᠨ ᠢ ᠵᠢᠭᠠᠬᠠᠨ ᠪᠠᠶᠢᠬᠤ ᠳᠤ ᠡ᠊ᠡᠳᠡᠭᠢ ᠶᠢᠨ ᠨᠢᠭᠡ ᠬᠥᠮᠥᠨ ᠠᠭᠤᠯᠠᠨ ᠳᠤ ᠲᠦᠯᠡᠭᠡ | ᠲᠡᠭᠦᠬᠦ ᠪᠠᠷ ᠶᠠᠪᠤᠭᠠᠳ ᠡᠷᠭᠢᠵᠦ ᠢᠷᠡᠭᠡ ᠦᠭᠡᠢ ᠲᠤᠬᠠᠢ ᠶᠠᠷᠢᠵᠠᠭᠠᠳᠠᠭ ᠪᠠᠶᠢᠭᠰᠠᠨ ᠢ ᠳᠤᠷᠠᠰᠤᠨ ᠶᠠᠷᠢᠵᠠᠢ᠃ | ᠣᠩᠭᠤᠳ ᠰᠠᠪᠳᠠᠭ ᠤᠨ ᠬᠤᠭᠤᠷᠳᠠᠬᠤ ᠶᠢ ᠴᠢᠩᠨᠠᠨ ᠰᠠᠭᠠᠲᠠᠵᠤ ᠰᠠᠭᠤᠬᠤ ᠵᠠᠭᠤᠷ᠎ᠠ ᠬᠥᠮᠥᠨ ᠤ ᠠᠮᠢᠳᠤᠷᠠᠯ ᠤᠨ | ᠪᠦᠬᠦᠯᠢ ᠪᠦᠲᠦᠨ ᠬᠤᠭᠤᠴᠠᠭ᠎ᠠ ᠤᠯᠠᠷᠢᠭᠰᠠᠨ ᠪᠤᠯᠬᠤ ᠶᠢ ᠲᠡᠷᠡ ᠬᠥᠮᠥᠨ ᠰᠠᠶ᠋ᠢ ᠯᠠ ᠤᠬᠠᠭᠠᠷᠠᠪᠠ᠃ | ᠢᠩᠭᠢᠭᠡᠳ ᠴᠠᠯ ᠵᠠᠯᠠᠭᠤᠬᠠᠨ ᠡᠷ᠎ᠡ ᠠᠭᠤᠯᠠᠨ ᠠᠴᠠ ᠪᠠᠭᠤᠵᠤ ᠢᠷᠡᠭᠰᠡᠨ ᠪᠣᠯ ᠨᠠᠷᠠ ᠵᠢᠷᠭᠠᠬᠤ ᠶᠢᠨ | ᠠᠯᠳᠠ ᠳᠤ ᠭᠤᠨᠢᠭ ᠬᠠᠷᠠᠮᠰᠠᠯ ᠳᠠᠭᠠᠨ ᠠᠪᠲᠠᠭᠠᠳ ᠨᠠᠳᠠ ᠰᠢᠭ᠋ ᠢᠶᠠᠨ ᠴᠠᠯ ᠪᠤᠭᠤᠷᠤᠯ ᠡᠪᠦᠭᠡᠨ ᠪᠣᠯᠤᠭᠰᠠᠨ ᠶᠤᠮ | ᠭᠡᠳᠡᠭ᠃ ᠥᠨᠥᠬᠢ ᠡᠪᠦᠭᠡᠨ ᠲᠡᠪᠡᠷᠢᠵᠦ ᠢᠷᠡᠭᠰᠡᠨ ᠲᠦᠯᠡᠭᠡᠨ ᠳᠡᠭᠡᠷ᠎ᠡ ᠪᠠᠨ ᠰᠠᠨᠳᠠᠶᠢᠯᠠᠵᠤ ᠰᠠᠭᠤᠭᠠᠳ ᠠᠭᠤᠢ ᠠᠴᠠ | ᠠᠪᠴᠢᠷᠠᠭᠰᠠᠨ ᠬᠤᠭᠤᠷ ᠢᠶᠠᠨ ᠲᠠᠲᠠᠵᠤ᠂ ᠥᠪᠡᠷ ᠤᠨ ᠦᠵᠡᠭᠰᠡᠨ ᠰᠣᠨᠣᠰᠤᠭᠰᠠᠨ ᠢᠶᠠᠨ ᠲᠤᠤᠯᠢ ᠪᠣᠯᠭᠠᠨ ᠬᠠᠶᠢᠯᠠᠵᠤ | ᠂ ᠡᠷᠭᠢᠵᠦ ᠢᠷᠡᠬᠦ ᠦᠭᠡᠢ ᠪᠣᠯᠤᠭᠰᠠᠨ ᠠᠮᠢᠳᠤᠷᠠᠯ ᠤᠨ ᠢᠶᠠᠨ ᠲᠤᠬᠠᠢ ᠠᠶᠠᠯᠠᠭᠤᠯᠤᠨ ᠳᠠᠭᠤᠯᠠᠵᠠᠢ᠃ ᠲᠡᠷᠡ | ᠴᠠᠭ ᠠᠴᠠ ᠬᠤᠶᠢᠰᠢ ᠥᠨᠥᠬᠢ ᠬᠥᠭᠵᠢᠮ ᠤᠨ ᠵᠢᠮᠰᠡᠭ ᠢ ︽ᠡᠺᠡᠯ︾ ᠪᠤᠶᠤ ︽ᠡᠷᠭᠢᠨ ᠬᠠᠷᠢ︾ ᠭᠡᠵᠦ ᠨᠡᠷᠡᠯᠡᠭᠰᠡᠨ | ᠶᠤᠮ ᠭᠡᠨ᠎ᠡ ᠯᠠᠢ᠃ ᠲᠡᠷᠡ ᠳᠣᠮᠣᠭᠲᠤ ᠬᠤᠭᠤᠷ ᠤᠨ ᠦᠷᠭᠦᠯᠵᠢᠯᠡᠯ ᠡᠨᠡ ᠪᠠᠶᠢᠨ᠎ᠠ ᠰᠢᠦ ᠳ᠋ᠡ᠃ ᠬᠤᠭᠤᠷ ᠤᠨ ᠭᠡᠭᠡᠨ | ᠠᠶᠠᠯᠭᠤ ᠲᠤᠤᠯᠢ ᠶᠢᠨ ᠰᠢᠳᠢᠲᠦ ᠦᠭᠡ ᠰᠣᠨᠣᠰᠳᠠᠭᠰᠠᠨ ᠭᠠᠵᠠᠷ ᠬᠤᠷ᠎ᠠ ᠪᠣᠷᠣᠭᠠᠨ᠂ ᠬᠤᠷᠢᠮ ᠨᠠᠶᠢᠷ᠂ ᠪᠠᠶᠠᠷ | ᠴᠡᠩᠭᠡᠯ ᠲᠠᠰᠤᠷᠠᠬᠤ ᠤᠴᠢᠷ ᠦᠭᠡᠢ᠃ ᠭᠡᠷ ᠤᠨ ᠵᠢᠪᠠᠷ᠂ ᠭᠡᠮ ᠵᠢᠮ ᠬᠤᠷᠭᠤᠳᠠᠬᠤ ᠶᠣᠰᠣ ᠦᠭᠡᠢ᠃ | ᠬᠤᠭᠤᠷ ᠲᠠᠢ ᠪᠠᠨ ᠪᠠᠶᠢᠭᠰᠠᠨ ᠴᠠᠭ ᠲᠤ ᠬᠤᠷ ᠮᠣᠩᠭᠤᠯ ᠤᠨ ᠬᠡᠶᠢᠮᠣᠷᠢ ᠰᠢᠷᠣᠶᠢᠳᠠᠬᠤ ᠦᠭᠡᠢ᠃ ᠠᠪᠢᠶᠠᠰᠯᠢᠭ | ᠬᠦᠦ ᠲᠠᠢ ᠲᠠᠭᠠᠷᠠᠵᠤ᠂ ᠬᠤᠭᠤᠷ ᠬᠥᠭᠵᠢᠮ ᠢᠶᠠᠨ ᠥᠪᠯᠡᠭᠦᠯᠦᠭᠰᠡᠨ ᠮᠢᠨᠢ ᠡᠨᠡ ᠨᠠᠰᠤᠨ ᠤ ᠬᠡᠷᠡᠭ ᠪᠦᠲᠦᠯ᠎ᠡ᠃ | ᠴᠢᠮᠠᠶᠢ ᠲᠡᠭᠷᠢ ᠪᠤᠷᠬᠠᠨ ᠬᠠᠷᠠᠵᠤ ᠪᠠᠶᠢᠭ︕ ᠪᠢ ᠣᠳᠣ ᠶᠠᠪᠤᠶ᠎ᠠ ᠳ᠋ᠠ︾ ᠭᠡᠳ ᠪᠤᠰᠬᠤ ᠳᠠᠭᠠᠨ ᠬᠦᠦ ᠬᠤᠭᠤᠷ | ᠬᠤᠶᠠᠷ ᠢ ᠡᠭᠡᠯᠵᠢᠯᠡᠨ ᠦᠨᠦᠰᠦᠭᠰᠡᠨ ᠢᠶᠠᠨ ᠡᠪᠦᠭᠡᠨ ᠬᠤᠭᠤᠷᠴᠢ ᠬᠡᠢ ᠦᠵᠡᠭᠳᠡᠯ ᠮᠡᠲᠦ ᠠᠯᠠᠭ᠎ᠠ ᠪᠣᠯᠵᠤ ᠣᠳᠪᠠ᠃ | ᠬᠦᠦ ᠮᠡᠯ ᠭᠠᠶᠢᠬᠠᠨ ᠴᠡᠯ ᠬᠥᠬᠡᠷᠡᠵᠦ ᠬᠤᠴᠣᠷᠴᠠᠢ᠃ | ᠬᠦᠦ ᠪᠤᠭᠤᠷᠤᠯ ᠬᠤᠭᠤᠷᠴᠢ ᠶᠢᠨ ᠵᠠᠬᠢᠶᠠᠰᠤ ᠶᠣᠰᠣᠭᠠᠷ ᠲᠡᠷᠡ ᠰᠥᠨᠢ ᠠᠴᠠ ᠨᠢ ᠭᠡᠷ ᠤᠨ ᠢᠶᠠᠨ ᠵᠡᠭᠦᠨ | ᠬᠤᠶᠢᠲᠤ ᠣᠪᠣᠭ᠎ᠠ ᠲᠠᠢ ᠠᠭᠤᠯᠠᠨ ᠳᠡᠭᠡᠷ᠎ᠡ ᠪᠠᠨ ᠭᠠᠷᠤᠭᠠᠳ ᠬᠤᠭᠤᠷ ᠢᠶᠠᠨ ᠲᠠᠲᠠᠵᠤ ᠡᠬᠢᠯᠡᠵᠡᠢ᠃ ᠡᠨᠡ | ᠶᠠᠩᠵᠤ ᠪᠠᠷ ᠬᠠᠪᠤᠷᠵᠢᠶ᠎ᠠ ᠨᠠᠮᠤᠷᠵᠢᠶ᠎ᠠ ᠭᠡᠳ ᠨᠤᠲᠤᠭ ᠰᠡᠯᠭᠦᠵᠦ ᠨᠡᠭᠦᠳᠡᠯᠯᠡᠭᠰᠡᠨ ᠴᠦ᠂ ᠬᠠᠪᠰᠤᠷᠭ᠎ᠠ ᠰᠢᠭᠤᠷᠭ᠎ᠠ ᠲᠠᠢ | ᠶᠠᠮᠠᠷ ᠰᠥᠨᠢ ᠪᠠᠶᠢᠭᠰᠠᠨ ᠴᠦ ᠵᠣᠷᠢᠭᠰᠠᠨ ᠠᠴᠠ ᠪᠠᠨ ᠬᠠᠵᠠᠶᠢᠯ ᠦᠭᠡᠢ ᠲᠠᠲᠠᠭᠰᠠᠭᠠᠷ ᠯᠠ ᠪᠠᠶᠢᠯ᠎ᠠ᠃ ᠬᠥᠭᠡᠷᠦᠬᠦᠢ | ᠮᠠᠭᠤ ᠡᠵᠢ ᠨᠢ ᠬᠤᠪᠴᠠᠰᠤ ᠬᠤᠨᠠᠷ ᠢ ᠨᠢ ᠵᠤᠵᠠᠭᠠᠯᠠᠨ᠂ ᠨᠥᠬᠦᠳ ᠨᠥᠮᠥᠷᠢ ᠨᠢ ᠪᠣᠯᠵᠤ᠂ ᠰᠥᠨᠢᠵᠢᠨ ᠰᠠᠬᠢᠵᠤ | ᠰᠠᠭᠤᠳᠠᠭ ᠪᠠᠶᠢᠵᠠᠢ᠃ ᠴᠣᠬᠤᠮ ᠬᠤᠭᠤᠷᠴᠢ ᠶᠢᠨ ᠬᠡᠯᠡᠭᠰᠡᠨ ᠶᠣᠰᠣᠭᠠᠷ ᠭᠤᠷᠪᠠᠨ ᠵᠢᠯ ᠤᠨ ᠣᠢ ᠳᠡᠭᠡᠷ᠎ᠡ ᠪᠠᠨ | ᠬᠠᠷᠠᠭ᠎ᠠ ᠪᠠᠨ ᠪᠦᠷᠢᠮᠦᠰᠦᠨ ᠠᠯᠳᠠᠪᠠ᠃ ᠶᠠᠭ ᠲᠡᠷᠡᠬᠡᠨ ᠭᠱᠠᠨ ᠳᠤ ᠬᠤᠭᠤᠷ ᠤᠨ ᠬᠤᠶᠠᠷ ᠴᠢᠪᠬᠠᠳᠠᠰᠤᠨ ᠠᠴᠠ | ᠴᠠᠭᠠᠨ ᠬᠥᠬᠡ ᠬᠤᠶᠠᠷ ᠥᠩᠭᠡ ᠶᠢᠨ ᠭᠡᠷᠡᠯ ᠭᠢᠯᠠᠰᠬᠢᠨ ᠦᠵᠡᠭᠳᠡᠵᠡᠢ᠃ ᠦᠳᠡᠰᠢ ᠶᠢᠨ ᠣᠳᠣᠳ ᠰᠢᠭᠦᠷᠦᠭᠡᠳ | ᠠᠪᠤᠮᠠᠷ ᠣᠶᠢᠷᠠᠬᠠᠨ ᠢᠷᠠᠯᠵᠠᠵᠤ᠂ ᠴᠠᠭᠠᠨ ᠡᠪᠡᠰᠦᠨ ᠤ ᠲᠣᠯᠣᠭᠠᠢ ᠴᠦ ᠦᠯᠦ ᠬᠥᠳᠡᠯᠦᠨ᠎ᠡ᠃ ᠰᠥᠨᠢ ᠶᠢᠨ | ᠶᠢᠷᠲᠢᠨᠴᠦ ᠶᠠᠭᠤ ᠨᠢᠭᠡ ᠶᠢ ᠴᠢᠩᠨᠠᠬᠤ ᠮᠡᠲᠦ ᠨᠠᠮ ᠬᠥᠮ ᠪᠠᠶᠢᠪᠠ᠃ ᠭᠡᠨᠡᠳᠲᠡ ᠲᠡᠭᠷᠢ ᠠᠴᠠ ᠥᠨᠥᠬᠢ ᠪᠤᠭᠤᠷᠤᠯ | ᠬᠤᠭᠤᠷᠴᠢ ᠪᠠᠭᠤᠵᠤ ᠢᠷᠡᠭᠡᠳ᠄ ︽ᠴᠢ ᠣᠳᠣ ᠵᠢᠩᠬᠢᠨᠢ ᠭᠠᠶᠢᠠᠬᠠᠮᠰᠢᠬᠲᠤ ᠬᠤᠭᠤᠷᠴᠢ ᠪᠣᠯᠤᠭᠰᠠᠨ᠃ ᠪᠢ ᠴᠢᠮᠠᠶᠢ | ᠠᠯᠤᠰ ᠤᠨ ᠣᠳᠣᠨ ᠤ ᠵᠠᠢ ᠠᠴᠠ ᠣᠶᠣᠨ ᠰᠠᠨᠠᠭ᠎ᠠ ᠪᠠᠷ ᠵᠠᠯᠠᠨ ᠵᠢᠯᠤᠭᠤᠳᠴᠤ᠂ ᠪᠠᠭ᠋ᠠᠷᠬᠠᠨ ᠬᠠᠷᠠᠵᠤ ᠪᠠᠶᠢᠭᠰᠠᠨ | ᠰᠢᠦ᠃ ᠠᠯᠠᠭ ᠬᠤᠶᠠᠷ ᠨᠢᠳᠦ ᠪᠠᠷ ᠢᠶᠠᠨ ᠴᠢ ᠠᠯᠲᠠᠨ ᠳᠡᠯᠡᠬᠡᠢ ᠳᠤ ᠬᠤᠣᠰ ᠦᠭᠡᠢ ᠠᠪᠢᠶᠠᠰ ᠡᠷᠳᠡᠮ ᠢ ᠰᠣᠯᠢᠵᠤ | ᠠᠪᠴᠤ ᠴᠢᠳᠠᠯ᠎ᠠ᠃ ᠬᠤᠭᠤᠷ ᠢᠶᠠᠨ ᠪᠠᠷᠢᠬᠤ ᠳᠤ ᠯᠡ ᠣᠩᠭᠤᠳ ᠴᠢᠨᠢ ᠬᠥᠭᠯᠡᠭᠳᠡᠵᠦ᠂ ᠦᠭᠡᠨ ᠤ ᠰᠠᠶᠢᠬᠠᠨ ᠴᠢᠨᠢ | ᠲᠤᠤᠯᠢᠰ ᠪᠣᠯᠣᠨ ᠠᠰᠠᠬᠠᠷᠠᠵᠤ᠂ ᠦᠯᠢᠭᠡᠷ ᠳᠣᠮᠤᠭ ᠤᠳ ᠬᠥᠭᠵᠢᠮ ᠪᠣᠯᠣᠨ ᠤᠶᠠᠩᠭᠠᠷᠠᠬᠤ ᠪᠣᠯᠣᠨ᠎ᠠ᠃ ᠡᠨᠡ | ᠦᠳᠡᠰᠢ ᠠᠴᠠ ᠬᠤᠶᠢᠰᠢ ᠴᠢᠨᠦ ᠬᠤᠶᠠᠷ ᠨᠢᠳᠦ ᠴᠢᠨᠢ ᠣᠭᠲᠠᠷᠭᠤᠢ ᠶᠢᠨ ᠬᠠᠮᠢᠭ᠎ᠠ ᠨᠢᠭᠡᠲᠡᠭᠡ ᠢᠵᠢᠯᠢ ᠬᠤᠶᠠᠷ ᠣᠳᠣ | ᠪᠣᠯᠣᠨ ᠭᠡᠷᠡᠯᠲᠦᠨ᠎ᠡ᠃ ᠴᠢ ᠣᠳᠣ ᠠᠴᠠ ᠳᠤᠷᠠᠲᠠᠢ ᠭᠠᠵᠠᠷ ᠢᠶᠠᠨ ᠬᠤᠭᠤᠷᠳᠠᠵᠤ ᠶᠠᠪᠤᠵᠤ ᠪᠣᠯᠣᠨ᠎ᠠ᠃ ᠵᠠ ᠡᠶᠢᠮᠦ︾ | ᠭᠡᠳ ᠬᠠᠮᠢᠭᠠᠰᠢ ᠪᠠᠨ ᠴᠦ ᠶᠤᠮ ᠭᠡᠨᠡᠳᠲᠡ ᠠᠯᠠᠭ᠎ᠠ ᠪᠣᠯᠵᠠᠢ᠃ | ᠲᠡᠶᠢᠨ ᠬᠦ ᠠᠪᠢᠶᠠᠰ ᠨᠢ ᠴᠠᠯᠭᠢᠭᠰᠠᠨ ᠨᠢᠭᠡᠨ ᠵᠠᠯᠠᠭᠤᠬᠠᠨ ᠰᠣᠬᠤᠷ ᠬᠤᠭᠤᠷᠴᠢ ᠳᠡᠯᠡᠬᠡᠢ ᠳᠤ | ᠮᠡᠨᠳᠦᠯᠡᠵᠡᠢ᠃ ᠪᠠᠷᠬᠠᠰ ᠪᠠᠶᠠᠨ ᠢ ᠪᠠᠭᠲᠠᠭᠠᠭᠰᠠᠨ ᠨᠤᠲᠤᠭ ᠤᠰᠤᠨ ᠤ ᠬᠢᠨ ᠨᠢᠳᠦ ᠴᠢᠬᠢ ᠪᠠᠨ ᠢᠲᠡᠭᠡᠬᠦᠶ᠎ᠡ ᠪᠡᠷᠬᠡ | ᠪᠠᠶᠢᠪᠠ᠃ ᠲᠡᠭᠦᠨ ᠢ ᠳᠠᠭᠤᠯᠠᠵᠤ ᠬᠤᠭᠤᠷᠳᠠᠵᠤ ᠡᠰᠡᠬᠦᠯ᠎ᠡ ᠲᠤᠤᠯᠢ ᠪᠠᠨ ᠬᠠᠶᠢᠯᠠᠨ ᠬᠥᠭᠡᠮᠡᠶᠢᠯᠡᠭᠡᠳ ᠡᠬᠢᠯᠡᠬᠦ ᠳᠤ | ᠶᠠᠮᠠᠷ ᠣᠷᠤᠭ᠎ᠠ ᠳᠣᠬᠰᠢᠨ ᠠᠳᠤᠭᠤ ᠴᠦ ᠭᠡᠳ ᠨᠣᠮᠣᠬᠠᠷᠠᠨ ᠬᠠᠵᠠᠭᠠᠷᠯᠠᠭᠤᠯᠵᠤ᠂ ᠪᠣᠲᠣᠭᠤ ᠪᠠᠨ ᠭᠤᠯᠣᠭᠰᠠᠨ ᠶᠠᠮᠠᠷ | ᠠᠭᠠᠰᠢ ᠮᠠᠭᠤᠲᠠᠢ ᠢᠩᠭᠡ ᠴᠦ ᠪᠣᠲᠣᠭᠤ ᠪᠠᠨ ᠭᠤᠩᠭᠢᠨᠠᠨ ᠬᠥᠬᠦᠭᠦᠯᠵᠦ ᠲᠡᠷᠡ ᠪᠢᠲᠡᠭᠡᠢ ᠭᠡᠯᠡ ᠠᠶᠢᠯ ᠠᠶᠢᠯ ᠤᠨ | ᠪᠠᠩᠬᠠᠷ ᠤᠳ ᠲᠣᠯᠣᠭᠠᠢ ᠪᠠᠨ ᠭᠡᠯᠵᠶᠢᠯᠭᠡᠨ ᠴᠢᠬᠢ ᠪᠠᠨ ᠰᠣᠷᠲᠣᠶᠢᠯᠭᠠᠨ ᠱᠣᠮᠪᠣᠶᠢᠨ ᠰᠠᠭᠤᠵᠤ ᠰᠣᠨᠣᠰᠬᠤ ᠠᠭᠠᠳ | ᠵᠦᠢᠯ ᠤᠨ ᠤᠯᠠᠨ ᠰᠢᠪᠠᠭᠤᠳ ᠵᠢᠷᠭᠢᠬᠦ ᠪᠠᠨ ᠮᠠᠷᠲᠠᠨ ᠪᠤᠲᠠ ᠮᠣᠳᠣᠨ ᠤ ᠣᠷᠣᠢ ᠳᠤ ᠰᠡᠮᠭᠡᠨ ᠰᠠᠭᠤᠵᠤ ᠴᠢᠩᠨᠠᠨ᠎ᠠ᠃ | ᠪᠣᠷᠤᠭ᠎ᠠ ᠣᠷᠣᠬᠤ ᠦᠭᠡᠢ ᠪᠣᠯ ᠬᠤᠭᠤᠷ ᠢᠶᠠᠨ ᠲᠠᠲᠠᠨ ᠲᠡᠭᠷᠢ ᠪᠠᠨ ᠠᠷᠭᠠᠳᠠᠬᠤ ᠳᠤ ᠯᠠ ᠰᠠᠨᠠᠭ᠎ᠠ ᠪᠠᠷ ᠠᠰᠬᠠᠷᠠᠨ᠎ᠠ᠃ | ᠭᠤᠪᠢ ᠬᠠᠩᠭᠠᠢ ᠨᠤᠲᠤᠭ ᠭᠠᠩ ᠵᠤᠳ ᠭᠡᠳᠡᠭ ᠢ ᠪᠠᠷᠤᠭ ᠮᠠᠷᠲᠠᠬᠤ ᠳᠤ ᠬᠦᠷᠴᠦ᠂ ᠮᠠᠯ ᠰᠦᠷᠦᠭ ᠥᠨᠢᠷ | ᠥᠳᠬᠡᠨ ᠥᠰᠴᠦ᠂ ᠡᠪᠡᠳᠴᠢᠨ ᠵᠣᠪᠠᠯᠠᠩ ᠭᠠᠢ ᠪᠠᠷᠴᠢᠳ ᠴᠦ ᠲᠣᠬᠢᠶᠠᠯᠳᠤᠬᠤ ᠨᠢ ᠬᠤᠪᠣᠷ ᠪᠣᠯᠪᠠ᠃ ᠬᠥᠮᠥᠰ | ᠪᠣᠳᠠᠲᠤ ᠠᠬᠤᠢ ᠳᠤ ᠪᠤᠰᠤ ᠦᠯᠢᠭᠡᠷ ᠳᠤᠮᠤᠭ ᠤᠨ ᠣᠷᠣᠨ ᠳᠤ ᠠᠮᠢᠳᠤᠷᠠᠵᠤ ᠪᠠᠶᠢᠭ᠎ᠠ ᠶᠤᠮ ᠰᠢᠭ᠋ ᠰᠠᠨᠠᠭᠳᠠᠬᠤ | ᠪᠣᠯᠵᠠᠢ᠃ ᠲᠡᠶᠢᠮᠦ ᠪᠣᠯᠬᠤᠷ ᠬᠦᠷᠡᠯ ᠬᠤᠭᠤᠷᠴᠢ ᠶᠢ ᠬᠥᠮᠥᠰ ᠪᠠᠰᠠ ︽ᠪᠤᠷᠬᠠᠨ ᠬᠤᠭᠤᠷᠴᠢ︾ ᠬᠡᠮᠡᠨ ᠪᠢᠰᠢᠷᠡᠨ | ᠰᠢᠲᠦᠳᠡᠭ ᠪᠠᠶᠢᠯ᠎ᠠ᠃ | ᠨᠢᠭᠡ ᠤᠳᠠᠭ᠎ᠠ ᠬᠤᠯᠠ ᠶᠢᠨ ᠬᠤᠰᠢᠭᠤᠨ ᠤ ᠬᠥᠮᠥᠨ ᠬᠤᠭᠤᠷᠴᠢ ᠳ᠋ᠠᠨᠢᠭ᠎ᠠ ᠶᠢ ᠵᠠᠯᠠᠵᠤ ᠠᠪᠤᠭᠠᠳ | ᠭᠡᠷ ᠲᠡᠭᠡᠨ ᠣᠶᠢᠷᠠᠳᠵᠤ ᠶᠠᠪᠤᠲᠠᠯ᠎ᠠ ᠭᠡᠨᠡᠳᠲᠡ ᠤᠯᠠᠭᠠᠨ ᠬᠠᠷᠠᠩᠭᠤᠢ ᠮᠠᠨᠠᠨ ᠪᠦᠷᠬᠦᠵᠦ ᠡᠳᠦᠷ ᠢᠶᠠᠷ ᠶᠠᠭᠤ ᠴᠦ | ᠦᠵᠡᠭᠳᠡᠬᠦ ᠦᠭᠡᠢ ᠪᠣᠯᠪᠠ᠃ ᠲᠡᠷᠡ ᠬᠤᠶᠠᠷ ᠳᠥᠩᠭᠡᠵᠦ ᠨᠢᠭᠡ ᠰᠠᠭᠯᠠᠭᠠᠷ ᠮᠣᠳᠣᠨ ᠠᠴᠠ ᠲᠡᠮᠡᠭᠡ ᠪᠠᠨ ᠤᠶᠠᠵᠤ | ᠠᠮᠵᠢᠭᠠᠳ᠂ ᠨᠥᠮᠥᠷᠢ ᠳᠤᠨᠢ ᠣᠷᠣᠵᠤ ᠰᠠᠭᠤᠲᠠᠯ᠎ᠠ ᠰᠦᠷᠦᠭ ᠪᠣᠣᠬᠠᠢ ᠪᠦᠰᠡᠯᠡᠵᠦ ᠠᠪᠴᠠᠢ᠃ ᠥᠨᠥᠬᠢ ᠡᠷ᠎ᠡ | ᠰᠡᠩᠳᠡ ᠮᠡᠩᠳᠡ ᠲᠦᠯᠡᠭᠡ ᠣᠪᠣᠭᠠᠯᠠᠨ ᠭᠠᠯ ᠢᠶᠠᠨ ᠠᠰᠠᠭᠠᠬᠤ ᠳᠤ ᠪᠣᠣᠬᠠᠢ ᠨᠤᠭᠤᠳ ᠭᠠᠯ ᠤᠨ ᠭᠡᠷᠡᠯ ᠲᠤᠰᠬᠤ | ᠲᠡᠳᠦᠶᠢᠬᠡᠨ ᠵᠠᠢ ᠳᠤ ᠨᠢᠳᠦᠨ ᠠᠴᠠ ᠪᠠᠨ ᠨᠣᠭᠤᠭᠠᠨ ᠭᠡᠷᠡᠯ ᠣᠴᠢᠯᠠᠭᠤᠯᠤᠨ ᠵᠠᠷᠢᠮ ᠨᠢ ᠣᠴᠣᠶᠢᠨ ᠰᠠᠭᠤᠵᠤ᠂ ᠵᠠᠷᠢᠮ | ᠨᠢ ᠨᠠᠭᠠᠰᠢ ᠴᠠᠭᠠᠰᠢ ᠬᠤᠯᠬᠢᠬᠤ ᠨᠢ ᠬᠠᠷᠠᠭᠳᠠᠪᠠ᠃ ᠣᠳᠣ ᠢᠩᠭᠢᠭᠡᠳ ᠴᠢᠨ᠋ᠸ᠎ᠠ ᠶᠢᠨ ᠬᠤᠭᠤᠯᠠ ᠪᠣᠯᠵᠤ ᠳᠠᠭᠤᠰᠳᠠᠭ | ᠪᠠᠶᠢᠵᠠᠢ ᠭᠡᠳ ᠲᠡᠷᠡ ᠬᠤᠶᠠᠷ ᠤᠨ ᠬᠤᠶᠢᠬ᠎ᠠ ᠶᠢᠨ ᠦᠰᠦ ᠨᠢ ᠪᠤᠰᠬᠤ ᠰᠢᠭ᠋ ᠪᠣᠯᠪᠠ᠃ ᠬᠤᠭᠤᠷᠴᠢ ᠭᠤᠸᠠᠢ | ᠬᠤᠭᠤᠷ ᠢᠶᠠᠨ ᠰᠢᠭᠦᠷᠴᠦ ᠠᠪᠤᠨ ︽ᠣᠳᠣ ᠬᠤᠭᠤᠷ ᠲᠠᠭᠠᠨ ᠪᠦᠭᠦ ᠵᠦᠢᠯ ᠢᠶᠠᠨ ᠳᠠᠭᠠᠳᠬᠠᠬᠤ ᠠᠴᠠ ᠁︾ | ᠭᠡᠳ ᠲᠤᠤᠯᠢ ᠬᠠᠶᠢᠯᠠᠨ ᠬᠤᠭᠤᠷᠳᠠᠵᠤ ᠪᠠᠰᠠ ᠳᠠᠭᠤᠯᠠᠵᠤ ᠬᠥᠭᠡᠮᠡᠶᠢᠳᠡᠵᠦ ᠭᠠᠷᠪᠠ᠃ ᠰᠦᠷᠦᠭ ᠪᠣᠣᠬᠠᠢ ᠴᠦ | ᠨᠠᠭᠠᠰᠢ ᠪᠠᠨ ᠳᠠᠭᠠᠷᠢᠵᠤ ᠳᠠᠪᠰᠢᠯᠠᠬᠤ ᠪᠠᠨ ᠪᠣᠯᠢᠭᠠᠳ ᠲᠡᠷᠡ ᠳᠣᠣᠷ᠎ᠠ ᠪᠠᠨ ᠣᠴᠣᠶᠢᠨ ᠰᠠᠭᠤᠭᠠᠳ ᠶᠠᠭ ᠯᠠ ᠤᠷᠠᠨ | ᠰᠠᠶᠢᠬᠠᠨ ᠤ ᠲᠣᠬᠯᠠᠯᠲᠠ ᠦᠵᠡᠵᠦ ᠪᠠᠶᠢᠭ᠎ᠠ ᠪᠣᠯᠪᠠᠰᠤᠨ ᠦᠵᠡᠭᠴᠢ ᠰᠢᠭ ᠲᠠᠭ ᠬᠥᠳᠡᠯᠦᠯ ᠦᠭᠡᠢ ᠨᠠᠮ ᠬᠥᠮ | ᠰᠣᠨᠣᠰᠴᠤ ᠪᠠᠶᠢᠯ᠎ᠠ᠃ ᠬᠠᠭᠤᠷᠠᠢ ᠲᠦᠯᠡᠭᠡ ᠴᠦ ᠳᠠᠭᠤᠰᠴᠤ ᠪᠣᠣᠬᠠᠢ ᠨᠤᠭᠤᠳ ᠢ ᠲᠦᠷ ᠴᠦ ᠭᠡᠰᠡᠨ ᠠᠷᠭᠠᠯᠠᠵᠤ | ᠠᠶᠤᠯᠭᠠᠵᠤ ᠪᠠᠶᠢᠭᠰᠠᠨ ᠭᠠᠯ ᠴᠦ ᠤᠨᠲᠠᠷᠠᠪᠠ᠃ ᠲᠡᠭᠷᠢ ᠶᠢᠨ ᠬᠠᠷᠠᠩᠭᠤᠢ ᠠᠭᠠᠵᠢᠮ ᠢᠶᠠᠷ ᠰᠡᠶᠢᠷᠡᠭᠵᠢᠨ | ᠵᠠᠮᠬᠠᠷᠠᠬᠤ ᠳᠤ ᠪᠣᠣᠬᠠᠢ ᠨᠤᠭᠤᠳ ᠴᠦ ᠲᠣᠬᠯᠠᠯᠲᠠ ᠰᠣᠨᠢᠷᠬᠠᠵᠤ ᠳᠠᠭᠤᠰᠤᠭᠠᠳ ᠬᠠᠷᠢᠬᠤ ᠭᠡᠵᠦ ᠪᠠᠶᠢᠭ᠎ᠠ | ᠦᠵᠡᠭᠴᠢᠳ ᠮᠡᠲᠦ ᠪᠦᠭᠦᠳᠡᠭᠡᠷ ᠰᠤᠨᠢᠶᠠᠨ ᠪᠣᠰᠣᠭᠠᠳ ᠰᠡᠳᠬᠢᠯ ᠳᠤ ᠭᠦᠷᠦᠭᠰᠡᠨ ᠰᠠᠶᠢᠬᠠᠨ ᠲᠤᠬᠯᠠᠯᠲᠠ ᠠᠴᠠ | ᠰᠠᠯᠵᠤ ᠶᠠᠳᠠᠨ ᠪᠠᠶᠢᠭ᠎ᠠ ᠮᠡᠲᠦ ᠡᠷᠭᠢᠵᠦ ᠬᠠᠷᠠᠭᠰᠠᠭᠠᠷ ᠲᠡᠷᠡᠦᠬᠡᠨ ᠭᠦᠪᠡᠭᠡ ᠳᠡᠭᠡᠭᠦᠷ ᠳᠠᠪᠠᠵᠤ ᠣᠲᠣᠭᠰᠠᠨ ᠭᠡᠨ᠎ᠡ᠃ | ᠲᠡᠭᠦᠨ ᠤ ᠬᠡᠲᠦᠶᠢᠳᠦᠭᠰᠡᠨ ᠠᠪᠢᠶᠠᠰ ᠬᠥᠮᠥᠨ ᠴᠢᠨᠠᠷ ᠬᠤᠶᠠᠷ ᠲᠤᠨᠢ ᠪᠠᠶᠠᠨ ᠶᠠᠳᠠᠭᠤ ᠶᠠᠩᠵᠤ | ᠪᠦᠷᠢ ᠶᠢᠨ ᠪᠦᠰᠡᠭᠦᠶᠢᠴᠦᠦᠯ ᠬᠥᠯ ᠠᠯᠳᠠᠨ ᠳᠤᠷᠠᠯᠠᠭᠰᠠᠨ ᠪᠤᠯᠪᠠᠴᠤ ᠲᠡᠷᠲᠡᠭᠡ ᠬᠤᠰᠢᠭᠤᠨ ᠤ ᠨᠢᠭᠡ ᠯᠠ | ᠪᠦᠰᠡᠭᠦᠢ ᠳᠤ ᠰᠡᠳᠬᠢᠯ ᠠᠯᠳᠠᠷᠠᠭᠰᠠᠨ ᠶᠤᠮ ᠭᠡᠳᠡᠭ᠃ ᠲᠡᠷᠡ ᠪᠠᠷ ᠵᠠᠰᠠᠭ ᠨᠣᠶᠠᠨ ᠤ ᠤᠷᠢᠯᠭ᠎ᠠ ᠪᠠᠷ ᠳᠠᠭᠤᠤ | ᠬᠤᠭᠤᠷ ᠢᠶᠠᠨ ᠡᠷᠭᠦᠵᠦ ᠶᠠᠪᠤᠬᠤ ᠳᠠᠭᠠᠨ ᠲᠠᠨᠢᠯᠴᠠᠵᠤ ᠳᠤᠷᠠᠯᠠᠯᠴᠠᠭᠰᠠᠨ ᠠᠵᠢ᠃ ᠲᠡᠷᠡ ᠥᠬᠢᠨ ᠣᠷᠳᠣᠨ ᠤ | ᠳᠠᠭᠤᠴᠢ ᠪᠠᠷ ᠵᠠᠷᠤᠴᠠᠯᠠᠭᠳᠠᠵᠤ ᠪᠠᠶᠢᠵᠠᠢ᠃ ᠬᠤᠷᠢᠮ ᠢᠶᠠᠨ ᠬᠢᠬᠦ ᠪᠠᠷ ᠲᠣᠪᠯᠠᠴᠢᠬᠠᠭᠰᠠᠨ ᠪᠠᠶᠢᠬᠤ ᠳᠤᠨᠢ ᠨᠢᠭᠡ | ᠤᠳᠠᠭᠠᠨ ᠤ ᠡᠷᠬᠡ ᠪᠤᠯᠢᠶᠠᠯᠳᠤᠭᠠᠨ ᠤ ᠦᠢᠮᠡᠭᠡᠨ ᠰᠠᠮᠠᠭᠤᠨ ᠳᠤ ᠰᠦᠢᠲᠦ ᠪᠦᠰᠡᠭᠦᠢ ᠨᠢ ᠳᠠᠭᠠᠷᠢᠬᠳᠠᠨ | ᠬᠠᠷᠠᠮᠰᠠᠯᠲᠠᠢ ᠪᠠᠷ ᠨᠠᠰᠤ ᠪᠠᠷᠠᠵᠠᠢ᠃ ᠬᠥᠭᠡᠷᠦᠬᠦᠢ ᠮᠠᠭᠤ ᠡᠵᠢ ᠨᠢ ᠴᠦ ᠮᠥᠨ ᠲᠡᠷᠡ ᠵᠢᠯ ᠪᠤᠷᠬᠠᠨ ᠪᠣᠯᠤᠭᠰᠠᠨ ᠭᠡᠨ᠎ᠡ | ᠃ ᠲᠡᠭᠦᠨ ᠠᠴᠠ ᠬᠤᠶᠢᠰᠢ ᠲᠡᠭᠦᠨ ᠤ ᠳᠤᠷᠠᠯᠠᠯ ᠤᠨ ᠭᠠᠯ ᠨᠢ ᠤᠨᠲᠠᠷᠠᠭᠰᠠᠨ ᠮᠡᠲᠦ ᠳᠠᠭᠢᠵᠤ ᠬᠡᠨ ᠳᠤ ᠴᠦ | ᠳᠤᠷᠠᠯᠠᠭᠰᠠᠨ ᠦᠭᠡᠢ᠂ ᠨᠠᠰᠤᠨ ᠲᠤᠷᠰᠢ ᠥᠨᠥᠴᠢᠨ ᠪᠦᠷᠭᠦᠳ ᠰᠢᠭ ᠶᠠᠪᠤᠭᠰᠠᠨ ᠭᠡᠳᠡᠭ᠃ | ᠁ ᠁ ᠁ | ᠬᠤᠭᠤᠷᠴᠢ ᠳ᠋ᠠᠨᠢᠭ᠎ᠠ ᠶᠢᠨ ᠮᠥᠷ ᠰᠤᠷᠠᠭ ᠦᠭᠡᠢ ᠠᠯᠠᠭ᠎ᠠ ᠪᠣᠯᠤᠭᠰᠠᠨ ᠢ ᠳᠤᠭᠤᠯᠤᠭᠠᠳ ᠨᠤᠲᠤᠭ | ᠤᠰᠤᠨ ᠤ ᠬᠢᠨ ᠡᠷᠢᠯ ᠰᠤᠷᠠᠯ ᠪᠣᠯᠵᠤ᠂ ᠬᠥᠯ ᠲᠠᠢ ᠨᠢ ᠬᠦᠯᠬᠦᠵᠦ᠂ ᠬᠥᠯ ᠦᠭᠡᠢ ᠨᠢ ᠮᠥᠯᠬᠦᠵᠦ ᠬᠠᠶᠢᠭᠰᠠᠨ | ᠪᠤᠯᠪᠠᠴᠤ ᠶᠠᠭᠤ ᠴᠦ ᠣᠯᠣᠭᠰᠠᠨ ᠦᠭᠡᠢ ᠬᠤᠴᠣᠷᠴᠠᠢ᠃ ᠬᠠᠷᠢᠨ ᠬᠡᠳᠦᠨ ᠲᠣᠯᠣᠭᠠᠳ ᠤᠨ ᠬᠢᠨᠢ ᠴᠠᠭᠠᠨ᠎ᠠ | ᠰᠠᠭᠤᠳᠠᠭ ᠨᠢᠭᠡ ᠬᠤᠳᠳᠤᠭ ᠤᠰᠤᠨ ᠤ ᠪᠠᠰᠠ ᠯᠠ ᠳᠠᠭᠤᠤ ᠬᠤᠭᠤᠷ ᠤᠨ ᠠᠳᠠ ᠣᠷᠣᠰᠢᠭᠰᠠᠨ ᠭᠡᠮᠡᠷ ᠵᠢᠭᠠᠬᠠᠨ | ᠬᠦᠦ ᠬᠤᠭᠤᠷᠴᠢ ᠥᠪᠥᠧ ᠬᠤᠭᠤᠷᠬᠠᠢ ᠬᠤᠭᠤᠷ ᠢᠶᠠᠨ ᠡᠭᠦᠷᠦᠭᠡᠳ ᠣᠭᠲᠠᠷᠭᠤᠢ ᠶᠢᠨ ᠴᠠᠭᠠᠨ ᠣᠶᠣᠳᠠᠯ ᠢ ᠳᠠᠭᠠᠵᠤ | ᠂ ᠲᠡᠭᠷᠢ ᠥᠭᠡᠳᠡ ᠶᠠᠪᠤᠭᠠᠳ ᠣᠲᠣᠭᠰᠠᠨ ᠢ ᠪᠢ ᠵᠡᠭᠦᠳᠦᠨ ᠳᠡᠭᠡᠨ ᠬᠠᠷᠠᠭᠰᠠᠨ᠃ ᠬᠤᠶᠢᠨ᠎ᠠ ᠠᠴᠠ ᠨᠢ ᠰᠦᠷᠦᠭ | ᠴᠠᠭᠠᠨ ᠴᠢᠨ᠋ᠸ᠎ᠠ ᠳᠠᠭᠠᠵᠤ ᠤᠯᠢᠬᠰᠠᠭᠠᠷ ᠶᠠᠪᠤᠵᠤ ᠪᠠᠶᠢᠨ᠎ᠠ ᠭᠡᠵᠦ ᠵᠡᠭᠦᠳᠦᠯᠡᠭᠰᠡᠨ ᠭᠡᠵᠦ ᠪᠠᠰᠠ ᠨᠡᠮᠡᠵᠦ ᠬᠡᠯᠡᠵᠡᠢ᠃ | ᠲᠡᠷᠡ ᠬᠦᠦ ᠶᠢᠨ ᠵᠡᠭᠦᠳᠦ ᠶᠢ ᠬᠡᠨ ᠴᠦ ᠶᠠᠭᠤᠮᠠᠨ ᠴᠢᠨᠡᠭᠡᠨ ᠳᠤ ᠪᠤᠳᠤᠬᠰᠠᠨ ᠦᠭᠡᠢ᠃ ︽ᠪᠤᠷᠬᠠᠨ ᠬᠤᠭᠤᠷᠴᠢ︾ | ᠶᠢᠨ ᠵᠢᠩᠬᠢᠨᠢ ᠳᠦᠷᠢ ᠲᠥᠷᠬᠦ ᠴᠦ ᠬᠥᠮᠥᠰ ᠤᠨ ᠣᠢ ᠰᠠᠨᠠᠮᠵᠢ ᠠᠴᠠ ᠠᠯᠭᠤᠷᠬᠠᠨ ᠵᠠᠮᠬᠠᠷᠠᠵᠤ᠂ ᠳᠣᠮᠤᠭ ᠪᠣᠯᠣᠨ | ᠶᠠᠷᠢᠭᠳᠠᠬᠤ ᠲᠡᠳᠦᠢ ᠪᠣᠯᠵᠠᠢ᠃ | ᠡᠪᠦᠭᠡᠨ ᠬᠤᠭᠤᠷᠴᠢ ᠰᠤᠷᠠᠭ ᠠᠯᠳᠠᠷᠠᠭᠰᠠᠨ ᠬᠡᠳᠦᠬᠡᠨ ᠬᠤᠨᠤᠭ ᠤᠨ ᠳᠠᠷᠠᠭ᠎ᠠ ᠬᠤᠭᠤᠷᠴᠢ ᠶᠢᠨ | ᠬᠤᠭᠤᠷ ᠢ ᠬᠤᠭᠤ ᠳᠡᠪᠰᠡᠵᠦ ᠭᠠᠯ ᠤᠷᠤᠭᠤ ᠰᠢᠳᠡᠭᠰᠡᠨ ᠬᠤᠶᠠᠷ ᠬᠥᠮᠥᠨ ᠤ ᠨᠢᠭᠡ ᠨᠢ ᠰᠣᠭᠲᠣᠭᠤ ᠬᠥᠯᠴᠥᠭᠦᠦ | ᠬᠥᠳᠡᠭᠡ ᠲᠥᠭᠡᠷᠢᠵᠦ ᠬᠤᠨᠣᠭᠠᠳ ᠬᠡᠭᠡᠷ᠎ᠡ ᠶᠢᠨ ᠨᠣᠬᠠᠢ ᠶᠢᠨ ᠵᠠᠭᠤᠰᠢ ᠪᠣᠯᠵᠤ᠂ ᠨᠥᠭᠦᠭᠡ ᠨᠢ ᠤᠴᠢᠷ | ᠪᠢᠲᠡᠭᠦᠯᠢᠭ ᠢᠶᠠᠷ ᠬᠤᠳᠳᠤᠭ ᠳᠣᠲᠣᠷ᠎ᠠ ᠪᠣᠭᠤᠵᠤ ᠦᠬᠦᠭᠰᠡᠨ ᠭᠡᠨ᠎ᠡ᠃ ᠲᠡᠷᠡ ᠬᠤᠶᠠᠷ ᠬᠡᠯᠡᠯᠴᠡᠭᠡ ᠲᠠᠢ ᠶᠤᠮ ᠰᠢᠭ | ᠡᠳᠦᠷ ᠳᠠᠷᠠᠭᠠᠯᠠᠨ ᠳᠠᠭᠤᠰᠴᠠᠢ᠃ ᠡᠪᠦᠭᠡᠨ ᠬᠤᠭᠤᠷᠴᠢ ᠮᠠᠭᠠᠳ ᠦᠭᠡᠢ ᠨᠠᠰᠤᠨ ᠳᠠᠭᠠᠨ ᠨᠢᠭᠦᠯ ᠬᠢᠭᠰᠡᠨ ᠭᠡᠪᠡᠯ ᠡᠨᠡ | ᠯᠡ ᠪᠠᠶᠢᠵᠤ ᠪᠤᠯᠬᠤ᠃ | ᠬᠤᠭᠤᠷᠴᠢ ᠶᠢ ᠬᠠᠯᠢᠭᠰᠠᠨ ᠠᠴᠠ ᠬᠤᠶᠢᠰᠢ ᠭᠤᠪᠢ ᠨᠤᠲᠤᠭ ᠲᠤ ᠪᠠᠷᠤᠭ ᠠᠷᠪᠠᠨ ᠵᠢᠯ ᠤᠨ ᠶᠢᠰᠦ ᠨᠢ | ᠭᠠᠩᠳᠠᠨ᠂ ᠡᠪᠡᠰᠦ ᠤᠷᠭᠤᠮᠠᠯ ᠲᠠᠴᠢᠷᠰᠢᠵᠤ᠂ ᠬᠢᠵᠢᠭ ᠲᠠᠬᠤᠯ ᠳᠡᠯᠭᠡᠷᠡᠨ᠂ ᠭᠠᠢ ᠪᠠᠷᠴᠢᠳ ᠣᠯᠠᠰᠢᠷᠠᠵᠤ᠂ ᠬᠥᠮᠥᠨ | ᠠᠮᠢᠲᠠᠨ ᠣᠷᠣᠰᠢᠨ ᠪᠠᠶᠢᠬᠤᠢ ᠶᠢᠨ ᠠᠷᠭ᠎ᠠ ᠦᠭᠡᠢ ᠳᠤ ᠲᠤᠯᠵᠤ᠂ ᠪᠠᠶᠠᠨ ᠪᠠᠷᠬᠠᠰ ᠤᠨ ᠦᠷ᠎ᠡ ᠰᠠᠳᠤᠨ ᠢ | ᠪᠠᠭᠲᠠᠭᠠᠭᠰᠠᠨ ᠤᠤᠭᠠᠯ ᠨᠤᠲᠤᠭ ᠤᠨ ᠬᠥᠮᠥᠰ ᠬᠥᠮᠥᠨ ᠤ ᠭᠠᠵᠠᠷ ᠬᠥᠨᠳᠡᠯᠡᠨ ᠤ ᠨᠤᠲᠤᠭ ᠲᠤ ᠨᠡᠭᠦᠳᠡᠯᠯᠡᠵᠦ | ᠡᠰᠡᠬᠦᠯ᠎ᠡ ᠰᠠᠭᠤᠷᠢᠰᠢᠬᠤ ᠪᠣᠯᠤᠭᠰᠠᠨ ᠭᠡᠨ᠎ᠡ᠃ ᠥᠨᠥᠬᠢ ᠬᠠᠷᠢ ᠭᠠᠵᠠᠷ ᠠᠴᠠ ᠶᠠᠪᠠᠭᠠᠨ ᠨᠢᠴᠦᠭᠦᠨ ᠢᠷᠡᠭᠡᠳ | ᠶᠠᠭᠤᠮᠠᠵᠢᠵᠤ ᠬᠥᠷᠥᠩᠭᠡᠵᠢᠭᠰᠡᠨ ᠴᠠᠭᠠᠴᠢ ᠪᠠᠶᠠᠨ ᠴᠦ ᠪᠠᠶᠢᠳᠠᠭ ᠮᠠᠯ ᠰᠦᠷᠦᠭ ᠢᠶᠠᠨ ᠭᠠᠩ ᠵᠤᠳ᠂ ᠭᠠᠯᠵᠠᠭᠤ | ᠪᠣᠣᠬᠠᠢ ᠬᠤᠶᠠᠷ ᠲᠤ ᠡᠷᠭᠦᠵᠦ ᠳᠠᠭᠤᠰᠬᠠᠭᠠᠳ ᠮᠣᠳᠣ ᠪᠠᠨ ᠪᠠᠷᠢᠵᠤ ᠨᠤᠲᠤᠭ ᠪᠤᠴᠠᠭᠠᠳ ᠰᠤᠷᠠᠭ ᠲᠠᠰᠤᠷᠠᠵᠠᠢ᠃ | ᠰᠦᠷᠦᠭᠯᠡᠵᠦ ᠶᠠᠪᠤᠳᠠᠭ ᠴᠢᠨ᠋ᠸ᠎ᠠ ᠶᠢᠨ ᠮᠥᠷ ᠴᠦ ᠳᠠᠭᠢᠵᠤ ᠬᠠᠷᠠᠭᠳᠠᠬᠤ ᠦᠭᠡᠢ ᠪᠣᠯᠤᠭᠰᠠᠨ ᠭᠡᠨ᠎ᠡ᠃ | ᠰᠣᠬᠤᠷ ᠬᠤᠭᠤᠷᠴᠢ ᠮᠠᠨᠢ ᠵᠡᠭᠦᠳᠦᠨ ᠳᠤᠮᠳᠠᠭᠤᠷ ᠢᠷᠡᠭᠰᠡᠨ ᠰᠢᠭ ᠢᠶᠠᠨ ᠵᠡᠭᠦᠳᠦᠨ ᠳᠤᠮᠳᠠᠭᠤᠷ | ᠪᠤᠴᠠᠭᠰᠠᠨ ᠠᠪᠠᠢ᠃ | ᠪᠤᠷᠬᠠᠨ ᠬᠤᠭᠤᠷᠴᠢ ᠬᠡᠮᠡᠭᠳᠡᠳᠡᠭ ᠳᠣᠮᠣᠭᠲᠤ ᠬᠤᠭᠤᠷᠴᠢ ᠴᠣᠬᠤᠮ ᠬᠡᠵᠢᠶ᠎ᠡ ᠨᠢᠭᠡᠨ ᠴᠠᠭ ᠲᠤ ᠪᠠᠶᠢᠵᠤ | ᠥᠩᠭᠡᠷᠡᠭᠰᠡᠨ ᠡᠰᠡᠬᠦ ᠨᠢ ᠡᠷᠡᠭᠡᠯᠵᠡᠭᠡ ᠲᠠᠢ ᠶᠤᠮ᠃ ᠬᠡᠷᠪᠡ ᠪᠠᠶᠢᠭᠰᠠᠨ ᠪᠣᠯ ᠶᠢᠷᠲᠢᠨᠴᠦ ᠶᠢᠨ ᠬᠥᠭᠵᠢᠮᠲᠦ ᠵᠡᠭᠦᠳᠦ | ᠪᠠᠶᠢᠭᠰᠠᠨ ᠪᠠᠶᠢᠬ᠎ᠠ᠃ ᠲᠡᠷᠡ ᠪᠠᠷ ᠵᠡᠭᠦᠳᠦᠨ ᠠᠴᠠ ᠲᠠᠰᠤᠷᠠᠵᠤ᠂ ᠬᠤᠭᠤᠷ ᠠᠴᠠ ᠮᠡᠨᠳᠦᠯᠡᠭᠰᠡᠨ ᠳᠣᠮᠤᠭ ᠪᠠᠶᠢᠭᠰᠠᠨ | ᠪᠤᠶᠤ᠃ | ᠭᠤᠪᠢ ᠰᠠᠶᠢᠬᠠᠨ ᠨᠤᠲᠤᠭ ᠤᠨ ᠭᠡᠭᠡ ᠲᠠᠲᠠᠭᠰᠠᠨ ᠳᠣᠮᠤᠭ ᠳᠤᠮᠳᠠᠭᠤᠷ ᠲᠤᠭᠤᠴᠢᠵᠤ ᠥᠩᠭᠡᠷᠡᠭᠰᠡᠨ | ᠭᠠᠶᠢᠬᠠᠮᠰᠢᠭᠲᠤ ᠨᠢᠭᠡᠨ ᠵᠡᠭᠦᠳᠦ ᠡᠶᠢᠨ ᠬᠦ ᠵᠢᠷᠭᠠᠭᠰᠠᠨ ᠠᠪᠠᠢ᠃ | |