| ● ᠡᠷᠳᠡᠨᠢᠴᠡᠴᠡᠭ | ᠬᠥᠮᠥᠰ ᠤᠨ ᠬᠦᠰᠡᠨ ᠬᠦᠯᠢᠶᠡᠳᠡᠭ ᠴᠠᠭᠠᠨ ᠰᠠᠷ᠎ᠠ ᠬᠦᠷᠴᠦ ᠢᠷᠡᠬᠦ ᠲᠠᠰᠢᠷᠠᠮ ᠢᠶᠠᠷ ᠮᠠᠯᠴᠢᠨ | ᠨᠠᠰᠤᠨᠴᠢᠮᠡᠭ ᠤᠨ ᠬᠢᠨ ᠡᠳᠦᠷᠵᠢᠨ ᠶᠠᠭᠠᠷᠠᠯᠲᠠᠢ ᠪᠠᠷ ᠴᠠᠭᠠᠨ ᠰᠠᠷ᠎ᠠ ᠶᠢᠨ ᠪᠤᠭᠤᠷᠰᠤᠭ ᠬᠢᠵᠦ᠂ 20 ᠡᠳᠦᠷ | ᠰᠢᠷᠠᠭᠰᠠᠨ ᠪᠤᠭᠤᠷᠰᠤᠭ ᠤᠨ ᠤᠷᠤᠯᠭ᠎ᠠ ᠨᠢ 2 ᠲᠦᠮᠡᠨ ᠲᠥᠭᠦᠷᠢᠭ ᠲᠤ ᠬᠦᠷᠴᠡᠢ᠃ | ᠨᠠᠰᠤᠨᠴᠢᠮᠡᠭ ᠠᠯᠠᠱᠠ ᠵᠡᠭᠦᠨ ᠬᠤᠰᠢᠭᠤᠨ ᠤ ᠵᠢᠷᠠᠲᠠᠢ ᠪᠠᠯᠭᠠᠰᠤᠨ ᠤ ᠵᠠᠬᠠᠪᠤᠯᠠᠭ ᠭᠠᠴᠠᠭᠠᠨ ᠳᠤ | ᠨᠤᠲᠤᠭ ᠲᠠᠢ᠃ ᠲᠡᠷᠡ 2004 ᠣᠨ ᠳᠤ ᠬᠤᠳᠠ ᠳᠤ ᠣᠷᠣᠵᠤ᠂ 2014 ᠣᠨ ᠠᠴᠠ ᠡᠬᠢᠯᠡᠨ ᠬᠤᠪᠢ ᠪᠠᠷ ᠢᠶᠠᠨ | ᠬᠤᠭᠤᠯᠠᠨ ᠭᠡᠷ ᠨᠡᠭᠡᠭᠡᠵᠦ ᠪᠠᠶᠢᠭᠰᠠᠨ ᠢᠶᠠᠨ 2019 ᠣᠨ ᠠᠴᠠ ᠡᠬᠢᠯᠡᠨ ᠪᠠᠶᠠᠨᠬᠤᠲᠠ ᠳᠤ ᠪᠤᠭᠤᠷᠰᠤᠭ ᠬᠢᠵᠦ | ᠤᠷᠤᠯᠭ᠎ᠠ ᠪᠠᠨ ᠨᠡᠮᠡᠭᠳᠡᠭᠦᠯᠵᠦ᠂ ᠪᠤᠰᠤᠳ ᠴᠠᠭ ᠢᠶᠠᠷ ᠨᠢ ᠬᠤᠭᠤᠯᠠᠨ ᠭᠡᠷ ᠲᠤ ᠦᠢᠯᠡᠴᠢᠯᠡᠭᠡᠨ ᠤ ᠠᠵᠢᠯ ᠬᠢᠳᠡᠭ᠃ | ᠨᠠᠰᠤᠨᠴᠢᠮᠡᠭ ᠤᠨ ᠬᠢᠨ ᠬᠡᠷᠡᠭᠯᠡᠭᠴᠢᠳ ᠤᠨ ᠬᠡᠷᠡᠭᠴᠡᠭᠡ ᠶᠢ ᠦᠨᠳᠦᠰᠦᠯᠡᠵᠦ ᠰᠢᠬᠢᠷ ᠲᠠᠢ ᠪᠤᠭᠤᠷᠰᠤᠭ᠂ | ᠰᠢᠬᠢᠷ ᠦᠭᠡᠢ ᠪᠤᠭᠤᠷᠰᠤᠭ᠂ ᠬᠤᠷᠣᠬᠠᠢ ᠪᠤᠭᠤᠷᠰᠤᠭ᠂ ᠴᠢᠪᠠᠭ᠎ᠠ ᠲᠠᠢ ᠳᠠᠪᠬᠤᠷ ᠮᠤᠰᠬᠢᠮᠠᠯ ᠪᠤᠭᠤᠷᠰᠤᠭ᠂ ᠳᠠᠩ | ᠮᠤᠰᠬᠢᠮᠠᠯ ᠪᠤᠭᠤᠷᠰᠤᠭ᠂ ᠡᠭᠦᠯᠡᠨ ᠪᠤᠭᠤᠷᠰᠤᠭ ᠵᠡᠷᠭᠡ ᠪᠣᠣᠪᠤ ᠪᠤᠭᠤᠷᠰᠤᠭ ᠬᠢᠬᠦ ᠠᠴᠠ ᠭᠠᠳᠠᠨ᠎ᠠ ᠪᠠᠰᠠ ᠥᠪᠡᠷ ᠢᠶᠠᠨ | ᠬᠢᠵᠦ ᠨᠠᠶᠢᠷᠠᠭᠤᠯᠤᠭᠰᠠᠨ ᠯᠠᠵᠤᠤ᠂ ᠤᠯᠠᠭᠠᠨ ᠭᠤᠶᠣᠣ ᠲᠠᠢ ᠰᠢᠬᠢᠷ ᠵᠡᠷᠭᠡ ᠪᠠᠨ ᠭᠠᠷ ᠤᠲᠠᠰᠤᠨ ᠤ ᠨᠠᠶᠢᠵᠠ ᠶᠢᠨ | ᠲᠣᠭᠤᠷᠢᠭ ᠲᠤ ᠵᠠᠷᠤᠵᠤ᠂ ᠬᠡᠷᠡᠭᠯᠡᠭᠴᠢᠳ ᠤᠨ ᠲᠠᠭᠠᠰᠢᠶᠠᠯ ᠢ ᠭᠥᠷᠳᠡᠭᠰᠡᠨ ᠪᠠᠶᠢᠨ᠎ᠠ᠃ ᠳᠡᠳᠡᠨ ᠤ ᠬᠢᠨ ᠳᠤ | ᠬᠦᠷᠬᠦ ᠳᠤ ᠪᠤᠭᠤᠷᠰᠤᠭ ᠢᠶᠠᠨ ᠲᠦᠷᠦᠯ ᠬᠤᠪᠢᠶᠠᠷᠢᠯᠠᠨ ᠤᠭᠤᠲᠠ ᠤᠭᠤᠲᠠ ᠪᠠᠷ ᠰᠠᠪᠠᠯᠠᠨ ᠡᠩᠨᠡᠭᠦᠯᠦᠨ ᠲᠠᠯᠪᠢᠭᠰᠠᠨ | ᠪᠠᠶᠢᠯ᠎ᠠ᠃ ᠡᠩ ᠤᠨ ᠮᠤᠰᠬᠢᠮᠠᠯ ᠪᠤᠭᠤᠷᠰᠤᠭ ᠨᠢ ᠵᠢᠩ ᠪᠦᠷᠢ ᠳᠡᠭᠡᠨ 15 ᠲᠥᠭᠦᠷᠢᠭ᠂ ᠳᠠᠪᠬᠤᠷ ᠮᠤᠰᠬᠢᠮᠠᠯ | ᠪᠤᠭᠤᠷᠰᠤᠭ ᠨᠢ ᠵᠢᠩ ᠪᠦᠷᠢ ᠳᠡᠭᠡᠨ 18 ᠲᠥᠭᠦᠷᠢᠭ ᠢᠶᠠᠷ ᠪᠣᠷᠣᠯᠠᠭᠤᠯᠵᠤ ᠪᠠᠶᠢᠯ᠎ᠠ᠃ ᠨᠠᠰᠤᠨᠴᠢᠮᠡᠭ ᠨᠢᠭᠡ | ᠡᠳᠦᠷ ᠲᠤ ᠲᠠᠪᠢ ᠠᠴᠠ ᠵᠠᠭᠤᠨ ᠵᠢᠩ ᠤᠨ ᠭᠤᠯᠢᠷ ᠨᠤᠬᠤᠵᠤ᠂ ᠳᠣᠲᠣᠷ᠎ᠠ ᠨᠢ ᠥᠨᠳᠡᠭᠡ᠂ ᠲᠣᠰᠣ ᠵᠡᠷᠭᠡ ᠶᠢ | ᠬᠤᠯᠢᠨ ᠬᠢᠳᠡᠭ ᠪᠠᠶᠢᠨ᠎ᠠ᠃ | ᠨᠠᠰᠤᠨᠴᠢᠮᠡᠭ᠄ ︽ᠪᠢ ᠴᠠᠭᠠᠨ ᠰᠠᠷ᠎ᠠ ᠶᠢᠨ ᠪᠤᠭᠤᠷᠰᠤᠭ ᠬᠢᠵᠦ ᠬᠤᠳᠠᠯᠳᠤᠭᠠᠳ ᠵᠢᠷᠭᠤᠭ᠎ᠠ ᠲᠤᠯᠤᠭᠠᠠ | ᠵᠢᠯ ᠪᠣᠯᠵᠤ ᠪᠠᠶᠢᠨ᠎ᠠ᠃ ᠪᠤᠭᠤᠷᠰᠤᠭ ᠤᠨ ᠥᠩᠭᠡ ᠶᠢ ᠣᠨᠴᠠᠭᠠᠶᠢᠯᠠᠨ ᠠᠩᠬᠠᠷᠳᠠᠭ᠃ ᠲᠤᠰᠤᠨ ᠤ ᠬᠠᠯᠠᠭᠤᠨ ᠤ | ᠬᠡᠮᠵᠢᠶ᠎ᠡ ᠶᠢ ᠲᠠᠭᠠᠷᠠᠭᠤᠯᠤᠨ ᠬᠠᠭᠠᠷᠢᠪᠠᠯ ᠥᠩᠭᠡ ᠰᠠᠶᠢᠬᠠᠨ ᠪᠤᠯᠳᠠᠭ᠃ ᠲᠤᠰᠤᠨ ᠤ ᠬᠠᠯᠠᠭᠤᠨ ᠤ ᠬᠡᠮᠵᠢᠶ᠎ᠡ ᠶᠢ | ᠲᠠᠭᠠᠷᠠᠭᠤᠯᠬᠤ ᠳᠤ ᠪᠤᠭᠤᠷᠰᠤᠭ ᠬᠠᠭᠠᠷᠢᠭᠰᠠᠨ ᠬᠠᠯᠠᠭᠤᠨ ᠲᠤᠰᠤᠨ ᠠᠴᠠ ᠪᠠᠨ ᠨᠢᠭᠡ ᠪᠦᠳᠦᠭᠦᠨ ᠰᠢᠨᠠᠭ᠎ᠠ ᠠᠪᠴᠤ | ᠬᠥᠷᠥᠭᠡᠭᠡᠳ ᠲᠠᠭᠢᠨ ᠲᠣᠭᠤᠭᠠᠨ ᠳᠠᠭᠠᠨ ᠬᠢᠵᠦ ᠬᠠᠯᠠᠭᠤᠨ ᠤ ᠬᠡᠮᠵᠢᠶ᠎ᠡ ᠪᠠᠨ ᠲᠣᠬᠢᠷᠠᠭᠤᠯᠳᠠᠭ᠃ ᠤᠳᠤ ᠵᠠᠬᠢᠶᠠᠯᠠᠭ᠎ᠠ | ᠠᠷᠪᠢᠳᠤᠭᠠᠳ ᠬᠥᠮᠥᠰ ᠤᠨ ᠬᠡᠷᠡᠭᠴᠡᠭᠡ ᠶᠢ ᠬᠠᠩᠭᠠᠵᠤ ᠴᠢᠳᠠᠬᠤ ᠪᠠᠨ ᠪᠣᠯᠢᠵᠤ ᠪᠠᠶᠢᠨ᠎ᠠ᠃ ᠪᠢᠳᠡ ᠬᠤᠶᠠᠷ ᠪᠦᠲᠦᠨ | ᠡᠳᠦᠷ ᠮᠠᠰᠢ ᠶᠠᠭᠠᠷᠠᠯᠲᠠᠢ ᠠᠵᠢᠯᠯᠠᠭᠠᠳ ᠲᠠᠭᠠᠷᠠᠴᠢᠬᠠᠳᠠᠭ ᠪᠣᠯᠬᠤᠷ ᠬᠥᠮᠥᠰ ᠤᠨ ᠠᠪᠤᠨ᠎ᠠ ᠭᠡᠰᠡᠨ ᠪᠤᠭᠤᠷᠰᠤᠭ ᠢ | ᠬᠦᠷᠭᠡᠵᠦ ᠥᠭᠬᠦ ᠵᠠᠪ ᠪᠠᠶᠢᠳᠠᠭ ᠦᠭᠡᠢ᠂ ᠯᠠ ᠰᠠᠷ᠎ᠠ ᠶᠢᠨ ᠬᠤᠷᠢᠨ ᠲᠠᠪᠤᠨ ᠪᠤᠯᠳᠠᠯ᠎ᠠ ᠪᠤᠭᠤᠷᠰᠤᠭ ᠬᠢᠬᠦ | ᠰᠠᠨᠠᠭ᠎ᠠ ᠲᠠᠢ︾ ᠭᠡᠵᠦ ᠪᠠᠶᠢᠪᠠ᠃ | |