ᠰᠡᠴᠡᠨ᠂ ᠡᠷᠳᠡᠨᠢᠬᠦᠦ | | - ᠬᠥᠳᠡᠭᠡᠨ ᠤ ᠮᠠᠯ ᠤᠨ ᠮᠢᠬ᠎ᠠ ᠪᠠᠨ ᠪᠠᠶᠠᠨᠬᠤᠲᠠ ᠳᠤ ᠠᠪᠴᠢᠷᠠᠯ᠎ᠠ᠃ ᠠᠪᠬᠤ ᠰᠠᠨᠠᠭ᠎ᠠ ᠲᠠᠢ ᠬᠥᠮᠥᠰ | ᠬᠠᠷᠢᠯᠴᠠᠭᠠᠷᠠᠢ︕ | - ᠬᠥᠳᠡᠭᠡᠨ ᠤ ᠮᠠᠯ ᠤᠨ ᠮᠢᠬᠠᠨ ᠤ ᠵᠠᠭᠤᠰᠢ ᠲᠠᠢ ᠬᠤᠩ ᠶᠠᠨ ᠪ᠊ ᠬᠤᠭᠤᠯᠠᠨ ᠭᠡᠷ ᠲᠤ ᠮᠣᠷᠢᠯᠠᠨ | ᠰᠠᠭᠠᠲᠠᠭᠠᠷᠠᠢ︕ | ᠮᠠᠯᠴᠢᠨ ᠬᠤᠩ ᠶᠠᠨ ᠮᠥᠨ ᠡᠶᠢᠨᠬᠦ ᠡᠳᠦᠷ ᠪᠦᠷᠢ ᠮᠠᠯ ᠤᠨ ᠮᠢᠬ᠎ᠠ ᠪᠠᠨ ᠪᠣᠷᠣᠯᠠᠭᠤᠯᠤᠭᠠᠳ ᠶᠠᠪ | ᠶᠠᠭᠠᠷᠠᠤ᠃ ᠤᠷᠤᠯᠳᠤᠵᠦ ᠬᠢᠭᠰᠡᠨ ᠦᠢᠯᠡᠰ ᠨᠢ ᠤᠳᠤ ᠬᠡᠶᠢᠮᠣᠷᠢ ᠲᠠᠢ ᠥᠭᠡᠳᠡ ᠡᠰᠡᠷᠡᠭ ᠪᠠᠶᠢᠭ᠎ᠠ ᠶᠢᠨ ᠤᠴᠢᠷ | ᠬᠤᠩ ᠶᠠᠨ ᠴᠤ ᠡᠭᠦᠨ ᠳᠡᠭᠡᠨ ᠤᠷᠮᠠᠰᠢᠵᠤ᠂ ᠮᠠᠯ ᠤᠨ ᠮᠢᠬ᠎ᠠ ᠪᠠᠨ ᠶᠠᠭᠠᠬᠢᠵᠤ ᠥᠨᠳᠥᠷ ᠦᠨ᠎ᠡ ᠳᠤ ᠬᠦᠷᠭᠡᠬᠦ᠂ | ᠶᠠᠮᠠᠷ ᠠᠷᠭ᠎ᠠ ᠪᠠᠷ ᠴᠠᠭ ᠤᠨ ᠪᠠᠶᠢᠳᠠᠯ ᠳᠤ ᠲᠣᠬᠢᠷᠠᠭᠤᠯᠤᠨ ᠠᠵᠤ ᠠᠬᠤᠢ ᠶᠢᠨ ᠠᠰᠢᠭ ᠤᠷᠤᠯᠭ᠎ᠠ ᠪᠠᠨ ᠨᠡᠮᠡᠭᠳᠡᠭᠦᠯᠬᠦ | ᠲᠤᠬᠠᠢ ᠤᠯᠠᠨ ᠢ ᠰᠡᠳᠬᠢᠭᠰᠡᠭᠡᠷ ᠁ | ᠬᠤᠩ ᠶᠠᠨ᠂ ᠵᠢᠷᠠᠲᠠᠢ ᠪᠠᠯᠭᠠᠰᠤᠨ ᠤ ᠪᠠᠶᠠᠨ᠋ᠠ᠋ᠭᠤᠯᠠ ᠭᠠᠴᠠᠭᠠᠨ ᠤ ᠮᠠᠯᠴᠢᠨ᠃ ᠨᠡᠶᠢᠭᠡᠮ ᠲᠠᠢ ᠠᠩᠬ᠎ᠠ | ᠲᠠᠨᠢᠯᠴᠠᠨ ᠠᠮᠢᠳᠤᠷᠠᠯ ᠢᠶᠠᠨ ᠶᠠᠭᠠᠬᠢᠵᠤ ᠥᠭᠡᠳᠡ ᠲᠠᠲᠠᠬᠤ ᠲᠤᠬᠠᠢ ᠤᠯᠠᠨ ᠪᠤᠳᠤᠯ ᠤᠤᠯ ᠨᠢ ᠲᠡᠭᠦᠨ ᠳᠤ ᠪᠠᠶᠢᠭ᠎ᠠ | ᠦᠭᠡᠢ᠃ ᠲᠡᠶᠢᠮᠤ ᠳᠡᠭᠡᠨ ᠲᠦᠷᠢᠶᠡᠰᠦᠨ ᠮᠠᠰᠢᠨ ᠤ ᠵᠢᠯᠣᠭᠤᠴᠢ᠂ ᠬᠠᠴᠢᠨ ᠴᠢᠯᠠᠭᠤᠨ ᠤ ᠠᠷᠠᠯᠵᠢᠶᠠᠴᠢᠨ᠂ | ᠬᠥᠯᠥᠰᠦᠨ ᠠᠵᠢᠯᠴᠢᠨ ᠭᠡᠬᠦᠴᠢᠯᠡᠨ ᠤᠯᠠᠨ ᠲᠠᠪᠤᠨ ᠵᠦᠢᠯ ᠢ ᠬᠢᠵᠦ ᠤᠷᠤᠯᠳᠤᠬᠰᠠᠭᠠᠷ ᠪᠠᠶᠢᠲᠠᠯ᠎ᠠ ᠭᠤᠴᠢ ᠶᠢᠨ ᠪᠠᠷ᠎ᠠ | ᠳᠥᠬᠦᠵᠦ᠂ 2018 ᠣᠨ ᠳᠤ ᠠᠶᠢᠯ ᠭᠡᠷ ᠪᠤᠯᠬᠤ ᠳᠠᠭᠠᠨ ᠰᠠᠶ᠋ᠢ ︽ᠬᠥᠳᠡᠭᠡ ᠪᠠᠨ ᠬᠠᠷᠢᠵᠤ ᠮᠠᠯ ᠢᠶᠠᠨ | ᠬᠠᠷᠢᠭᠤᠯᠤᠶ᠎ᠠ︾ ᠬᠡᠮᠡᠨ ᠵᠣᠷᠢᠭ ᠰᠢᠭᠤᠳᠴᠠᠢ᠃ ᠬᠥᠳᠡᠭᠡ ᠪᠠᠨ ᠬᠠᠷᠢᠵᠤ ᠮᠠᠯ ᠢᠶᠠᠨ ᠬᠠᠷᠢᠭᠤᠯᠬᠤ ᠬᠤᠩ ᠶᠠᠨ ᠳᠤ | 5 ᠲᠦᠮᠡᠨ ᠲᠥᠭᠦᠷᠢᠭ ᠤᠨ ᠪᠠᠩᠬᠢ ᠶᠢᠨ ᠵᠢᠭᠡᠯᠡᠯᠭᠡ ᠠᠴᠠ ᠭᠠᠳᠠᠨ᠎ᠠ ᠶᠣᠰᠣᠲᠠᠢ ᠯᠠ ︽ᠭᠠᠳᠠᠨ᠎ᠠ ᠪᠠᠨ ᠮᠠᠯ ᠦᠭᠡᠢ᠂ | ᠭᠠᠩ ᠭᠡᠬᠦ ᠨᠣᠬᠠᠢ ᠦᠭᠡᠢ︾ ᠪᠠᠶᠢᠵᠠᠢ᠃ ᠲᠡᠭᠡᠭᠡᠳ ᠯᠠ ᠵᠢᠭᠡᠯᠡᠯᠭᠡ ᠮᠥᠩᠭᠦ ᠪᠠᠷ ᠢᠶᠠᠨ ᠬᠡᠰᠡᠭ ᠬᠤᠨᠢ ᠬᠤᠳᠠᠯᠳᠤᠵᠤ | ᠠᠪᠤᠭᠠᠳ ᠮᠠᠯᠵᠢᠯ ᠳᠡᠭᠡᠷ᠎ᠡ ᠪᠠᠨ ᠭᠠᠷᠴᠠᠢ᠃ 2019 ᠣᠨ ᠳᠤ ᠬᠤᠩ ᠶᠠᠨ ᠬᠤᠷᠠᠭ᠎ᠠ ᠲᠠᠢ ᠬᠤᠨᠢ ᠶᠢ 1100 | ᠲᠥᠭᠦᠷᠢᠭ ᠢᠶᠠᠷ ᠬᠤᠳᠠᠯᠳᠤᠵᠤ ᠠᠪᠤᠭᠠᠳ 2020 ᠣᠨ ᠤ 11 ᠰᠠᠷ᠎ᠠ ᠳᠤ ᠬᠤᠨᠢ ᠪᠦᠷᠢ ᠶᠢ 1600 | ᠲᠥᠭᠦᠷᠢᠭ ᠤᠨ ᠦᠨ᠎ᠡ ᠳᠤ ᠬᠦᠷᠭᠡᠵᠦ᠂100 ᠭᠠᠷᠤᠢ ᠬᠤᠨᠢ ᠪᠠᠨ ᠤᠬᠳᠤ ᠬᠠᠶᠢᠷᠠᠯᠠᠯ ᠦᠭᠡᠢ ᠬᠤᠳᠠᠯᠳᠤᠵᠤ | ᠭᠠᠷᠭᠠᠵᠠᠢ᠃ ︽ᠲᠤᠬᠠᠢ ᠶᠢᠨ ᠦᠶᠡᠰ ᠮᠠᠯ ᠤᠨ ᠮᠢᠬᠠᠨ ᠤ ᠦᠨ᠎ᠡ ᠲᠡᠦᠬᠡᠨ ᠳᠤ ᠭᠠᠷᠤᠭ᠎ᠠ ᠦᠭᠡᠢ ᠥᠨᠳᠥᠷ ᠲᠤ | ᠬᠦᠷᠴᠦ᠂ ᠢᠮᠠᠭᠠᠨ ᠮᠢᠬ᠎ᠠ ᠵᠢᠩ ᠤᠨ 48 ᠲᠥᠭᠦᠷᠢᠭ᠂ ᠢᠷᠭᠡᠨ ᠤ ᠮᠢᠬ᠎ᠠ ᠵᠢᠩ ᠤᠨ 42 ᠲᠥᠭᠦᠷᠢᠭ᠂ ᠡᠮ᠎ᠡ | ᠬᠤᠨᠢᠨ ᠤ ᠮᠢᠬ᠎ᠠ ᠵᠢᠩ ᠤᠨ 38 ᠲᠥᠭᠦᠷᠢᠭ ᠣᠷᠴᠢᠮ ᠳᠤ ᠬᠦᠷᠴᠦ ᠪᠠᠶᠢᠯ᠎ᠠ᠃ ᠮᠢᠨᠤ ᠲᠥᠰᠥᠭᠡᠯᠡᠭᠰᠡᠨ ᠢᠶᠠᠷ ᠪᠣᠯ | ᠮᠠᠯ ᠤᠨ ᠮᠢᠬ᠎ᠠ ᠡᠶᠢᠮᠦ ᠥᠨᠳᠥᠷ ᠦᠨ᠎ᠡ ᠳᠤ ᠭᠦᠷᠦᠭᠡᠳ ᠯᠠᠪᠲᠠᠢ ᠦᠨ᠎ᠡ ᠨᠢ ᠪᠠᠭᠤᠷᠠᠨ᠎ᠠ᠃ ᠲᠡᠶᠢᠮᠤ ᠳᠡᠭᠡᠨ | ᠵᠢᠭᠠᠬᠠᠨ ᠴᠤ ᠬᠠᠶᠢᠷᠠᠯᠠᠭᠰᠠᠨ ᠦᠭᠡᠢ ᠪᠦᠭᠦᠳᠡ ᠶᠢ ᠬᠤᠳᠠᠯᠳᠤᠵᠤ ᠭᠠᠷᠭᠠᠭᠰᠠᠨ︾ ᠭᠡᠵᠦ ᠬᠤᠩ ᠶᠠᠨ ᠮᠠᠯ ᠠᠵᠤ | ᠠᠬᠤᠢ ᠡᠬᠢᠯᠡᠭᠦᠯᠦᠭᠡᠳ ᠠᠩᠬᠠᠨ ᠤ ᠤᠷᠤᠯᠭ᠎ᠠ ᠡᠭᠦᠳᠦᠭᠰᠡᠨ ᠦᠯᠢᠭᠡᠷ ᠤᠴᠢᠷ ᠢᠶᠠᠨ ᠶᠠᠷᠢᠨ᠎ᠠ᠃ ᠮᠠᠯ ᠤᠨ ᠮᠢᠬᠠᠨ ᠤ | ᠦᠨ᠎ᠡ ᠬᠠᠩᠰᠢ ᠥᠨᠳᠥᠷ᠂ ᠲᠡᠵᠢᠭᠡᠯ ᠡᠪᠡᠰᠦ ᠪᠣᠷᠳᠣᠭᠠᠨ ᠤ ᠦᠨ᠎ᠡ ᠬᠠᠩᠰᠢ ᠳᠣᠣᠷ᠎ᠠ ᠪᠠᠶᠢᠭᠰᠠᠨ ᠤ ᠤᠴᠢᠷ | 2020᠂ 2021 ᠣᠨ ᠳᠤ ᠪᠣᠯ ᠮᠠᠯ ᠬᠠᠷᠢᠭᠤᠯᠤᠭᠰᠠᠨ ᠬᠥᠮᠥᠨ ᠤᠷᠤᠯᠭ᠎ᠠ ᠣᠯᠬᠤ ᠪᠣᠯᠣᠮᠵᠢ ᠶᠡᠭᠡ ᠪᠠᠶᠢᠵᠠᠢ᠃ | ᠲᠤᠬᠠᠢ ᠶᠢᠨ ᠦᠶᠡᠰ ᠮᠠᠯᠴᠢᠳ ᠴᠠᠭ ᠤᠨ ᠪᠠᠶᠢᠳᠠᠯ ᠢ ᠰᠢᠨᠵᠢᠵᠦ᠂ ᠮᠠᠯ ᠢᠶᠠᠨ ᠬᠤᠳᠠᠯᠳᠤᠵᠤ ᠭᠠᠷᠭᠠᠭᠰᠠᠨ ᠪᠣᠯ | 2021 ᠣᠨ ᠤ ᠳᠣᠣᠷ᠎ᠠ ᠬᠠᠭᠠᠰ ᠵᠢᠯ ᠠᠴᠠ ᠡᠬᠢᠯᠡᠭᠰᠡᠨ ᠶᠡᠭᠡ ᠦᠨ᠎ᠡ ᠪᠠᠭᠤᠷᠠᠯᠲᠠ ᠠᠴᠠ ᠵᠠᠶᠢᠯᠠᠰᠬᠢᠬᠤ ᠪᠠᠶᠢᠭᠰᠠᠨ | ᠶᠠᠭᠤᠨ ᠮᠠᠭᠠᠳ᠃ | ᠬᠤᠩ ᠶᠠᠨ ᠮᠠᠯ ᠠᠵᠤ ᠠᠬᠤᠢ ᠳᠤ ᠲᠤᠶᠢᠯ ᠤᠨ ᠳᠤᠷ᠎ᠠ ᠪᠠᠬ᠎ᠠ ᠲᠠᠢ ᠬᠥᠮᠥᠨ᠂ ᠰᠤᠳᠤᠯᠵᠤ | ᠰᠤᠷᠤᠯᠴᠠᠬᠤ ᠳᠤᠷᠠᠲᠠᠢ᠂ ᠲᠡᠭᠡᠭᠡᠳ ᠪᠠᠰᠠ ᠠᠷᠠᠯᠵᠢᠶ᠎ᠠ ᠬᠢᠬᠦ ᠳᠡᠭᠡᠨ ᠶᠡᠭᠡ ᠰᠢᠭᠤᠳᠮᠠᠭᠠᠢ ᠣᠷᠣᠳᠠᠭ᠃ 2021 | ᠣᠨ ᠤ ᠡᠬᠢ ᠪᠠᠷ 11000 ᠲᠥᠭᠦᠷᠢᠭ ᠢᠶᠠᠷ ᠲᠤᠭᠤᠯ ᠲᠠᠢ ᠦᠨᠢᠶ᠎ᠡ ᠬᠤᠳᠠᠯᠳᠤᠵᠤ ᠠᠪᠤᠭᠠᠳ ᠮᠥᠨ ᠵᠢᠯ ᠤᠨ | ᠬᠢᠨᠢ ᠡᠪᠦᠯ 16500 ᠭᠠᠷᠤᠢ ᠪᠠᠷ ᠬᠤᠳᠠᠯᠳᠤᠵᠤ ᠭᠠᠷᠭᠠᠪᠠ᠃ 2019 ᠣᠨ ᠳᠤ ᠭᠠᠭ᠋ᠠᠢ ᠲᠡᠵᠢᠭᠡᠬᠦ ᠪᠤᠳᠤᠯ | ᠣᠷᠣᠵᠤ 2000 ᠲᠥᠭᠦᠷᠢᠭ ᠢᠶᠠᠷ 200 ᠵᠢᠩ ᠤᠨ ᠭᠠᠭ᠋ᠠᠢ ᠣᠷᠣᠭᠤᠯᠵᠤ ᠲᠡᠵᠢᠭᠡᠭᠡᠳ ᠡᠪᠦᠯ ᠨᠢ ᠪᠤᠯᠬᠤ ᠳᠤ | 8000 ᠭᠠᠷᠤᠢ ᠲᠥᠭᠦᠷᠢᠭ ᠢᠶᠠᠷ ᠬᠤᠳᠠᠯᠳᠤᠵᠤ ᠭᠠᠷᠭᠠᠪᠠ᠃ ᠲᠡᠷᠡ ᠵᠢᠯ ᠤᠨ ᠵᠤᠨ ᠭᠠᠭ᠋ᠠᠢ ᠶᠢᠨ ᠮᠢᠬ᠎ᠠ ᠵᠢᠩ ᠤᠨ | 10 ᠲᠥᠭᠦᠷᠢᠭ ᠣᠷᠴᠢᠮ ᠪᠠᠶᠢᠭᠰᠠᠨ ᠠᠴᠠ ᠵᠢᠩ ᠤᠨ 31 ᠲᠥᠭᠦᠷᠢᠭ ᠲᠤ ᠬᠦᠷᠴᠦ᠂ ᠬᠤᠩ ᠶᠠᠨ ᠲᠤᠭᠢᠶᠠᠯ ᠢ | ᠠᠮᠵᠢᠨ ᠨᠡᠯᠢᠶᠡᠳ ᠤᠷᠤᠯᠭ᠎ᠠ ᠣᠯᠵᠠᠢ᠃ ᠡᠭᠦᠨ ᠲᠠᠢ ᠠᠳᠠᠯᠢ ᠪᠠᠷ ᠮᠠᠯ ᠤᠨ ᠮᠢᠬᠠᠨ ᠤ ᠦᠨ᠎ᠡ ᠬᠠᠩᠰᠢ ᠬᠡᠲᠦᠷᠬᠡᠢ | ᠳᠣᠣᠷ᠎ᠠ᠂ ᠲᠡᠵᠢᠭᠡᠯ ᠡᠪᠡᠰᠦ ᠪᠣᠷᠳᠣᠭᠠᠨ ᠤ ᠦᠨ᠎ᠡ ᠤᠤᠯ ᠠᠴᠠ ᠪᠠᠨ ᠲᠠᠭᠢᠨ ᠢᠶᠠᠷ ᠥᠰᠦᠭᠰᠡᠨ ᠪᠠᠶᠢᠳᠠᠯ ᠳᠤ | ᠬᠠᠨᠳᠤᠭᠤᠯᠤᠨ ᠲᠠᠬᠢᠶᠠᠨ ᠴᠤᠷᠪᠠᠭ᠎ᠠ ᠣᠷᠣᠭᠤᠯᠵᠤ ᠲᠡᠵᠢᠭᠡᠨ᠂ ᠬᠠᠮᠤᠭ ᠤᠯᠠᠨ ᠳᠠᠭᠠᠨ ᠨᠢᠭᠡ ᠤᠳᠠᠭ᠎ᠠ ᠳᠤ 1000 | ᠴᠤᠷᠪᠠᠭ᠎ᠠ ᠣᠷᠣᠭᠤᠯᠵᠤ ᠲᠡᠵᠢᠭᠡᠭᠡᠳ᠂ ᠪᠡᠯᠴᠢᠭᠡᠷ ᠤᠨ ᠲᠠᠭᠢᠶ᠎ᠠ ᠪᠣᠯᠭᠠᠨ ᠲᠡᠵᠢᠭᠡᠵᠦ ᠪᠣᠷᠣᠯᠠᠭᠤᠯᠵᠤ ᠪᠠᠶᠢᠭᠰᠠᠨ | ᠭᠡᠳᠡᠭ᠃ ᠲᠠᠭᠢᠶ᠎ᠠ ᠲᠡᠵᠢᠭᠡᠬᠦ ᠨᠢ ᠮᠠᠯ ᠬᠠᠷᠢᠭᠤᠯᠬᠤ ᠲᠠᠢ ᠣᠨᠳᠣᠣ᠃ ᠮᠠᠰᠢ ᠶᠡᠭᠡ ᠭᠦᠳᠡᠯᠮᠦᠷᠢ᠂ ᠲᠡᠰᠪᠦᠷᠢ | ᠲᠡᠪᠴᠢᠶᠡᠷᠢ ᠬᠡᠷᠡᠭᠲᠡᠢ ᠪᠥᠭᠡᠳ ᠮᠡᠷᠭᠡᠵᠢᠯ ᠤᠨ ᠱᠠᠭᠠᠷᠳᠠᠯᠭ᠎ᠠ ᠶᠡᠭᠡ ᠬᠡᠷᠡᠭᠰᠡᠬᠦ ᠠᠵᠢᠯ᠃ ᠴᠤᠷᠪᠠᠭ᠎ᠠ ᠪᠠᠨ | ᠠᠪᠴᠢᠷᠠᠭᠰᠠᠨ ᠳᠠᠷᠤᠢ ᠨᠢ ᠲᠠᠬᠢᠶᠠᠨ ᠰᠠᠷᠠᠪᠴᠢᠨ ᠤ ᠳᠤᠯᠠᠭᠠᠨ ᠢ ᠠᠵᠢᠭᠯᠠᠵᠤ᠂ ᠬᠦᠢᠲᠡᠨ ᠪᠣᠯ ᠳᠣᠣᠷ᠎ᠠ ᠠᠴᠠ ᠭᠠᠯ | ᠲᠦᠯᠡᠵᠦ ᠳᠤᠯᠠᠭᠠᠴᠠᠭᠤᠯᠤᠨ᠎ᠠ᠃ ᠡᠮᠦᠨ᠎ᠡ ᠲᠤᠯᠤᠭᠠᠨ ᠬᠤᠨᠤᠭ ᠪᠣᠯ ᠬᠠᠮᠤᠭ ᠤᠨ ᠠᠶᠤᠯᠲᠠᠢ ᠴᠠᠭ ᠪᠣᠯᠬᠤᠷ ᠬᠤᠩ | ᠶᠠᠨ ᠠᠷᠠᠢ ᠯᠠ ᠲᠠᠬᠢᠶᠠᠨ ᠰᠠᠷᠠᠪᠴᠢᠨ ᠳᠠᠭᠠᠨ ᠬᠤᠨᠣᠨ᠎ᠠ ᠤᠤ ᠭᠡᠮᠡᠷ ᠰᠠᠯᠤᠯ ᠦᠭᠡᠢ ᠠᠵᠢᠭᠯᠠᠵᠤ ᠬᠠᠷᠠᠭᠠᠯᠵᠠᠨ᠂ | ᠰᠠᠷᠠᠪᠴᠢᠨ ᠤ ᠴᠢᠭᠢᠭ ᠤᠨ ᠬᠡᠮᠵᠢᠶ᠎ᠡ᠂ ᠳᠤᠯᠠᠭᠠᠨ ᠤ ᠬᠡᠮᠵᠢᠶ᠎ᠡ᠂ᠠᠭᠠᠷ ᠨᠡᠪᠳᠡᠷᠡᠵᠦ ᠪᠠᠶᠢᠬᠤ ᠪᠠᠶᠢᠳᠠᠯ ᠵᠡᠷᠭᠡ ᠶᠢ | ᠪᠠᠶᠢᠩᠭᠤ ᠬᠡᠮᠵᠢᠵᠦ᠂ 28 ᠡᠳᠦᠷ ᠤᠨ ᠠᠶᠤᠯᠲᠠᠢ ᠬᠤᠭᠤᠴᠠᠭ᠎ᠠ ᠶᠢ ᠠᠮᠤᠷ ᠲᠦᠪᠰᠢᠨ ᠥᠩᠭᠡᠷᠡᠭᠦᠯᠪᠡᠯ ᠪᠠᠷᠤᠭ | ᠠᠮᠵᠢᠯᠲᠠ ᠣᠯᠣᠯ᠎ᠠ ᠭᠡᠰᠡᠨ ᠦᠭᠡ᠃ ᠳᠡᠭᠡᠭᠰᠡᠨ ᠴᠤ ᠲᠡᠵᠢᠭᠡᠯ ᠪᠣᠷᠳᠤᠭ᠎ᠠ ᠪᠠᠨ ᠰᠠᠶᠢᠬᠠᠨ ᠲᠣᠬᠢᠷᠠᠭᠤᠯᠵᠤ᠂ | ᠲᠡᠵᠢᠭᠡᠭᠰᠡᠨ 110 ᠡᠳᠦᠷ ᠠᠴᠠ ᠪᠣᠷᠣᠯᠠᠭᠤᠯᠵᠤ ᠡᠬᠢᠯᠡᠳᠡᠭ᠃ ︽ᠮᠠᠯ ᠠᠵᠤ ᠠᠬᠤᠢ ᠳᠡᠭᠡᠷ᠎ᠡ ᠠᠴᠠ ᠠᠰᠢᠭ | ᠤᠷᠤᠯᠭ᠎ᠠ ᠳᠡᠮᠡᠢ ᠣᠯᠵᠤ ᠴᠢᠳᠠᠬᠤ ᠦᠭᠡᠢ ᠤᠴᠢᠷ ᠠᠴᠠ ᠥᠭᠡᠷ᠎ᠡ ᠠᠷᠭ᠎ᠠ ᠵᠡᠮ ᠡᠷᠢᠯᠬᠢᠯᠡᠵᠦ ᠪᠠᠶᠢᠭ᠎ᠠ ᠨᠢ ᠡᠨᠡ | ᠰᠢᠳᠡ᠃ ᠶᠠᠳᠠᠷᠠᠯᠲᠠᠢ ᠪᠤᠯᠪᠠᠴᠦ ᠵᠣᠭᠤᠰ ᠮᠥᠩᠭᠦ ᠣᠯᠵᠤ ᠠᠵᠤ ᠠᠮᠢᠳᠤᠷᠠᠯ ᠢᠶᠠᠨ ᠥᠭᠡᠳᠡ ᠪᠠᠨ ᠲᠠᠲᠠᠵᠤ ᠴᠢᠳᠠᠨ᠎ᠠ | ᠭᠡᠵᠦ ᠪᠤᠳᠤᠬᠰᠠᠭᠠᠷ ᠠᠯᠢᠪᠠ ᠶᠠᠳᠠᠷᠠᠯ ᠵᠦᠳᠡᠷᠡᠯ ᠪᠦᠷ ᠲᠠᠶᠢᠯᠤᠭᠳᠠᠴᠢᠬᠠᠨᠠ︾ ᠭᠡᠵᠦ ᠬᠤᠩ ᠶᠠᠨ ᠶᠠᠷᠢᠵᠤ ᠪᠠᠶᠢᠯ᠎ᠠ᠃ | | ᠬᠤᠩ ᠶᠠᠨ ᠲᠠᠢ ᠵᠣᠭᠤᠭᠳᠠᠵᠤ ᠰᠠᠭᠤᠬᠤ ᠳᠤ ︽ᠡᠨᠡ ᠬᠥᠮᠥᠨ ᠲᠠᠢ ᠡᠷᠲᠡ ᠲᠠᠨᠢᠯᠴᠠᠵᠤ ᠶᠠᠷᠢᠯᠴᠠᠭᠰᠠᠨ | ᠪᠣᠯ᠂᠂᠂᠂︾ ᠭᠡᠰᠡᠨ ᠬᠠᠷᠠᠮᠰᠠᠯ ᠥᠪᠡᠷ ᠤᠨ ᠡᠷᠬᠡ ᠦᠭᠡᠢ ᠲᠦᠷᠦᠭᠦᠯᠦᠨ᠎ᠡ᠃ ᠶᠠᠭᠠᠬᠢᠭᠠᠳ ᠭᠡᠪᠡᠯ᠂ ᠲᠡᠭᠦᠨ ᠳᠤ | ᠴᠠᠭ ᠤᠨ ᠲᠤᠭᠢᠶᠠᠯ ᠢ ᠠᠮᠵᠢᠨ ᠤᠷᠤᠯᠭ᠎ᠠ ᠣᠯᠣᠭᠰᠠᠨ ᠮᠠᠰᠢ ᠤᠯᠠᠨ ᠵᠢᠱᠢᠶ᠎ᠡ ᠪᠤᠢ᠃ ᠶᠠᠭᠠᠬᠢᠵᠤ ᠴᠠᠭ ᠤᠨ | ᠪᠠᠶᠢᠳᠠᠯ ᠢ ᠲᠡᠶᠢᠮᠤ ᠰᠠᠶᠢᠨ ᠰᠢᠨᠵᠢᠵᠦ ᠮᠡᠳᠡᠳᠡᠭ ᠪᠣᠯ ᠭᠡᠵᠦ ᠠᠰᠠᠭᠤᠬᠤ ᠳᠤ ︽ᠭᠤᠣᠯᠳᠠᠭᠤ ᠭᠠᠷ ᠤᠲᠠᠰᠤᠨ | ᠳᠡᠭᠡᠷ᠎ᠡ ᠪᠠᠨ ᠮᠠᠯ ᠤᠨ ᠮᠢᠬ᠎ᠠ᠂ ᠦᠬᠡᠷ ᠲᠡᠮᠡᠭᠡᠨ ᠪ᠊ ᠮᠢᠬ᠎ᠠ᠂ ᠭᠠᠭ᠋ᠠᠢ ᠶᠢᠨ ᠮᠢᠬᠠᠨ ᠤ ᠦᠨ᠎ᠡ ᠬᠠᠩᠰᠢ ᠶᠢᠨ ᠲᠤᠬᠠᠢ | ᠮᠡᠳᠡᠭᠡᠯᠡᠯ ᠢ ᠰᠠᠶᠢᠨ ᠦᠵᠡᠨ᠎ᠡ᠃ ᠪᠠᠰᠠ ᠪᠦᠭᠦ ᠤᠯᠤᠰ ᠤᠨ ᠲᠡᠵᠢᠭᠡᠵᠦ ᠪᠠᠶᠢᠭ᠎ᠠ ᠮᠠᠯ ᠤᠨ ᠲᠤᠭ᠎ᠠ ᠲᠣᠯᠣᠭᠠᠢ ᠬᠡᠳᠦᠢ | ᠪᠠᠶᠢᠬᠤ᠂ ᠵᠠᠬ᠎ᠠ ᠳᠡᠯᠭᠡᠭᠦᠷ ᠤᠨ ᠮᠢᠬᠠᠨ ᠤ ᠦᠨ᠎ᠡ ᠬᠠᠩᠰᠢ ᠶᠢᠨ ᠬᠡᠯᠪᠡᠯᠵᠡᠯᠲᠡ ᠶᠠᠭᠠᠬᠢᠵᠤ ᠪᠠᠶᠢᠬᠤ ᠶᠢ ᠪᠦᠷ | ᠠᠰᠠᠭᠤᠵᠤ ᠰᠤᠷᠠᠭᠯᠠᠨ᠂ ᠡᠪᠡᠰᠦ ᠪᠣᠷᠳᠣᠭᠠᠨ ᠤ ᠦᠨ᠎ᠡ ᠬᠠᠩᠰᠢ᠂ ᠬᠥᠮᠥᠰ ᠤᠨ ᠬᠡᠷᠡᠭᠯᠡᠭᠡᠨ ᠤ ᠴᠢᠳᠠᠮᠵᠢ ᠵᠡᠷᠭᠡ | ᠪᠦᠭᠦ ᠲᠠᠯ᠎ᠠ ᠶᠢ ᠰᠡᠳᠬᠢᠵᠦ ᠪᠤᠳᠤᠵᠦ ᠦᠵᠡᠬᠦ ᠬᠡᠷᠡᠭᠲᠡᠢ᠃ ᠤᠳᠤ ᠶᠢᠨ ᠮᠠᠯ ᠠᠵᠤ ᠠᠬᠤᠢ ᠤᠤᠯ ᠤᠨ | ᠤᠯᠠᠮᠵᠢᠯᠠᠯᠲᠤ ᠮᠠᠯ ᠠᠵᠤ ᠠᠬᠤᠢ ᠲᠠᠢ ᠠᠳᠠᠯᠢ ᠦᠭᠡᠢ ᠤᠴᠢᠷ ᠠᠴᠠ ᠤᠤᠯ ᠤᠨ ᠬᠢ ᠰᠢᠭ ᠲᠡᠭᠷᠢ ᠶᠢᠨ ᠴᠢᠷᠠᠢ | ᠬᠠᠷᠠᠵᠤ ᠮᠠᠯ ᠮᠠᠯᠵᠢᠬᠤ ᠪᠤᠶᠤ ᠬᠠᠷᠢᠭᠤᠯᠵᠤ ᠪᠠᠶᠢᠭ᠎ᠠ ᠮᠠᠯ ᠢᠶᠠᠨ ᠬᠠᠶᠢᠷᠠᠯᠠᠭᠠᠳ ᠬᠤᠳᠠᠯᠳᠤᠬᠤ ᠴᠠᠭ ᠲᠤᠨᠢ | ᠬᠤᠳᠠᠯᠳᠤᠬᠤ ᠦᠭᠡᠢ ᠪᠠᠶᠢᠵᠤ ᠪᠤᠯᠬᠤ ᠦᠭᠡᠢ᠃ ᠴᠠᠭ ᠲᠤᠭᠢᠶᠠᠯ ᠢ ᠠᠯᠳᠠᠵᠤ ᠶᠠᠪᠤᠭᠤᠯᠪᠠᠯ ᠵᠣᠭᠤᠰ ᠠᠯᠳᠠᠬᠤ ᠯᠠ | ᠬᠡᠷᠡᠭ︾ ᠭᠡᠵᠦ ᠬᠠᠷᠢᠭᠤᠯᠤᠯ᠎ᠠ᠃ | ᠣᠳᠣᠬᠠᠨ ᠳᠤ ᠲᠡᠷᠡ ᠪᠠᠶᠠᠨᠬᠤᠲᠠ ᠠᠴᠠ ᠣᠶᠢᠷᠠᠬᠠᠨ ᠰᠠᠭᠤᠷᠢᠰᠢᠳᠠᠭ ᠨᠥᠬᠦᠴᠡᠯ ᠢᠶᠠᠨ ᠠᠰᠢᠭᠯᠠᠨ | ᠬᠠᠷᠢᠭᠤᠯᠵᠤ ᠪᠠᠶᠢᠭ᠎ᠠ ᠪᠡᠯᠴᠢᠭᠡᠷ ᠤᠨ ᠬᠤᠨᠢ ᠪᠠᠨ ᠵᠠᠷᠤᠵᠤ ᠬᠤᠳᠠ ᠳᠤ ᠠᠪᠴᠢᠷᠠᠨ ᠪᠣᠷᠣᠯᠠᠭᠤᠯᠬᠤ ᠪᠠ | ᠰᠦᠯᠵᠢᠶᠡᠨ ᠤ ᠵᠠᠬᠢᠶᠠᠯᠠᠭ᠎ᠠ ᠲᠤᠰᠴᠦ ᠮᠠᠯ ᠤᠨ ᠮᠢᠬ᠎ᠠ ᠪᠠᠨ ᠦᠨ᠎ᠡ ᠳᠤ ᠬᠦᠷᠭᠡᠬᠦ ᠶᠢᠨ ᠬᠠᠮᠲᠤ ᠥᠨᠥ ᠵᠢᠯ ᠤᠨ | ᠰᠡᠭᠦᠯᠴᠢ ᠪᠠᠷ ᠪᠠᠶᠠᠨᠬᠤᠲᠠ ᠳᠤ ︽ᠬᠤᠩ ᠶᠠᠨ ᠮᠠᠯ ᠤᠨ ᠳᠣᠲᠣᠷ ᠤᠨ ᠬᠤᠭᠤᠯᠠᠨ ᠭᠡᠷ︾ ᠡᠷᠭᠢᠯᠡᠵᠦ᠂ ᠮᠠᠯ ᠤᠨ | ᠮᠢᠬᠠᠨ ᠪᠠᠩᠰᠢ᠂ ᠮᠠᠯ ᠤᠨ ᠳᠣᠲᠣᠷ ᠤᠨ ᠵᠠᠭᠤᠰᠢ ᠬᠢᠵᠦ ᠪᠣᠷᠣᠯᠠᠭᠤᠯᠵᠤ ᠪᠤᠢ᠃ ᠲᠠᠷᠠᠭ᠎ᠠ ᠠᠯᠬᠤᠮ ᠳᠤ ᠪᠠᠰᠠ | ᠬᠥᠳᠡᠭᠡ ᠶᠢᠨ ᠮᠠᠯ ᠤᠨ ᠮᠢᠬᠠᠨ ᠤ ᠳᠡᠯᠭᠡᠭᠦᠷ ᠡᠷᠭᠢᠯᠡᠵᠦ᠂ ᠮᠠᠯᠵᠢᠯ ᠤᠨ ᠲᠠᠯᠠᠪᠠᠢ + ᠬᠤᠭᠤᠯᠠᠨ ᠭᠡᠷ + ᠮᠢᠬᠠᠨ ᠤ | ᠳᠡᠯᠭᠡᠭᠦᠷ + ᠰᠦᠯᠵᠢᠶᠡᠨ ᠪᠣᠷᠤᠯᠠᠭᠤᠯᠭ᠎ᠠ ᠶᠢᠨ ᠡᠵᠡᠩᠨᠡᠯᠲᠡ ᠪᠠᠷ ᠠᠰᠢᠭ ᠤᠷᠤᠯᠭ᠎ᠠ ᠪᠠᠨ ᠨᠡᠮᠡᠭᠳᠡᠭᠦᠯᠬᠦ | ᠬᠠᠷᠠᠯᠲᠠ ᠲᠠᠢ ᠴᠢᠷᠮᠠᠶᠢᠵᠤ ᠪᠤᠢ᠃ ᠲᠡᠷᠡᠪᠡᠷ ︽ᠮᠠᠯᠴᠢᠳ ᠡᠷᠬᠡᠪᠰᠢ ᠥᠪᠡᠷ ᠤᠨ ᠮᠠᠯ ᠤᠨ ᠮᠢᠬ᠎ᠠ ᠪᠠᠨ ᠪᠣᠷᠣᠯᠠᠭᠤᠯᠬᠤ | ᠠᠷᠭ᠎ᠠ ᠵᠠᠮ ᠢ ᠡᠷᠢᠯᠬᠢᠯᠡᠬᠦ ᠬᠡᠷᠡᠭᠲᠡᠢ᠃ ᠣᠳᠣᠬᠠᠨ ᠳᠤ ᠰᠦᠯᠵᠢᠶᠡᠨ ᠪᠣᠷᠤᠯᠠᠭᠤᠯᠭ᠎ᠠ ᠶᠡᠭᠡ ᠬᠥᠭᠵᠢᠵᠦ ᠪᠠᠶᠢᠭ᠎ᠠ | ᠴᠠᠭ ᠲᠤ ᠲᠤᠭᠢᠶᠠᠯ ᠢ ᠠᠮᠵᠢᠨ ᠰᠦᠯᠵᠢᠶᠡᠨ ᠳᠡᠭᠡᠷ᠎ᠡ ᠪᠣᠷᠣᠯᠠᠭᠤᠯᠬᠤ ᠠᠷᠭ᠎ᠠ ᠵᠠᠮ ᠡᠷᠢᠯᠬᠢᠯᠡᠨ᠎ᠡ᠃ ᠠᠩᠬ᠎ᠠ | ᠡᠬᠢᠯᠡᠬᠦ ᠳᠤ ᠮᠢᠨᠤ ᠰᠦᠯᠵᠢᠶᠡᠨ ᠬᠡᠷᠡᠭᠯᠡᠭᠴᠢ ᠳᠡᠮᠡᠢ ᠤᠯᠠᠨ ᠦᠭᠡᠢ᠂ 2020 ᠣᠨ ᠳᠤ ᠭᠠᠭᠴᠠᠬᠠᠨ ᠮᠠᠯ | ᠬᠤᠳᠠᠯᠳᠤᠵᠤ ᠭᠠᠷᠭᠠᠵᠤ ᠪᠠᠶᠢᠭᠰᠠᠨ᠃ ᠤᠳᠤ ᠪᠤᠯᠬᠤ ᠳᠤ ᠲᠢᠺ ᠲᠤᠺ ᠲᠠᠪᠴᠠᠩ ᠳᠡᠭᠡᠷ᠎ᠡ ᠰᠢᠭᠤᠳ ᠨᠡᠪᠲᠡᠷᠡᠭᠦᠯᠭᠡ | ᠬᠢᠬᠦ ᠪᠠᠷ ᠲᠠᠮᠵᠢᠨ ᠵᠢᠯ ᠤᠨ ᠬᠡᠳᠦᠨ ᠠᠷᠪᠠᠨ ᠮᠠᠯ ᠬᠤᠳᠠᠯᠳᠤᠵᠤ ᠭᠠᠷᠭᠠᠳᠠᠭ᠂ ᠬᠠᠰᠢᠯᠠ ᠨᠢᠭᠤᠷ ᠤᠨ ᠠᠷᠠᠰᠤ | ᠵᠤᠵᠠᠭᠠᠨ ᠪᠠᠶᠢᠬᠤ ᠬᠡᠷᠡᠭᠲᠡᠢ᠃ ᠣᠳᠣᠬᠠᠨ ᠤ ᠮᠠᠯ ᠠᠵᠤ ᠠᠬᠤᠢ ᠶᠢᠨ ᠬᠥᠭᠵᠢᠯᠲᠡ ᠶᠢ ᠬᠠᠮᠤᠭ ᠠᠴᠠ ᠢᠯᠡᠭᠦᠦ | ᠬᠠᠷᠰᠢᠯᠠᠵᠤ ᠪᠠᠶᠢᠭ᠎ᠠ ᠨᠢ ᠬᠦᠢᠲᠡᠨ ᠬᠥᠮᠥᠷᠭᠡ ᠦᠭᠡᠢ᠂ ᠠᠯᠠᠱᠠ ᠨᠤᠲᠤᠭ ᠲᠤ ᠥᠪᠡᠷ ᠤᠨ ᠭᠡᠰᠡᠨ ᠮᠠᠯ ᠤᠨ | ᠮᠢᠬᠠᠨ ᠤ ᠨᠡᠷᠡᠳᠦ ᠲᠡᠮᠳᠡᠭ ᠦᠭᠡᠢ ᠶᠢᠨ ᠤᠴᠢᠷ᠂ ᠡᠨᠡ ᠲᠠᠯ᠎ᠠ ᠪᠠᠷ ᠰᠢᠢᠳᠪᠦᠷᠢᠯᠡᠬᠦ ᠠᠷᠭ᠎ᠠ ᠵᠠᠮ ᠡᠷᠢᠯᠬᠢᠯᠡᠬᠦ ᠦᠭᠡᠢ | ᠪᠣᠯ ᠮᠠᠯ ᠠᠵᠤ ᠠᠬᠤᠢ ᠶᠢᠨ ᠬᠥᠭᠵᠢᠯᠲᠡ ᠲᠡᠶᠢᠮᠤ ᠢᠯᠭᠤᠮ ᠪᠣᠯᠵᠤ ᠴᠢᠳᠠᠬᠤ ᠦᠭᠡᠢ︾ ᠭᠡᠵᠦ ᠥᠪᠡᠷ ᠤᠨ ᠦᠵᠡᠯ | ᠪᠤᠳᠤᠯ ᠢᠶᠠᠨ ᠬᠤᠪᠢᠶᠠᠯᠴᠠᠯ᠎ᠠ᠃ | ᠲᠡᠭᠦᠨ ᠤ ᠲᠥᠰᠥᠭᠡᠯᠡᠭᠰᠡᠨ ᠢᠶᠠᠷ 2025 ᠣᠨ ᠤ ᠵᠤᠨ ᠠᠴᠠ ᠡᠬᠢᠯᠡᠵᠦ ᠮᠠᠯ ᠤᠨ ᠮᠢᠬᠠᠨ ᠤ ᠦᠨ᠎ᠡ | ᠬᠠᠩᠰᠢ ᠢᠳᠡᠭ ᠢᠳᠡᠭ ᠢᠶᠠᠷ ᠳᠡᠭᠡᠭᠰᠢᠯᠡᠬᠦ ᠪᠤᠯᠪᠠᠴᠦ ᠵᠢᠯ ᠤᠨ ᠰᠡᠭᠦᠯᠴᠢ ᠠᠴᠠ ᠡᠮᠦᠨ᠎ᠡ ᠴᠠᠭ ᠢ ᠠᠮᠵᠢᠨ ᠮᠠᠯ ᠢᠶᠠᠨ | ᠪᠣᠷᠣᠯᠠᠭᠤᠯᠬᠤ ᠦᠭᠡᠢ ᠪᠣᠯ ᠵᠢᠯ ᠤᠨ ᠰᠡᠭᠦᠯᠴᠢ ᠶᠢᠨ ᠬᠠᠩᠭᠠᠯᠭ᠎ᠠ ᠨᠢ ᠬᠡᠷᠡᠭᠴᠡᠭᠡ ᠠᠴᠠ ᠪᠠᠨ ᠬᠡᠲᠦᠷᠡᠵᠦ᠂ ᠦᠨ᠎ᠡ | ᠬᠠᠩᠰᠢ ᠲᠠᠭᠢᠨ ᠳᠣᠷᠣᠭᠰᠢᠯᠠᠬᠤ ᠪᠣᠯᠣᠮᠵᠢ ᠲᠠᠢ ᠭᠡᠨ᠎ᠡ᠃ ᠡᠭᠦᠨ ᠠᠴᠠ ᠭᠠᠳᠠᠨ᠎ᠠ᠂ ᠡᠷᠬᠡᠪᠰᠢ ᠲᠠᠩᠰᠠ | ᠲᠣᠭᠠᠴᠠᠭ᠎ᠠ ᠪᠠᠨ ᠰᠠᠶᠢᠨ ᠬᠢᠵᠦ ᠰᠤᠷᠬᠤ ᠬᠡᠷᠡᠭᠲᠡᠢ᠃ ᠬᠡᠳᠦᠢ ᠮᠠᠯ ᠳᠤ ᠬᠡᠴᠢᠨᠡᠨ ᠲᠡᠵᠢᠭᠡᠯ ᠬᠡᠷᠡᠭᠰᠡᠬᠦ᠂ ᠨᠢᠭᠡ ᠮᠠᠯ | ᠲᠡᠵᠢᠭᠡᠬᠦ ᠥᠪᠡᠷ ᠤᠨ ᠦᠷᠳᠡᠭ ᠨᠢ ᠬᠡᠳᠦᠢ ᠪᠠᠶᠢᠬᠤ᠂ ᠣᠯᠬᠤ ᠠᠰᠢᠭ ᠤᠷᠤᠯᠭ᠎ᠠ ᠨᠢ ᠬᠡᠳᠦᠢ ᠪᠠᠶᠢᠬᠤ ᠪᠠᠨ ᠡᠷᠬᠡᠪᠰᠢ | ᠲᠡᠮᠳᠡᠭᠯᠡᠵᠦ᠂ ᠲᠠᠩᠰᠠᠯᠠᠵᠦ ᠪᠤᠳᠤᠬᠤ ᠭᠡᠷᠡᠭᠳᠡᠢ;ᠨᠤᠲᠤᠭ ᠤᠨ ᠬᠤᠨᠢᠨ ᠤ ᠡᠭᠦᠯᠳᠡᠷ ᠢᠶᠠᠨ ᠪᠠᠲᠤᠯᠠᠵᠤ᠂ | ᠢᠮᠠᠭ᠎ᠠ ᠪᠠᠨ ᠨᠣᠣᠯᠣᠭᠤᠷ ᠤᠨ ᠢᠮᠠᠭ᠎ᠠ ᠪᠣᠯᠭᠠᠨ ᠰᠣᠯᠢᠵᠤ ᠪᠤᠯᠬᠤ ᠰᠠᠨᠠᠭᠤᠯᠭ᠎ᠠ ᠶᠢ ᠥᠷᠭᠡᠨ ᠤᠯᠠᠨ ᠮᠠᠯᠴᠢᠨ | ᠲᠦᠮᠡᠨ ᠳᠤ ᠬᠠᠩᠭᠠᠯ᠎ᠠ᠃ | ᠬᠤᠳᠠ ᠭᠠᠵᠠᠷ ᠠᠮᠢᠳᠤᠷᠠᠬᠤ ᠳᠠᠭᠠᠨ ᠤᠯᠠᠨ ᠲᠠᠪᠤᠨ ᠠᠵᠢᠯ ᠬᠢᠵᠦ᠂ ᠶᠠᠭᠤ ᠬᠢᠭᠰᠡᠨ ᠴᠤ ᠪᠠᠶᠠᠷ | ᠴᠡᠩᠭᠡᠯ ᠦᠭᠡᠢ᠂ ᠰᠡᠳᠬᠢᠯ ᠳᠤᠨᠳᠠᠭᠤᠷ ᠰᠠᠨᠠᠭᠳᠠᠳᠠᠭ ᠪᠠᠶᠢᠭᠰᠠᠨ ᠬᠤᠩ ᠶᠠᠨ ᠥᠪᠡᠷ ᠤᠨ ᠬᠠᠮᠤᠭ ᠤᠨ ᠳᠤᠷᠠᠲᠠᠢ᠂ | ᠲᠣᠬᠢᠷᠠᠮᠵᠢᠲᠠᠢ ᠮᠠᠯ ᠠᠵᠤ ᠠᠬᠤᠢ ᠪᠠᠨ ᠡᠷᠭᠢᠯᠡᠭᠰᠡᠨ ᠠᠴᠠ ᠠᠯᠢᠪᠠ ᠠᠵᠢᠯ ᠶᠠᠪᠤᠳᠠᠯ ᠨᠢ ᠥᠭᠡᠳᠡ ᠡᠰᠡᠷᠡᠭ ᠪᠣᠯᠵᠤ᠂ | ᠬᠡᠳᠦᠶᠢᠪᠡᠷ ᠶᠠᠳᠠᠷᠠᠯᠲᠠᠢ ᠪᠤᠯᠪᠠᠴᠦ ᠠᠵᠢᠯᠯᠠᠬᠤ ᠶᠢᠨ ᠳᠠᠭᠠᠤ ᠰᠤᠷᠤᠯᠴᠠᠵᠦ ᠰᠤᠳᠤᠯᠤᠨ᠂ ᠪᠠᠰᠠ ᠡ᠊ᠨᠳᠡ ᠠᠴᠠ ᠪᠠᠨ | ᠣᠯᠵᠠ ᠣᠮᠤᠭ ᠲᠠᠢ ᠶᠠᠪᠤᠭ᠎ᠠ ᠳᠠᠭᠠᠨ ᠮᠠᠰᠢ ᠰᠡᠳᠬᠢᠯ ᠬᠠᠨᠤᠮᠵᠢᠳᠠᠢ ᠪᠠᠶᠢᠯ᠎ᠠ᠃ |