| | ᠰᠤᠪᠢᠩ | ᠪᠠᠷᠢᠶᠠᠴᠢ ᠲᠤᠩᠭᠠᠯᠠᠭ ᠪᠦᠭᠦ ᠪᠡᠶ᠎ᠡ ᠶᠢᠨ ᠰᠢᠷ᠎ᠠ ᠲᠤᠰᠤᠨ ᠴᠡᠭ ᠤᠨ ᠪᠠᠷᠢᠶ᠎ᠠ ᠪᠠᠷ ᠭᠤᠣᠯᠳᠠᠭᠤᠯᠵᠤ᠂ | ᠮᠣᠩᠭᠤᠯ ᠠᠨᠠᠭᠠᠬᠤ ᠤᠬᠠᠭᠠᠨ ᠤ ᠪᠠᠷᠢᠶ᠎ᠠ ᠵᠠᠰᠠᠯ ᠤᠨ ᠪᠤᠰᠤᠳ ᠠᠷᠭ᠎ᠠ ᠪᠠᠷᠢᠯ ᠢ ᠠᠪᠴᠠᠯᠳᠤᠭᠤᠯᠤᠨ᠂ ᠡᠪᠡᠳᠴᠢᠲᠡᠨ | ᠤᠯᠠᠨ ᠳᠤ ᠬᠠᠯᠠᠭᠤᠨ ᠰᠡᠳᠬᠢᠯ ᠢᠶᠠᠷ ᠦᠢᠯᠡᠴᠢᠯᠡᠵᠦ᠂ ᠪᠤᠰᠤᠳ ᠤᠨ ᠵᠤᠪᠠᠯᠠᠩ ᠢ ᠬᠥᠩᠭᠡᠯᠡᠵᠦ᠂ ᠡᠪᠡᠳᠴᠢᠨ ᠢ | ᠠᠷᠢᠯᠭᠠᠵᠤ ᠲᠤᠰᠠ ᠬᠦᠷᠭᠡᠬᠦ ᠶᠤᠮᠰᠠᠨ ᠭᠡᠳᠡᠭ ᠡᠷᠬᠢᠮ ᠵᠣᠷᠢᠯᠭ᠎ᠠ ᠶᠢ ᠪᠠᠷᠢᠨ ᠠᠵᠢᠯᠯᠠᠭᠰᠠᠨ ᠢᠶᠠᠷ ᠲᠡᠭᠦᠨ ᠢᠶᠠᠷ | ᠪᠠᠷᠢᠭᠤᠯᠵᠤ ᠵᠠᠰᠠᠭᠤᠯᠬᠤ ᠬᠥᠮᠥᠰ ᠡᠳᠦᠷ ᠠᠴᠠ ᠡᠳᠦᠷ ᠣᠯᠠᠰᠢᠷᠠᠵᠤ᠂ ᠠᠮᠠ ᠳᠠᠮᠵᠢᠨ ᠮᠡᠳᠡᠷᠡᠭᠳᠡᠭᠰᠡᠭᠡᠷ ᠪᠠᠶᠢᠨ᠎ᠠ᠃ | ᠲᠤᠩᠭᠠᠯᠠᠭ ᠪᠣᠯ ᠠᠯᠠᠱᠠ ᠵᠡᠭᠦᠨ ᠬᠤᠰᠢᠭᠤᠨ ᠤ ᠵᠢᠷᠠᠲᠠᠢ ᠪᠠᠯᠭᠠᠰᠤᠨ ᠤ ᠬᠥᠮᠥᠨ᠃ ᠬᠠᠷᠠᠬᠠᠨ | ᠪᠠᠭ᠎ᠠ ᠠᠴᠠ ᠪᠠᠨ ᠡᠯᠦᠨᠴᠡ ᠡᠪᠦᠭᠡ ᠶᠢᠨ ᠢᠶᠠᠨ ᠨᠤᠲᠤᠭ ᠤᠰᠤᠨ ᠤ ᠪᠠᠨ ᠬᠥᠮᠥᠰ ᠢ ᠡᠮᠨᠡᠵᠦ ᠳᠣᠮᠨᠣᠵᠤ ᠡᠳᠡᠭᠡᠳᠡᠭ | ᠪᠠᠶᠢᠭᠰᠠᠨ ᠦᠯᠢᠭᠡᠷ ᠤᠴᠢᠷ ᠤᠳ ᠢ ᠰᠣᠨᠣᠰᠴᠤ ᠥᠰᠦᠭᠰᠡᠨ ᠲᠡᠷᠡᠪᠡᠷ ᠪᠠᠷᠢᠶᠠᠴᠢ ᠪᠤᠯᠬᠤ ᠬᠦᠰᠡᠯ ᠮᠥᠷᠥᠭᠡᠳᠦᠯ ᠢ | ᠡᠪᠦᠷᠯᠡᠵᠦ ᠶᠠᠪᠤᠵᠠᠢ᠃ | 2017 ᠣᠨ ᠳᠤ ᠠᠭᠠᠷᠤ ᠪᠡᠶ᠎ᠡ ᠰᠤᠪᠢᠯᠠᠬᠤ ᠲᠥᠪ ᠲᠤ ᠠᠵᠢᠯᠯᠠᠵᠤ ᠪᠠᠶᠢᠬᠤ ᠳᠠᠭᠠᠨ ᠮᠣᠩᠭᠤᠯ | ᠤᠯᠤᠰ ᠠᠴᠠ ᠤᠷᠢᠭᠳᠠᠭᠰᠠᠨ ᠮᠥᠩᠬᠡᠭᠡᠷᠡᠯ ᠪᠠᠷᠢᠶᠠᠴᠢ ᠪᠠᠭᠰᠢ ᠠᠴᠠ ᠪᠦᠭᠦ ᠪᠡᠶ᠎ᠡ ᠶᠢᠨ ᠰᠢᠷ᠎ᠠ ᠲᠤᠰᠤᠨ ᠴᠡᠭ ᠤᠨ | ᠪᠠᠷᠢᠶ᠎ᠠ ᠶᠢ ᠰᠡᠳᠬᠢᠯ ᠲᠠᠯᠪᠢᠨ ᠰᠠᠶᠢᠲᠤᠷ ᠰᠤᠷᠴᠤ᠂ 2019 ᠣᠨ ᠠᠴᠠ 2021 ᠣᠨ ᠤ ᠬᠤᠭᠤᠷᠣᠨᠳᠤ ᠪᠢᠮᠪᠠ | ᠪᠠᠷᠢᠶᠠᠴᠢ ᠶᠢᠨ ᠳᠡᠷᠭᠡᠳᠡ ᠠᠵᠢᠯᠯᠠᠵᠤ ᠰᠤᠷᠤᠯᠴᠠᠨ᠂ 2021 ᠣᠨ ᠤ ᠨᠠᠮᠤᠷ ᠠᠴᠠ ᠪᠠᠶᠢᠭᠠᠯᠢᠯᠢᠭ ᠢᠯᠪᠢᠨ ᠵᠠᠰᠠᠬᠤ | ᠭᠠᠵᠠᠷ ᠢᠶᠠᠨ ᠨᠡᠭᠡᠭᠡᠵᠦ᠂ ᠪᠠᠭ᠎ᠠ ᠶᠢᠨ ᠮᠥᠷᠥᠭᠡᠳᠦᠯ ᠢᠶᠠᠨ ᠪᠡᠶᠡᠯᠡᠭᠦᠯᠵᠦ ᠥᠪᠡᠷ ᠤᠨ ᠦᠢᠯᠡᠰ ᠤᠨ ᠮᠥᠷ ᠢᠶᠠᠨ | ᠬᠥᠭᠡᠭᠡᠵᠡᠢ᠃ |