︽ᠲᠡᠳᠬᠦᠪᠦᠷᠢ︾  ᠳᠡᠭᠡᠨ ᠭᠠᠷᠤᠭᠰᠠᠨ 39 ᠨᠠᠰᠤᠲᠠᠢ ᠢᠩᠭᠡ
ᠨᠡᠶᠢᠲᠡᠯᠡᠭᠰᠡᠨ ᠴᠠᠭ᠄
2025/4/7
                                         ●    ᠰᠡᠴᠡᠨ          ᠠᠯᠠᠱᠠ ᠪᠠᠷᠠᠭᠤᠨ ᠬᠤᠰᠢᠭᠤᠨ ᠤ ᠲᠠᠩᠰᠤᠬᠪᠤᠯᠠᠭ ᠰᠤᠮᠤᠨ ᠤ ᠦᠦᠷᠢᠨᠳᠤᠶᠠᠭ᠎ᠠ ᠭᠠᠴᠠᠭᠠᠨ ᠤ ᠮᠤᠬᠤᠷ ᠤᠨ ᠬᠤᠳᠳᠤᠭ ᠲᠤ ᠰᠠᠭᠤᠷᠢᠰᠢᠳᠠᠭ ᠤᠷᠭᠢᠯ ᠡᠷᠳᠡᠨᠢᠴᠡᠴᠡᠭ ᠤᠨ ᠬᠤᠲᠠᠨ ᠤ ︽ᠬᠤᠷᠣᠨ ᠰᠢᠷ᠎ᠠ︾ ᠨᠡᠷ᠎ᠡ ᠲᠠᠢ ᠢᠩᠭᠡ ᠨᠢ 39 ᠨᠠᠰᠤᠯᠠᠵᠤ ᠪᠠᠶᠢᠬᠤ ᠶᠤᠮ ᠭᠡᠨ᠎ᠡ᠃ ᠲᠡᠭᠡᠭᠡᠳ ᠰᠦᠷᠦᠭ ᠲᠡᠭᠡᠨ ᠪᠦᠯᠢ ᠨᠡᠮᠡᠵᠦ ᠭᠠᠪᠢᠶ᠎ᠠ ᠵᠢᠳᠬᠦᠯ ᠢᠶᠠᠨ ᠭᠦᠢᠴᠡᠳ ᠦᠵᠡᠭᠦᠯᠦᠭᠰᠡᠨ ᠡᠨᠡ ᠢᠩᠭᠡ ᠣᠶᠢᠷ᠎ᠠ ᠶᠢᠨ ᠬᠡᠳᠦᠨ ᠵᠢᠯ ᠠᠴᠠ ︽ᠲᠡᠳᠬᠦᠪᠦᠷᠢ︾  ᠳᠡᠭᠡᠨ ᠠᠰᠠᠷᠠᠭᠤᠯᠵᠤ ᠵᠢᠷᠭᠠᠨ᠎ᠠ᠃          ᠲᠡᠮᠡᠭᠡ ᠴᠣᠬᠤᠮ ᠬᠡᠳᠦᠢ ᠣᠷᠳᠦ ᠨᠠᠰᠤᠯᠠᠳᠠᠭ ᠠᠮᠢᠳᠠᠨ ᠪᠤᠢ︖ ︽ᠠᠶᠢᠯ ᠤᠨ ᠤᠨᠤᠭᠠᠨ ᠤ ᠠᠳᠠ ᠭᠤᠴᠢᠨ ᠬᠤᠶᠠᠷ ᠭᠤᠷᠪᠠ ᠨᠠᠰᠤᠯᠠᠵᠤ ᠪᠠᠶᠢᠬᠤ ᠶᠢ ᠰᠣᠨᠣᠰᠤᠭᠰᠠᠨ᠃ 39 ᠨᠠᠰᠤᠯᠠᠵᠤ ᠪᠠᠶᠢᠬᠤ ᠲᠡᠮᠡᠭᠡ ᠶᠢ ᠶᠡᠷᠦᠨᠢ ᠰᠣᠨᠣᠰᠴᠤ ᠪᠠᠶᠢᠭᠰᠠᠨ ᠦᠭᠡᠢ᠃ ᠮᠠᠨ ᠤ ᠣᠶᠢᠷ᠎ᠠ ᠬᠠᠪᠢ ᠶᠢᠨ ᠲᠠᠨᠢᠯ ᠲᠠᠰᠤᠯ ᠤᠯᠤᠰ ᠤᠳ ᠪᠦᠷ ᠯᠠ ᠭᠠᠶᠢᠬᠠᠵᠤ ᠬᠠᠴᠢᠷᠬᠠᠵᠤ ᠪᠠᠶᠢᠬᠤ ᠶᠤᠮ᠃ ᠥᠨᠥ ᠬᠠᠪᠤᠷ ᠮᠠᠨ ᠤ ᠬᠥᠭᠰᠢᠨ ᠢᠩᠭᠡ 39 ᠳᠠᠬᠢ ᠵᠢᠯ ᠤᠨ ᠢᠶᠠᠨ ᠨᠣᠭᠤᠭ᠎ᠠ ᠢᠳᠡᠬᠦ ᠪᠣᠯᠣᠨ᠎ᠠ︾ ᠭᠡᠵᠦ ᠤᠷᠭᠢᠯ ᠶᠠᠷᠢᠨ᠎ᠠ᠃          ᠪᠣᠲᠣᠭᠤᠨ ᠠᠴᠠ ᠪᠠᠨ ᠶᠡᠭᠡ ᠪᠠᠷᠬᠢᠷᠠᠭ᠎ᠠ ᠵᠠᠩ ᠲᠠᠢ ᠪᠣᠯᠬᠤᠷ ᠨᠢ ︽ᠬᠤᠷᠣᠨ ᠰᠢᠷ᠎ᠠ︾ ᠭᠡᠰᠡᠨ ᠨᠡᠷ᠎ᠡ  ᠲᠠᠢ ᠪᠣᠯᠤᠭᠰᠠᠨ ᠡᠨᠡ ᠢᠩᠭᠡ ᠤᠤᠯ ᠨᠢ ᠤᠷᠭᠢᠯ ᠤᠨ ᠠᠬ᠎ᠠ ᠶᠢᠨ ᠬᠢᠨᠢ ᠲᠡᠮᠡᠭᠡ ᠪᠠᠶᠢᠵᠠᠢ᠃ ᠳᠡᠭᠡᠷ᠎ᠡ ᠵᠠᠭᠤᠨ ᠤ ᠶᠡᠷᠡᠭᠡᠳ ᠣᠨ ᠤ ᠡᠬᠢ ᠪᠠᠷ ᠤᠷᠭᠢᠯ ᠡᠷᠳᠡᠨᠢᠴᠡᠴᠡᠭ ᠬᠤᠶᠠᠭᠤᠯᠠ ᠲᠡᠮᠡᠭᠡ ᠪᠠᠨ ᠥᠰᠬᠡᠬᠦ ᠪᠠᠷ 880 ᠲᠥᠭᠦᠷᠢᠭ ᠤᠨ ᠲᠧᠯᠸᠢᠰ᠂ ᠲᠧᠯᠸᠢᠰ ᠦᠵᠡᠬᠦ ᠲᠣᠨᠤᠭ ᠢᠶᠠᠷ ᠡᠨᠡ ᠢᠩᠭᠡ ᠶᠢ ᠰᠣᠯᠢᠵᠤ ᠠᠪᠴᠢᠷᠠᠭᠰᠠᠨ ᠦᠯᠢᠭᠡᠷ ᠲᠠᠢ᠃ ︽ᠬᠤᠷᠣᠨ ᠰᠢᠷ᠎ᠠ︾ ᠨᠡᠶᠢᠳᠡ ᠶᠢᠰᠦ ᠪᠣᠲᠣᠭᠤᠯᠠᠵᠤ᠂ ᠰᠡᠭᠦᠯᠡᠷ ᠨᠢ ᠭᠡᠭᠡᠯ ᠲᠣᠭᠲᠠᠬᠤ ᠪᠠᠨ ᠪᠣᠯᠢᠭᠰᠠᠨ ᠠᠴᠠ ᠡᠳᠡᠨᠡᠷ ᠴᠤ ᠬᠠᠶᠠᠭᠠᠨ ᠳᠤᠨᠢ ᠪᠠᠶᠢᠯᠭᠠᠵᠤ᠂ ᠵᠢᠯ ᠭᠠᠩ ᠲᠠᠢ ᠪᠣᠯ ᠵᠢᠭᠠᠬᠠᠨ ᠲᠡᠵᠢᠭᠡᠯ ᠪᠣᠷᠳᠤᠭ᠎ᠠ ᠥᠭᠭᠦᠭᠡᠳ ᠯᠠ ᠶᠠᠪᠤᠭᠤᠯᠴᠢᠬᠠᠳᠠᠭ᠃ ᠬᠥᠭᠰᠢᠨ ᠢᠩᠭᠡ ᠨᠢ ᠵᠤᠨ ᠪᠣᠯᠣᠭᠰᠠᠭᠠᠷ ᠪᠠᠳᠠᠢ ᠶᠢᠨ ᠵᠢᠷᠠᠨ ᠡᠯᠡᠰᠦᠨ ᠳᠤ ᠶᠠᠪᠤᠭᠠᠳ ᠣᠷᠣᠴᠢᠬᠠᠨ᠎ᠠ᠃ ᠬᠠᠮᠢᠭ᠎ᠠ ᠶᠠᠪᠤᠭᠠᠳ ᠦᠶᠦᠭᠡᠳᠡᠴᠢᠭᠡᠭᠦ ᠠᠴᠠ ᠨᠢ ᠪᠣᠯᠭᠤᠮᠵᠢᠯᠠᠵᠤ ᠬᠡᠳᠦᠨ ᠠᠷᠪᠠᠨ ᠬᠤᠨᠤᠭ ᠢᠶᠠᠷ ᠰᠤᠷᠠᠭ ᠲᠠᠰᠤᠷᠠᠪᠠᠯ ᠡᠷᠭᠢᠵᠦ ᠲᠣᠭᠤᠷᠢᠵᠤ ᠦᠵᠡᠨ᠎ᠡ᠃ ᠵᠦᠭᠡᠷ ᠪᠡᠯᠴᠢᠵᠦ ᠪᠠᠶᠢᠪᠠᠯ ᠳᠤᠷ᠎ᠠ ᠪᠠᠷ ᠨᠢ ᠶᠠᠪᠤᠭᠤᠯᠴᠢᠬᠠᠭᠠᠳ᠂ ᠬᠡᠪᠲᠡᠵᠦ ᠦᠶᠦᠭᠡᠳᠡᠭᠰᠡᠨ ᠪᠣᠯ ᠲᠡᠷᠭᠡ ᠮᠠᠰᠢᠨ ᠢᠶᠠᠷ ᠭᠠᠳᠠᠨ᠎ᠠ ᠪᠠᠨ ᠠᠪᠴᠢᠷᠠᠵᠤ ︽ᠠᠰᠠᠷᠠᠨ᠎ᠠ︾᠃ ᠢᠩᠭᠢᠭᠰᠡᠭᠡᠷ ᠪᠠᠶᠢᠲᠠᠯ᠎ᠠ ᠨᠢᠭᠡ ᠮᠡᠳᠡᠬᠦᠨ᠎ᠡ ᠭᠤᠴᠢᠨ ᠬᠡᠳᠦᠨ ᠵᠢᠯ ᠪᠣᠯᠵᠠᠢ᠃          ᠨᠡᠯᠢᠶᠡᠳ ᠬᠡᠳᠦᠨ ᠵᠢᠯ ᠤᠨ ᠡᠮᠦᠨ᠎ᠡ ᠠᠶᠢᠯ ᠰᠠᠭᠠᠬᠠᠯᠲᠠ ᠶᠢᠨ ᠬᠢᠨᠢ ᠤᠷᠭᠢᠯ ᠤᠨ ᠬᠥᠭᠰᠢᠨ ᠢᠩᠭᠡ ᠶᠢ ᠦᠵᠡᠴᠢᠬᠡᠭᠡᠳ ︽ᠡᠨᠡ ᠬᠥᠭᠰᠢᠨ ᠢᠩᠭᠡ ᠪᠠᠨ ᠬᠤᠳᠠᠯᠳᠤᠨ᠎ᠠ ᠪᠢᠵᠡ︾ ᠭᠡᠵᠦ ᠢᠳᠬᠠᠬᠤ ᠳᠤ ᠤᠷᠭᠢᠯ ᠰᠠᠨᠠᠭᠠᠨ ᠳᠠᠭᠠᠨ ᠠᠪᠤᠭᠰᠠᠨ ᠦᠭᠡᠢ᠃ ᠲᠡᠭᠦᠨ ᠤ ᠰᠠᠨᠠᠭ᠎ᠠ ᠪᠠᠷ ᠬᠥᠭᠰᠢᠨ ᠢᠩᠭᠡ ᠨᠢ ᠠᠯᠢ ᠨᠢᠭᠡ ᠡᠳᠦᠷ ᠭᠤᠪᠢ ᠨᠤᠲᠤᠭ ᠲᠠᠭᠠᠨ ᠰᠢᠩᠭᠡᠬᠦ ᠨᠢ ᠲᠦᠮᠡᠨ ᠵᠥᠪ ᠭᠡᠵᠦ ᠪᠤᠳᠤᠳᠠᠭ ᠠᠵᠢ᠃           ︽ᠮᠠᠨ ᠤ ᠡᠨᠡ ᠢᠩᠭᠡ ᠴᠢᠨᠢ ᠲᠣᠯᠣᠭᠠᠢ ᠶᠢᠨ ᠠᠷᠤ ᠳᠠᠭᠠᠨ ᠤᠳᠤᠭ᠎ᠠ ᠲᠠᠢ ᠲᠡᠮᠡᠭᠡ᠂ ᠬᠥᠭᠰᠢᠴᠦᠦᠯ ᠤᠳᠤᠭ᠎ᠠ ᠲᠠᠢ ᠲᠡᠮᠡᠭᠡ ᠶᠢ ᠪᠤᠶᠠᠨ ᠲᠠᠢ ᠮᠠᠯ ᠭᠡᠵᠦ ᠶᠠᠷᠢᠳᠠᠭ ᠪᠣᠯᠬᠤᠷ ᠪᠢᠳᠠ ᠡᠨᠡ ᠬᠥᠭᠰᠢᠨ ᠢᠩᠭᠡ ᠪᠠᠨ ᠶᠡᠭᠡ ᠬᠠᠶᠢᠷᠠᠯᠠᠵᠤ᠂ ᠳᠤᠷ᠎ᠠ ᠵᠣᠷᠢᠭ ᠢᠶᠠᠷ ᠨᠢ ᠶᠠᠪᠤᠭᠤᠯᠳᠠᠭ᠃ ᠡᠨᠡ ᠴᠢᠨᠢ ᠬᠥᠭᠰᠢᠷᠡᠭᠡᠳ ᠰᠢᠳᠦ ᠦᠭᠡᠢ ᠪᠣᠯᠤᠭᠰᠠᠨ ᠪᠤᠯᠪᠠᠴᠦ ᠶᠡᠭᠡ ᠠᠭᠤᠷ ᠲᠠᠢ᠂ ᠬᠠᠶᠠ ᠡᠪᠡᠰᠦ ᠪᠣᠷᠳᠤᠭ᠎ᠠ ᠥᠭᠬᠦ ᠨᠢ ᠵᠢᠭᠠᠬᠠᠨ ᠤᠷᠤᠶᠢᠳᠠᠪᠠᠯ ᠠᠭᠤᠷᠯᠠᠵᠤ᠂ ᠪᠠᠷᠬᠢᠷᠠᠭ᠎ᠠ ᠵᠠᠩ ᠢᠶᠠᠨ ᠭᠠᠷᠭᠠᠵᠤ᠂ ᠲᠣᠯᠣᠭᠠᠢ ᠳᠡᠭᠡᠷ᠎ᠡ ᠠᠴᠠ ᠵᠠᠭᠤᠭᠠᠳ ᠠᠪᠤᠨ᠎ᠠ᠃ ᠮᠠᠯ ᠠᠮᠢᠳᠠᠨ ᠬᠥᠳᠡᠭᠡ ᠪᠠᠨ ᠶᠠᠰᠤ ᠪᠠᠨ ᠲᠠᠯᠪᠢᠳᠠᠭ ᠶᠣᠰᠣ ᠪᠠᠷ ᠠᠯᠢ ᠨᠢᠭᠡ ᠡᠳᠦᠷ ᠶᠢᠷᠲᠢᠨᠴᠦ ᠶᠢᠨ ᠶᠣᠰᠣ ᠪᠠᠷ ᠬᠥᠳᠡᠭᠡ ᠪᠠᠨ ᠶᠠᠪᠤᠵᠤ ᠪᠠᠶᠢᠭᠠᠳ ᠯᠠ ᠨᠢᠭᠡ ᠮᠡᠳᠡᠬᠦ ᠳᠤ ᠮᠣᠷᠢᠯᠠᠬᠤ ᠪᠢᠵᠡ︾ ᠭᠡᠵᠦ ᠤᠷᠭᠢᠯ ᠭᠤᠸᠠᠢ ᠬᠥᠭᠰᠢᠨ ᠢᠩᠭᠡ ᠪᠠᠨ ᠦᠭᠦᠭᠡᠷᠳᠦᠨ ᠶᠠᠷᠢᠨ᠎ᠠ᠃ ᠲᠡᠮᠡᠭᠡ ᠮᠠᠯ ᠳᠠᠭᠠᠨ ᠠᠮᠢ ᠭᠤᠣᠯ ᠠᠴᠠ ᠬᠠᠶᠢᠷᠠᠲᠠᠢ ᠮᠠᠯᠴᠢᠨ ᠬᠥᠮᠥᠨ᠂ ᠢᠯᠠᠩᠭᠤᠶ᠎ᠠ 39 ᠵᠢᠯ ᠰᠦᠷᠦᠭ ᠲᠤᠨᠢ ᠴᠢᠮᠡᠭ ᠪᠣᠯᠵᠤ ᠢᠷᠡᠭᠰᠡᠨ ᠡᠨᠡ ᠢᠩᠭᠡ ᠪᠠᠨ ᠬᠠᠶᠢᠷᠠᠯᠠᠬᠤ ᠶᠢᠨ ᠤᠯᠠᠮ ᠠᠴᠠ ︽ᠪᠤᠶᠠᠨ ᠲᠠᠢ ᠮᠠᠯ︾ ᠭᠡᠰᠡᠨ ᠰᠢᠯᠲᠠᠭ ᠡᠷᠢᠵᠦ ᠠᠰᠠᠷᠠᠵᠤ ᠪᠠᠶᠢᠬᠤ ᠶᠢᠨ ᠤᠴᠢᠷ ᠪᠢᠵᠡ᠃ ᠲᠡᠶᠢᠮᠤ ᠴᠤ ᠪᠠᠶᠢᠯᠭᠦᠢ᠂ ᠵᠦᠪᠭᠡᠨ ᠡᠨᠡ ᠢᠩᠭᠡᠨ ᠤ ᠤᠳᠤᠮ ᠠᠴᠠ ᠭᠤᠴᠢ ᠭᠠᠷᠤᠢ ᠲᠡᠮᠡᠭᠡ ᠪᠣᠯᠣᠨ ᠥᠰᠴᠦ᠂ ᠤᠳᠤ ᠤᠷᠭᠢᠯ ᠤᠨ ᠬᠢ 200 ᠭᠠᠷᠤᠢ ᠲᠡᠮᠡᠭᠡ ᠮᠠᠯᠵᠢᠵᠤ᠂ ᠲᠡᠮᠡᠭᠡᠨ ᠤ ᠨᠣᠣᠰᠣ᠂ ᠰᠦ ᠴᠠᠭ᠎ᠠ ᠵᠡᠷᠭᠡ ᠠᠰᠢᠭ ᠰᠢᠮ᠎ᠡ ᠪᠠᠷ ᠠᠵᠤ ᠠᠮᠢᠳᠤᠷᠠᠯ ᠢᠶᠠᠨ ᠴᠣᠭᠴᠠᠯᠠᠵᠤ ᠶᠠᠪᠤᠨ᠎ᠠ᠃          ᠠᠷᠪᠠᠨ ᠬᠤᠶᠠᠷ ᠵᠢᠯ ᠤᠨ ᠠᠮᠢᠳᠠᠨ ᠤ ᠰᠢᠨᠵᠢ ᠶᠢ ᠪᠡᠶ᠎ᠡ ᠳᠡᠭᠡᠨ ᠪᠦᠷᠢᠳᠦᠭᠦᠯᠦᠭᠰᠡᠨ ᠭᠤᠪᠢ ᠨᠤᠲᠤᠭ ᠤᠨ ᠡᠷᠳᠡᠨᠢ ᠶᠢᠨ ᠠᠮᠢᠳᠠᠨ ᠲᠡᠮᠡᠭᠡ ᠲᠦᠷᠦᠭᠦ ᠠᠴᠠ ᠪᠠᠨ ᠠᠪᠤᠭᠠᠳ ᠪᠠᠶᠢᠭᠠᠯᠢ ᠭᠤᠪᠢ ᠪᠠᠨ ᠲᠦᠰᠢᠭᠯᠡᠵᠦ ᠶᠠᠪᠤᠳᠠᠭ ᠢᠶᠠᠷ ᠲᠡᠭᠷᠢ ᠶᠢᠨ ᠠᠮᠢᠳᠠᠨ ᠭᠡᠳᠡᠭ᠃ ᠲᠡᠭᠷᠢ ᠶᠢᠨ ᠠᠮᠢᠳᠠᠨ ᠲᠡᠮᠡᠭᠡ ᠪᠠᠨ ᠠᠯᠠᠱᠠᠴᠤᠳ ᠴᠤ ᠬᠠᠶᠢᠷᠠᠯᠠᠵᠤ ᠳᠣᠳᠣᠮᠳᠠᠨ᠂ 39 ᠭᠦᠷᠦᠭᠰᠡᠨ ᠬᠥᠭᠰᠢᠨ ᠢᠩᠭᠡ ᠡᠶᠢᠨ ᠬᠦ ︽ᠲᠡᠳᠬᠦᠪᠦᠷᠢ︾  ᠳᠡᠭᠡᠨ ᠭᠠᠷᠴᠢᠬᠠᠭᠠᠳ ᠡᠵᠡᠨ ᠢᠶᠠᠷ ᠢᠶᠠᠨ ᠠᠰᠠᠷᠠᠭᠤᠯᠵᠤ ᠪᠠᠶᠢᠭ᠎ᠠ ᠨᠢ ᠡᠨᠡ᠃    
 
ᠢᠷᠡᠯᠲᠡ᠄ ᠠᠯᠠᠱᠠ ᠶᠢᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号