| ● ᠮᠠᠤ ᠲᠦᠮᠡᠨ | | ᠵᠠᠬ᠎ᠠ ᠶᠢᠨ ᠠᠷᠠᠯᠵᠢᠶ᠎ᠠ ᠨᠢ ᠶᠡᠷᠦ ᠠᠴᠠ ᠬᠠᠮᠤᠭ ᠤᠨ ᠬᠥᠭᠵᠢᠶᠡᠨ ᠨᠠᠷᠭᠢᠶᠠᠨ ᠲᠠᠢ᠂ ᠠᠮᠢᠳᠤᠷᠠᠯ ᠤᠨ | ᠦᠨᠦᠷ ᠠᠮᠲᠠ ᠪᠠᠷ ᠪᠢᠯᠬᠠᠷᠠᠭᠰᠠᠨ ᠴᠤᠭᠯᠠᠭᠠᠨ ᠪᠠᠶᠢᠳᠠᠭ᠃ ᠮᠢᠨᠤ ᠣᠶᠢᠯᠠᠭᠠᠭᠰᠠᠨ ᠢᠶᠠᠷ᠂ ᠵᠠᠬ᠎ᠠ ᠶᠢᠨ ᠠᠷᠠᠯᠵᠢᠶ᠎ᠠ ᠨᠢ | ᠠᠩᠬ᠎ᠠ ᠡᠬᠢᠨ ᠳᠡᠭᠡᠨ ᠪᠣᠯ ᠬᠥᠳᠡᠭᠡ ᠳᠤᠰᠬᠤᠨ ᠤ ᠬᠥᠷᠰᠢ ᠵᠡᠷᠭᠡᠯᠡᠳᠡᠭᠡ ᠠᠶᠢᠯ ᠳᠤᠰᠬᠤᠨ ᠤ ᠬᠢᠨ ᠰᠠᠷ᠎ᠠ ᠪᠦᠷᠢ | ᠲᠣᠭᠲᠠᠭᠰᠠᠨ ᠡᠳᠦᠷ ᠲᠤ ᠲᠣᠭᠲᠠᠭᠰᠠᠨ ᠭᠠᠵᠠᠷ ᠲᠤ ᠵᠠᠬ᠎ᠠ ᠶᠢᠨ ᠴᠤᠭᠯᠠᠭᠠᠨ ᠪᠣᠯᠵᠤ᠂ ᠬᠤᠪᠢᠨ ᠤ ᠪᠠᠨ ᠪᠠᠷᠠᠭ᠎ᠠ | ᠲᠠᠸᠠᠷ ᠢᠶᠠᠨ ᠠᠪᠴᠢᠷᠠᠨ ᠪᠣᠷᠤᠯᠠᠭᠤᠯᠭ᠎ᠠ ᠰᠣᠯᠢᠯᠴᠠᠭ᠎ᠠ ᠬᠢᠵᠦ᠂ ᠥᠪᠡᠷ ᠥᠪᠡᠷ ᠤᠨ ᠬᠡᠷᠡᠭᠴᠡᠭᠡ ᠲᠠᠢ ᠵᠦᠢᠯᠡᠰ ᠢᠶᠠᠨ | ᠬᠤᠳᠠᠯᠳᠤᠨ ᠠᠪᠴᠠᠭᠠᠳᠠᠭ ᠪᠠᠶᠢᠭᠰᠠᠨ᠃ ᠲᠡᠭᠡᠭᠡᠳ ᠴᠤ ᠠᠵᠤ ᠠᠬᠤᠢ ᠨᠡᠶᠢᠭᠡᠮ ᠤᠨ ᠬᠥᠭᠵᠢᠯᠲᠡ ᠬᠤᠪᠢᠰᠤᠯᠲᠠ᠂ | ᠲᠠᠸᠠᠷ ᠪᠣᠳᠠᠰ ᠤᠨ ᠡᠯᠪᠡᠭᠵᠢᠯ᠂ ᠪᠣᠳᠠᠰ ᠤᠨ ᠭᠦᠢᠯᠭᠡᠭᠡᠨ ᠤ ᠰᠢᠯᠤᠭᠤᠳᠬᠠᠯ ᠢ ᠳᠠᠭᠠᠯᠳᠤᠨ ᠡᠶᠢᠮᠦᠷᠬᠦᠦ ᠵᠠᠬ᠎ᠠ ᠶᠢᠨ | ᠠᠷᠠᠯᠵᠢᠶ᠎ᠠ ᠨᠢᠭᠡ ᠦᠶ᠎ᠡ ᠬᠠᠷᠠᠭᠳᠠᠬᠤ ᠪᠠᠨ ᠪᠣᠯᠢᠭᠰᠠᠨ ᠲᠥᠷᠥᠭᠳᠡᠯ ᠥᠭᠴᠦ ᠪᠠᠶᠢᠭᠰᠠᠨ ᠴᠤ ᠣᠶᠢᠷ᠎ᠠ ᠶᠢᠨ ᠬᠤᠶᠠᠷ | ᠵᠢᠯ ᠳᠤ ᠪᠠᠷᠠᠭᠤᠨ ᠪᠡᠯ ᠪᠠᠯᠭᠠᠰᠤᠨ ᠤ ᠵᠠᠬ᠎ᠠ ᠶᠢᠨ ᠠᠷᠠᠯᠵᠢᠶ᠎ᠠ᠂ ᠪᠠᠶᠠᠨᠬᠤᠲᠠ ᠶᠢᠨ ᠵᠠᠬ᠎ᠠ ᠶᠢᠨ ᠠᠷᠠᠯᠵᠢᠶ᠎ᠠ ᠶᠢᠨ | ᠰᠡᠷᠭᠦᠯᠲᠡ ᠨᠢ ᠬᠥᠮᠥᠰ ᠤᠨ ᠠᠮᠢᠳᠤᠷᠠᠯ ᠳᠤ ᠪᠠᠰᠠ ᠨᠢᠭᠡᠨ ᠵᠦᠢᠯ ᠤᠨ ᠰᠢᠨ᠎ᠡ ᠰᠡᠪᠡᠭᠦᠨ ᠠᠭᠤᠯᠭ᠎ᠠ ᠲᠥᠷᠥᠭᠳᠡᠯ | ᠨᠡᠮᠡᠷᠢᠯᠡᠭᠰᠡᠨ ᠭᠡᠯᠲᠡᠢ᠃ | ᠰᠠᠷ᠎ᠠ ᠪᠦᠷᠢ ᠶᠢᠨ 4 ᠤ ᠡᠳᠦᠷ᠂ 14 ᠤ ᠡᠳᠦᠷ ᠪᠣᠯᠣᠨ 24 ᠤ ᠡᠳᠦᠷ ᠢ ᠲᠣᠬᠢᠶᠠᠯᠳᠤᠭᠤᠯᠤᠨ | ᠴᠤᠭᠯᠠᠷᠠᠳᠠᠭ ᠪᠠᠶᠠᠨᠬᠤᠲᠠ ᠶᠢᠨ ᠵᠠᠬ᠎ᠠ ᠶᠢᠨ ᠠᠷᠠᠯᠵᠢᠶ᠎ᠠ ᠨᠢ ᠣᠶᠢᠷ᠎ᠠ ᠬᠠᠪᠢ ᠶᠢᠨ ᠰᠤᠮᠤ ᠪᠠᠯᠭᠠᠰᠤ᠂ ᠭᠠᠴᠠᠭ᠎ᠠ | ᠳᠤᠰᠬᠤᠨ ᠤ ᠰᠠᠭᠤᠭᠠᠯᠢ ᠠᠷᠠᠳ᠂ ᠮᠠᠯᠴᠢᠨ ᠲᠠᠷᠢᠶᠠᠴᠢᠳ ᠤᠨ ᠴᠤᠭᠯᠠᠭ᠎ᠠ ᠪᠣᠯᠵᠤ᠂ ᠤᠯᠠᠨ ᠲᠦᠷᠦᠯ ᠤᠨ ᠪᠠᠷᠠᠭ᠎ᠠ | ᠲᠠᠸᠠᠷ ᠤᠨ ᠪᠣᠷᠤᠯᠠᠭᠤᠯᠭ᠎ᠠ ᠰᠣᠯᠢᠯᠴᠠᠭᠠᠨ ᠤ ᠵᠠᠬ᠎ᠠ ᠪᠣᠯᠵᠠᠢ᠃ ᠢᠯᠠᠩᠭᠤᠶ᠎ᠠ ᠡᠪᠦᠯ ᠠᠴᠠ ᠨᠠᠭᠠᠰᠢ ᠰᠢᠨ᠎ᠡ ᠵᠢᠯ | ᠴᠠᠭᠠᠨ ᠰᠠᠷ᠎ᠠ ᠪᠤᠯᠬᠤ ᠲᠠᠰᠢᠷᠠᠮ ᠢᠶᠠᠷ ᠮᠠᠯᠴᠢᠳ ᠦᠬᠡᠷ ᠮᠠᠯ ᠢᠶᠠᠨ ᠵᠠᠬ᠎ᠠ ᠶᠢᠨ ᠠᠷᠠᠯᠵᠢᠶᠠᠨ ᠤ ᠲᠤᠬᠠᠢ ᠶᠢᠨ | ᠲᠠᠯᠠᠪᠤᠷ ᠲᠤ ᠠᠪᠴᠢᠷᠠᠨ ᠨᠢᠲᠤᠯᠵᠤ ᠬᠤᠳᠠᠯᠳᠤᠬᠤ ᠪᠣᠯᠤᠭᠰᠠᠨ ᠨᠢ ᠨᠤᠲᠤᠭ ᠤᠨ ᠮᠠᠯ ᠮᠢᠬᠠᠨ ᠳᠠᠭᠠᠨ ᠳᠤᠷᠠᠲᠠᠢ | ᠬᠥᠮᠥᠰ ᠤᠨ ᠲᠠᠭᠠᠰᠢᠶᠠᠯ ᠢ ᠭᠥᠷᠳᠡᠭᠰᠡᠨ ᠪᠠᠶᠢᠨ᠎ᠠ᠃ | ᠰᠤᠷᠪᠤᠯᠵᠢᠯᠠᠬᠴᠢ 1 ᠰᠠᠷ᠎ᠠ ᠶᠢᠨ 14 ᠤ ᠡᠳᠦᠷ ᠤᠨ ᠵᠠᠬ᠎ᠠ ᠶᠢᠨ ᠠᠷᠠᠯᠵᠢᠶ᠎ᠠ ᠪᠠᠷ ᠬᠦᠷᠬᠦ ᠳᠤ᠂ ᠮᠠᠯ | ᠮᠢᠬᠠᠨ ᠤ ᠬᠤᠳᠠᠯᠳᠤᠭ᠎ᠠ ᠪᠠᠷᠤᠭ ᠪᠦᠭᠦ ᠵᠠᠬ᠎ᠠ ᠶᠢᠨ ᠭᠤᠷᠪᠠᠨ ᠤ ᠨᠢᠭᠡ ᠰᠢᠬᠠᠭᠤ ᠶᠢ ᠡᠵᠡᠯᠡᠭᠰᠡᠨ ᠪᠠᠶᠢᠯ᠎ᠠ᠃ ︽ᠤᠳᠤ | ᠭᠠᠭᠴᠠᠬᠠᠨ ᠦᠬᠡᠷ ᠤᠨ ᠨᠢᠷᠤᠭᠤ ᠤᠭᠤᠴᠠ ᠯᠡ ᠦᠯᠡᠳᠡᠭᠰᠡᠨ᠂ ᠬᠢᠮᠳᠠ ᠪᠠᠷ ᠬᠤᠳᠠᠯᠳᠤᠨ᠎ᠠ…︾ ᠦᠳᠡ ᠶᠢᠨ | ᠬᠢᠷᠢ ᠪᠤᠯᠬᠤ ᠳᠤ ᠠᠯᠠᠱᠠ ᠵᠡᠭᠦᠨ ᠬᠤᠰᠢᠭᠤᠨ ᠤ ᠡᠷᠬᠡᠬᠠᠰᠢᠬ᠎ᠠ ᠰᠤᠮᠤᠨ ᠤ ᠮᠠᠯᠴᠢᠨ ᠪᠦᠭᠡ ᠶᠠᠭᠤᠮ᠎ᠠ ᠬᠡᠦᠮ᠎ᠡ ᠪᠠᠨ | ᠲᠡᠷᠭᠡᠨ ᠳᠡᠭᠡᠨ ᠰᠠᠪᠠᠯᠠᠭᠠᠳ ᠶᠠᠪᠤᠬᠤ ᠪᠠᠷ ᠪᠡᠯᠡᠳᠴᠦ ᠶᠠᠭᠠᠷᠠᠨ᠎ᠠ᠃ ᠲᠡᠷᠡ ᠪᠠᠷ ᠡᠨᠡ ᠥᠷᠯᠥᠭᠡ ᠭᠤᠷᠪᠠᠨ ᠦᠬᠡᠷ | ᠠᠪᠴᠢᠷᠠᠵᠤ ᠵᠠᠷᠤᠭᠰᠠᠨ ᠭᠡᠨ᠎ᠡ᠂ ᠪᠦᠷ ᠬᠠᠰᠢᠭ᠋ᠠ ᠶᠢᠨ ᠰᠢᠷ᠎ᠠ ᠦᠬᠡᠷ ᠪᠥᠭᠡᠳ ᠲᠠᠷᠭᠤ ᠬᠦᠴᠦ ᠰᠠᠶᠢᠲᠠᠢ᠂ ᠮᠢᠬ᠎ᠠ | ᠨᠢ ᠵᠤᠵᠠᠭᠠᠨ ᠲᠤᠯᠠ ᠴᠤᠯ ᠮᠢᠬ᠎ᠠ ᠶᠢ ᠵᠢᠩ ᠪᠦᠷᠢ ᠳᠡᠭᠡᠨ 28 ᠲᠥᠭᠦᠷᠢᠭ᠂ ᠶᠠᠰᠤ ᠲᠠᠢ ᠮᠢᠬ᠎ᠠ ᠶᠢ ᠵᠢᠩ | ᠪᠦᠷᠢ ᠳᠡᠭᠡᠨ 26 ᠲᠥᠭᠦᠷᠢᠭ ᠢᠶᠠᠷ ᠪᠣᠷᠣᠯᠠᠭᠤᠯᠬᠤ ᠳᠤ ᠪᠡᠯᠡᠨ ᠳᠣᠣᠷ᠎ᠠ ᠨᠢ ᠬᠤᠳᠠᠯᠳᠤᠨ ᠠᠪᠬᠤ ᠬᠥᠮᠥᠨ | ᠴᠤᠭᠯᠠᠷᠠᠵᠤ ᠪᠤᠯᠢᠶᠠᠯᠳᠤᠨ ᠠᠪᠤᠭᠰᠠᠨ ᠪᠠᠶᠢᠨ᠎ᠠ᠃ ︽ᠡᠨᠡ ᠵᠢᠯ ᠦᠬᠡᠷ ᠤᠨ ᠮᠢᠬᠠᠨ ᠤ ᠦᠨ᠎ᠡ ᠳᠣᠣᠷ᠎ᠠ ᠪᠣᠯᠵᠤ᠂ | ᠭᠠᠳᠠᠨ᠎ᠠ ᠣᠷᠣᠨ ᠤ ᠦᠬᠡᠷ ᠤᠨ ᠮᠢᠬ᠎ᠠ᠂ ᠭᠠᠳᠠᠭᠠᠳᠤ ᠶᠢᠨ ᠦᠬᠡᠷ ᠤᠨ ᠮᠢᠬ᠎ᠠ ᠵᠠᠬ᠎ᠠ ᠳᠡᠯᠭᠡᠭᠦᠷ ᠢ ᠡᠵᠡᠮᠳᠡᠭᠰᠡᠨ ᠠᠴᠠ | ᠡᠪᠦᠯ ᠤᠨ ᠠᠮᠲᠠ ᠭᠠᠷᠭᠠᠬᠤ ᠪᠣᠯᠤᠭᠰᠠᠨ ᠪᠠᠶᠢᠲᠠᠯ᠎ᠠ ᠮᠢᠬ᠎ᠠ ᠵᠠᠬᠢᠶᠠᠯᠠᠬᠤ ᠬᠥᠮᠥᠨ ᠪᠠᠶᠢᠲᠤᠭᠠᠢ᠂ ᠠᠰᠠᠭᠤᠵᠤ ᠰᠤᠷᠠᠬᠤ | ᠬᠥᠮᠥᠨ ᠭᠦᠷᠳᠡᠯ᠎ᠡ ᠠᠯᠠᠭ᠎ᠠ᠂ ᠴᠣᠬᠤᠮ ᠴᠤ ᠨᠠᠳᠠ ᠶᠢ ᠰᠠᠨᠳᠤᠷᠭᠠᠵᠤ ᠭᠦᠢᠴᠡᠯ᠎ᠡ᠃ ᠳᠡᠭᠡᠭᠡᠳ ᠪᠢ ᠵᠠᠬ᠎ᠠ ᠶᠢᠨ | ᠠᠷᠠᠯᠵᠢᠶ᠎ᠠ ᠶᠢ ᠲᠣᠬᠢᠶᠠᠯᠳᠤᠭᠤᠯᠤᠨ ᠦᠬᠡᠷ ᠢᠶᠠᠨ ᠠᠮᠢᠳᠤ ᠪᠠᠷ ᠨᠢ ᠠᠪᠴᠢᠷᠠᠭᠠᠳ ᠪᠡᠯᠡᠨ ᠳᠣᠣᠷ᠎ᠠ ᠨᠢ ᠵᠠᠷᠤᠵᠤ | ᠬᠤᠳᠠᠯᠳᠤᠭᠰᠠᠨ ᠴᠢᠨᠢ ᠬᠠᠷᠢᠨ ᠪᠣᠷᠤᠯᠠᠭᠤᠯᠭ᠎ᠠ ᠮᠠᠰᠢ ᠰᠠᠶᠢᠲᠠᠢ ᠪᠣᠯᠵᠠᠢ᠃ ᠳᠡᠭᠡᠷ᠎ᠡ ᠤᠳᠠᠭᠠᠨ ᠤ ᠵᠠᠬ᠎ᠠ ᠶᠢᠨ | ᠠᠷᠠᠯᠵᠢᠶᠠᠨ ᠳᠤ ᠭᠤᠷᠪᠠᠨ ᠦᠬᠡᠷ ᠠᠪᠴᠢᠷᠠᠭᠰᠠᠨ ᠴᠢᠨᠢ ᠪᠦᠷ ᠬᠤᠳᠠᠯᠳᠤᠭᠠᠳ ᠭᠠᠷᠭᠠᠴᠢᠬᠠᠭᠰᠠᠨ᠂ ᠥᠨᠥᠳᠥᠷ | ᠪᠠᠰᠠ ᠭᠤᠷᠪᠠᠨ ᠦᠬᠡᠷ ᠠᠪᠴᠢᠷᠠᠭᠰᠠᠨ ᠴᠢᠨᠢ ᠤᠯᠤᠰ ᠤᠳ ᠬᠠᠭᠠᠰᠬᠠᠨ ᠡᠳᠦᠷ ᠲᠤ ᠪᠤᠯᠢᠶᠠᠯᠳᠤᠭᠠᠳ ᠠᠪᠴᠢᠬᠠᠯ᠎ᠠ︾ | ᠭᠡᠵᠦ ᠪᠦᠭᠡ ᠲᠡᠷᠭᠡᠨ ᠳᠡᠭᠡᠷᠡᠬᠢ ᠦᠬᠡᠷ ᠤᠨ ᠨᠢᠷᠤᠭᠤ ᠤᠭᠤᠴᠠ ᠶᠢ ᠵᠢᠭᠠᠭᠰᠠᠭᠠᠷ᠄ ︽ᠤᠳᠤ ᠮᠥᠨ ᠡᠳᠦᠶᠢᠬᠡᠨ | ᠯᠡ ᠦᠯᠡᠳᠡᠯ᠎ᠡ᠂ ᠲᠠ ᠠᠪᠴᠢᠬᠠᠬᠤ ᠦᠭᠡᠢ ᠦᠦ︖ ᠮᠢᠬ᠎ᠠ ᠶᠢ ᠨᠢ ᠵᠢᠭᠠᠬᠠᠨ ᠴᠤ ᠱᠤᠯᠤᠭᠰᠠᠨ ᠦᠭᠡᠢ ᠵᠤᠵᠠᠭᠠᠨ | ᠰᠠᠶᠢᠬᠠᠨ ᠨᠢᠷᠤᠭᠤ ᠰᠢᠦ᠂ ᠠᠪᠤᠪᠠᠯ 22 ᠲᠥᠭᠦᠷᠢᠭ ᠢᠶᠠᠷ ᠲᠠᠨ ᠳᠤ ᠥᠭᠴᠢᠬᠡᠶ᠎ᠡ…︾ ᠭᠡᠵᠦ ᠳᠣᠣᠷ᠎ᠠ | ᠲᠠᠭᠤᠨ ᠢᠶᠠᠷ ᠢᠨᠢᠶᠡᠮᠰᠦᠭᠯᠡᠨ ᠶᠠᠷᠢᠯ᠎ᠠ᠃ ᠲᠡᠭᠷᠢ ᠬᠦᠢᠲᠡᠷᠡᠭᠡᠳ ᠮᠠᠯ ᠨᠢᠭᠡᠨᠲᠡ ᠮᠠᠭᠤᠳᠠᠭᠰᠠᠨ ᠪᠣᠯᠬᠤᠷ ᠳᠠᠭᠢᠵᠤ | ᠦᠬᠡᠷ ᠵᠠᠷᠤᠬᠤ ᠦᠭᠡᠢ ᠭᠡᠨ᠎ᠡ᠂ ᠪᠠᠶᠢᠰᠬᠢᠭᠡᠳ ᠴᠠᠭᠠᠨ ᠰᠠᠷ᠎ᠠ ᠶᠢᠨ ᠪᠠᠷᠠᠭ᠎ᠠ ᠪᠠᠨ ᠲᠥᠬᠦᠭᠡᠷᠴᠦ ᠠᠪᠤᠭᠠᠳ | ᠬᠥᠳᠡᠭᠡ ᠳᠡᠭᠡᠨ ᠬᠠᠷᠢᠨ᠎ᠠ ᠭᠡᠵᠦ ᠲᠡᠷᠡ ᠬᠡᠯᠡᠵᠦ ᠪᠠᠶᠢᠯ᠎ᠠ᠃ | ᠮᠦᠷᠡᠨᠭᠤᠣᠯ ᠳᠤ ᠨᠤᠲᠤᠭᠲᠠᠢ ᠵᠠᠩ ᠣᠪᠣᠭᠲᠤ ᠬᠠᠨᠢ ᠨᠥᠬᠦᠷ ᠬᠤᠶᠠᠭᠤᠯᠠ ᠡᠨᠡ ᠤᠳᠠᠭ᠎ᠠ ᠠᠷᠪᠠᠭᠠᠳ | ᠡᠮ᠎ᠡ ᠬᠤᠨᠢ ᠵᠠᠷᠤᠵᠤ ᠠᠪᠴᠢᠷᠠᠭᠠᠳ ᠬᠤᠳᠠᠯᠳᠤᠵᠤ ᠪᠠᠶᠢᠯ᠎ᠠ᠃ ︽ᠡᠨᠡ ᠡᠪᠦᠯ ᠠᠴᠠ ᠨᠠᠭᠠᠰᠢᠬᠢ ᠵᠠᠬ᠎ᠠ ᠶᠢᠨ | ᠠᠷᠠᠯᠵᠢᠶᠠᠨ ᠳᠡᠭᠡᠷ᠎ᠡ ᠮᠠᠨᠠᠶᠢᠬᠢᠨ ᠬᠡᠰᠡᠭ ᠢᠷᠭᠡ ᠪᠠᠨ ᠠᠪᠴᠢᠷᠠᠭᠠᠳ ᠴᠥᠮ ᠢ ᠨᠢ ᠬᠤᠳᠠᠯᠳᠤᠴᠢᠬᠠᠭᠰᠠᠨ᠂ ᠡᠨᠡ | ᠤᠳᠠᠭ᠎ᠠ ᠬᠡᠳᠦᠨ ᠡᠮ᠎ᠡ ᠬᠤᠨᠢ ᠵᠠᠷᠤᠭᠠᠳ ᠵᠢᠩ ᠪᠦᠷᠢ ᠶᠢ 28 ᠲᠥᠭᠦᠷᠢᠭ ᠢᠶᠠᠷ ᠬᠤᠳᠠᠯᠳᠤᠵᠤ ᠪᠤᠢ᠃ ᠬᠡᠳᠦᠶᠢᠪᠡᠷ | ᠡᠮ᠎ᠡ ᠬᠤᠨᠢ ᠪᠤᠯᠪᠠᠴᠤ ᠨᠤᠲᠤᠭ ᠤᠨ ᠮᠠᠯ ᠪᠥᠭᠡᠳ ᠦᠨ᠎ᠡ ᠨᠢ ᠬᠢᠮᠳᠠ ᠪᠣᠯᠬᠤᠷ ᠬᠥᠮᠥᠰ ᠪᠠᠰᠠ ᠠᠪᠴᠤ ᠪᠠᠶᠢᠨ᠎ᠠ᠂ | ᠭᠡᠬᠦ ᠳᠤ ᠢᠮᠠᠭᠠᠨ ᠮᠢᠬ᠎ᠠ ᠶᠢ ᠠᠰᠠᠭᠤᠬᠤ ᠬᠥᠮᠥᠨ ᠤᠯᠠᠨ ᠪᠠᠶᠢᠯ᠎ᠠ᠃ ᠪᠢᠳᠠ ᠢᠮᠠᠭ᠎ᠠ ᠪᠠᠨ ᠪᠦᠷ ᠪᠣᠷᠴᠠᠯᠠᠭᠠᠳ | ᠬᠠᠳᠠᠭᠠᠴᠢᠬᠠᠬᠰᠠᠨ ᠪᠣᠯᠬᠤᠷ ᠠᠪᠴᠤ ᠢᠷᠡᠭᠡ ᠦᠭᠡᠢ︾ ᠭᠡᠵᠦ ᠶᠠᠷᠢᠵᠠᠭᠠᠨ᠎ᠠ᠃ | ᠮᠠᠯ ᠮᠢᠬᠠᠨ ᠤ ᠵᠠᠬ᠎ᠠ ᠳᠤ ᠬᠤᠨᠢ ᠢᠮᠠᠭ᠎ᠠ᠂ ᠦᠬᠡᠷ ᠲᠡᠮᠡᠭᠡᠨ ᠤ ᠮᠢᠬ᠎ᠠ ᠠᠴᠠ ᠭᠠᠳᠠᠨ᠎ᠠ ᠮᠠᠯ ᠤᠨ | ᠲᠣᠯᠣᠭᠠᠢ ᠰᠢᠭᠢᠷ᠎ᠡ ᠴᠤ ᠰᠠᠶᠢᠨ ᠪᠣᠷᠣᠯᠠᠭᠤᠯᠤᠭᠳᠠᠵᠤ ᠪᠠᠶᠢᠯ᠎ᠠ᠃ ᠵᠢᠷᠠᠲᠠᠢ ᠪᠠᠯᠭᠠᠰᠤᠨ ᠤ ᠮᠠᠯᠴᠢᠨ ᠬᠠᠰᠠ᠋ᠭᠤᠯᠠ ᠶᠢᠨ | ᠬᠢᠨ ᠵᠢᠯ ᠪᠦᠷᠢ ᠵᠠᠬᠢᠶᠠᠯᠠᠭ᠎ᠠ ᠪᠠᠷ ᠬᠤᠲᠠᠨ ᠠᠴᠠ ᠪᠠᠨ ᠲᠠᠪᠢ ᠵᠢᠷᠠᠨ ᠪᠤᠭ ᠮᠠᠯ ᠵᠠᠷᠤᠵᠤ ᠬᠤᠳᠠᠯᠳᠤᠳᠠᠭ ᠪᠣᠯᠬᠤᠷ | ᠮᠠᠯ ᠤᠨ ᠲᠣᠯᠣᠭᠠᠢ ᠰᠢᠭᠢᠷ᠎ᠡ ᠠᠷᠪᠢᠨ ᠦᠯᠡᠳᠡᠵᠦ᠂ ᠪᠠᠷᠤᠭ ᠲᠠᠭᠠᠨ ᠠᠷᠠᠰᠤ ᠰᠢᠷᠢ ᠬᠤᠷᠢᠶᠠᠳᠠᠭ ᠶᠠᠪᠤᠭᠤᠯ | ᠮᠠᠶᠢᠮᠠᠶᠢᠴᠢᠳ ᠲᠤ ᠬᠢᠮᠳᠠ ᠪᠠᠷ ᠥᠭᠴᠦ ᠶᠠᠪᠤᠭᠤᠯᠳᠠᠭ ᠪᠠᠶᠢᠵᠠᠢ᠃ ᠡᠨᠡ ᠵᠢᠯ ᠲᠡᠷᠡ ᠪᠠᠷ ᠲᠠᠪᠢᠨ ᠬᠡᠳᠦᠨ ᠮᠠᠯ ᠤᠨ | ᠲᠣᠯᠣᠭᠠᠢ ᠰᠢᠭᠢᠷ᠎ᠡ ᠪᠠᠨ ᠬᠤᠶᠢᠬᠠᠯᠠᠵᠤ ᠤᠬᠢᠶᠠᠵᠤ ᠴᠡᠪᠡᠷᠯᠡᠭᠡᠳ ᠠᠪᠴᠢᠷᠠᠵᠤ ᠬᠤᠳᠠᠯᠳᠤᠭᠰᠠᠨ ᠴᠢᠨᠢ ᠰᠠᠨᠠᠭᠠᠨ ᠠᠴᠠ | ᠭᠠᠳᠠᠭᠤᠷ ᠮᠠᠶᠢᠮᠠᠢ ᠶᠡᠭᠡ ᠰᠠᠶᠢᠨ ᠪᠣᠯᠵᠠᠢ᠃ ︽ᠢᠮᠠᠭᠠᠨ ᠲᠣᠯᠣᠭᠠᠢ ᠨᠢᠭᠡᠪᠦᠷᠢ 58 ᠲᠥᠭᠦᠷᠢᠭ᠂ ᠰᠢᠭᠢᠷ᠎ᠡ | ᠨᠢᠭᠡᠪᠦᠷᠢ 6 ᠲᠥᠭᠦᠷᠢᠭ ᠰᠢᠦ︕ ᠰᠠᠶ᠋ᠢᠬᠠᠨ ᠢᠷᠭᠠᠢ ᠬᠤᠳᠠ ᠶᠢᠨ ᠬᠡᠳᠦᠨ ᠵᠤᠭᠠᠴᠠᠭᠴᠢ ᠠᠷᠪᠠᠨ ᠢᠵᠢ ᠲᠣᠯᠣᠭᠠᠢ | ᠰᠢᠭᠢᠷ᠎ᠡ ᠠᠪᠤᠭᠠᠳ ᠶᠠᠪᠤᠭᠰᠠᠨ᠂ ᠪᠢᠳᠠ ᠤᠤᠯ ᠳᠠᠭᠠᠨ ᠨᠢᠭᠡ ᠢᠵᠢ ᠶᠢ ᠨᠢ ᠬᠤᠷᠢ ᠭᠤᠴᠢ ᠪᠠᠷ ᠠᠷᠠᠰᠤᠨ ᠤ | ᠮᠠᠶᠢᠮᠠᠶᠢᠴᠢᠨ ᠳᠤ ᠥᠭᠴᠢᠬᠡᠳᠡᠭ᠂ ᠶᠡᠭᠡ ᠠᠯᠳᠠᠵᠤ ᠪᠠᠶᠢᠵᠠᠢ︾ ᠭᠡᠵᠦ ᠢᠨᠢᠶᠡᠮᠰᠦᠭᠯᠡᠨ ᠶᠠᠷᠢᠵᠤ ᠪᠢᠯᠡ᠃ | ᠮᠠᠯ ᠮᠢᠬᠠᠨ ᠤ ᠦᠨ᠎ᠡ ᠬᠠᠩᠰᠢ ᠪᠠᠭᠤᠷᠠᠵᠤ᠂ ᠮᠠᠯ ᠤᠨ ᠠᠷᠠᠯᠵᠢᠶᠠᠴᠢᠨ ᠵᠠᠪᠰᠠᠷ ᠤᠨ ᠮᠠᠶᠢᠮᠠᠶᠢᠴᠢᠳ | ᠳᠣᠣᠷ᠎ᠠ ᠦᠨ᠎ᠡ ᠪᠠᠷ ᠬᠥᠳᠡᠭᠡᠨ ᠤ ᠮᠠᠯ ᠢ ᠬᠤᠷᠢᠶᠠᠵᠤ᠂ ᠮᠠᠯᠴᠢᠳ ᠤᠨ ᠠᠰᠢᠭ ᠤᠷᠤᠯᠭ᠎ᠠ ᠶᠢ ᠨᠥᠯᠥᠭᠡᠯᠡᠨ | ᠬᠤᠬᠢᠷᠠᠭᠤᠯᠵᠤ ᠪᠠᠶᠢᠬᠤ ᠳᠤ᠂ ᠵᠠᠷᠢᠮ ᠮᠠᠯᠴᠢᠳ ᠮᠠᠨᠢ ᠵᠠᠬ᠎ᠠ ᠶᠢᠨ ᠠᠷᠠᠯᠵᠢᠶ᠎ᠠ ᠶᠢ ᠠᠰᠢᠭᠯᠠᠨ ᠮᠠᠯ ᠮᠢᠬᠠᠨ ᠤ | ᠪᠦᠲᠦᠭᠡᠭᠳᠡᠬᠦᠨ ᠢᠶᠠᠨ ᠥᠪᠡᠷ ᠢᠶᠠᠨ ᠡᠵᠡᠨ ᠮᠡᠳᠡᠵᠤ ᠡᠵᠡᠩᠨᠡᠨ ᠪᠣᠷᠣᠯᠠᠭᠤᠯᠵᠤ᠂ ᠥᠪᠡᠷᠰᠡᠳ ᠤᠨ ᠢᠶᠠᠨ ᠠᠰᠢᠭ | ᠲᠤᠰᠠ ᠪᠠᠨ ᠬᠠᠮᠠᠭᠠᠯᠠᠨ ᠴᠢᠳᠠᠭᠰᠠᠨ ᠨᠢ ᠪᠠᠰᠠ ᠪᠠᠶᠠᠷᠯᠠᠭᠤᠰᠢᠲᠠᠢ ᠶᠠᠪᠤᠳᠠᠯ ᠭᠡᠯᠲᠡᠢ᠃ ᠵᠠᠬ᠎ᠠ ᠳᠡᠯᠭᠡᠭᠦᠷᠴᠢᠯᠡᠭᠰᠡᠨ | ᠴᠠᠭ ᠦᠶ᠎ᠡ ᠳᠤ ᠰᠤᠷᠠᠭ ᠵᠠᠩᠭᠢ ᠶᠢ ᠡᠵᠡᠮᠳᠡᠨ᠂ ᠬᠡᠷᠡᠭᠯᠡᠭᠴᠢᠳ ᠤᠨ ᠬᠡᠷᠡᠭᠴᠡᠭᠡ ᠱᠠᠭᠠᠷᠳᠠᠯᠭ᠎ᠠ ᠶᠢ ᠣᠶᠢᠯᠠᠭᠠᠨ᠂ | ᠠᠵᠠ ᠳᠤᠭᠢᠶᠠᠯ ᠢ ᠰᠣᠷᠭᠤᠭ ᠢᠶᠠᠷ ᠲᠠᠨᠢᠨ ᠣᠯᠵᠤ᠂ ᠠᠵᠢᠯᠴᠢ ᠰᠢᠷᠭᠠᠭᠤ ᠣᠷᠣᠯᠳᠣᠯᠭ᠎ᠠ ᠲᠠᠢ ᠪᠠᠶᠢᠳᠠᠭ ᠯᠡ ᠶᠤᠮ | ᠪᠣᠯ ᠣᠯᠵᠠ ᠣᠮᠤᠭ ᠲᠠᠢ ᠶᠠᠪᠤᠬᠤ ᠨᠢ ᠮᠡᠳᠡᠭᠡᠵᠢ᠃ | |