| ● ᠡᠷᠳᠡᠨᠢᠴᠡᠴᠡᠭ | | ᠵᠢᠯ ᠴᠠᠭᠠᠨ ᠰᠠᠷ᠎ᠠ ᠬᠥᠮᠥᠰ ᠰᠦ ᠴᠠᠭᠠᠨ ᠢᠳᠡᠭᠡ ᠪᠠᠨ ᠭᠠᠨᠵᠤᠭᠠᠯᠠᠨ ᠠᠪᠤ ᠡᠵᠢ᠂ ᠠᠬ᠎ᠠ ᠳᠡᠭᠦᠦ | ᠲᠥᠷᠦᠯ ᠰᠠᠳᠤᠨ᠂ ᠠᠶᠢᠯ ᠰᠠᠭᠠᠬᠠᠯᠲᠠ ᠶᠢᠨ ᠳᠠᠭᠠᠨ ᠰᠢᠨ᠎ᠡ ᠶᠢᠨ ᠪᠡᠯᠡᠭ ᠪᠤᠯᠭᠠᠵᠦ᠂ ᠰᠠᠷ᠎ᠠ ᠰᠢᠨ᠎ᠡ ᠶᠢᠨ ᠪᠠᠶᠠᠷᠲᠤ | ᠮᠥᠴᠡ ᠪᠠᠨ ᠲᠡᠮᠳᠡᠭᠯᠡᠳᠡᠭ ᠪᠢᠯᠡ᠃ ᠪᠠᠶᠠᠨᠬᠤᠲᠠ ᠶᠢᠨ ︽ᠰᠦᠨ ᠬᠡᠰᠢᠭ ᠴᠠᠭᠠᠨ ᠢᠳᠡᠭᠡ ᠶᠢᠨ ᠳᠡᠯᠭᠡᠭᠦᠷ︾ ᠤᠨ | ᠥᠪᠡᠷᠮᠢᠴᠡ ᠣᠨᠴᠠᠯᠢᠭ ᠲᠠᠢ ᠠᠮᠲᠠᠲᠤ ᠴᠠᠭᠠᠨ ᠢᠳᠡᠭᠡᠨ ᠤᠮᠳᠠᠭᠠᠨ ᠨᠢ ᠬᠥᠮᠥᠰ ᠤᠨ ᠲᠠᠭᠠᠰᠢᠶᠠᠯ ᠢ ᠣᠯᠵᠤ | ᠬᠡᠵᠢᠶᠡᠳᠡ ᠭᠡᠶᠢᠴᠢᠨ ᠵᠣᠴᠢᠨ ᠳᠦᠭᠦᠷᠡᠩ ᠴᠤᠭᠯᠠᠷᠠᠳᠠᠭ ᠠᠵᠢ᠃ | ᠡᠨᠡ ᠳᠡᠯᠭᠡᠭᠦᠷ ᠤᠨ ᠡᠵᠡᠨ ᠢ ᠨᠠᠨᠳᠢᠨ ᠭᠡᠳᠡᠭ᠃ ᠠᠯᠠᠱᠠ ᠵᠡᠭᠦᠨ ᠬᠤᠰᠢᠭᠤᠨ ᠤ ᠥᠯᠵᠡᠢ ᠰᠤᠮᠤᠨ ᠤ | ᠥᠨᠳᠦᠷᠮᠤᠳᠤ ᠭᠠᠴᠠᠭᠠᠨ ᠤ ᠢᠯᠠᠯᠲᠠ ᠣᠶᠤᠨᠭᠡᠷᠡᠯ ᠤᠨ ᠭᠠᠭᠴᠠ ᠬᠦᠦ ᠨᠢ ᠪᠣᠯᠵᠤ ᠵᠠᠶᠠᠭᠠᠵᠠᠢ᠃ ᠲᠡᠷᠡ 2016 | ᠣᠨ ᠳᠤ ᠭᠦᠭᠡᠬᠤᠳᠠ ᠶᠢᠨ ᠦᠨᠳᠦᠰᠦᠲᠡᠨ ᠤ ᠳᠡᠭᠡᠳᠦ ᠰᠤᠷᠭᠠᠭᠤᠯᠢ ᠶᠢᠨ ᠵᠢᠷᠤᠭ ᠤᠨ ᠰᠠᠯᠪᠤᠷᠢ ᠠᠴᠠ ᠲᠡᠭᠦᠰᠴᠦ | ᠬᠠᠷᠢᠵᠤ ᠢᠷᠡᠭᠡᠳ ᠠᠯᠠᠱᠠ ᠶᠢᠨ ᠲᠠᠩᠭᠢᠰ ᠺᠤᠮᠫᠠᠨᠢ ᠳᠤ ᠨᠢᠭᠡ ᠵᠢᠯ ᠠᠵᠢᠯᠯᠠᠭᠠᠳ᠂ 2017 ᠣᠨ ᠳᠤ | ᠬᠤᠪᠢ ᠪᠠᠷ ᠢᠶᠠᠨ ᠠᠷᠢᠬᠢᠨ ᠮᠤᠬᠤᠯᠠᠭ ᠨᠡᠭᠡᠭᠡᠵᠦ᠂ 2018 ᠣᠨ ᠳᠤ ᠠᠯᠠᠱᠠ ᠵᠡᠭᠦᠨ ᠬᠤᠰᠢᠭᠤᠨ ᠤ ᠮᠣᠩᠭᠤᠯ | ᠲᠤᠷᠰᠢᠯᠲᠠ ᠶᠢᠨ ᠪᠠᠭ᠎ᠠ ᠰᠤᠷᠭᠠᠭᠤᠯᠢ ᠶᠢᠨ ᠵᠢᠷᠤᠭ ᠤᠨ ᠪᠠᠭᠰᠢ ᠪᠠᠷ ᠳᠠᠳᠤᠯᠭ᠎ᠠ ᠬᠢᠵᠦ᠂ 2022 ᠣᠨ ᠳᠤ ᠠᠯᠠᠱᠠ | ᠵᠡᠭᠦᠨ ᠬᠤᠰᠢᠭᠤᠨ ᠤ ᠬᠢᠲᠠᠳ ᠮᠣᠩᠭᠤᠯ ᠡᠮᠨᠡᠯᠭᠡ ᠶᠢᠨ ᠬᠤᠷᠢᠶᠠᠨ ᠤ ᠵᠠᠰᠠᠭ ᠵᠠᠬᠢᠷᠭᠠᠨ ᠤ ᠠᠯᠪᠠᠨ ᠭᠡᠷ ᠲᠤ ᠬᠤᠶᠠᠷ | ᠵᠢᠯ ᠠᠵᠢᠯᠯᠠᠨ ᠤᠯᠠᠠ ᠵᠦᠢᠯ ᠤᠨ ᠠᠵᠢᠯ ᠤᠨ ᠲᠤᠷᠰᠢᠯᠭ᠎ᠠ ᠰᠤᠷᠭᠠᠮᠵᠢ ᠶᠢ ᠬᠤᠷᠠᠮᠳᠤᠭᠤᠯᠤᠭᠰᠠᠨ ᠪᠠᠶᠢᠨ᠎ᠠ᠃ | ᠨᠠᠨᠳᠢᠨ ᠪᠠᠶᠠᠨᠬᠤᠲᠠ ᠶᠢᠨ ᠨᠢᠭᠡᠳᠦᠭᠡᠷ ᠨᠣᠮᠧᠷᠲᠤ ᠭᠦᠩ ᠭᠤᠸᠠᠨ ᠰᠠᠭᠤᠭᠠᠯᠢ ᠠᠷᠠᠳ ᠤᠨ | ᠲᠣᠭᠤᠷᠢᠭ ᠤᠨ ᠬᠠᠵᠠᠭᠤ ᠳᠤ ᠨᠠᠶᠠᠭᠠᠳ ᠲᠡᠭᠰᠢ ᠳᠥᠷᠪᠡᠯᠵᠢᠨ ᠮᠧᠲᠷ ᠳᠠᠯᠠᠪᠠᠢ ᠪᠦᠬᠦᠢ ᠭᠡᠷ ᠲᠠᠢ ᠪᠣᠯᠬᠤᠷ | ᠡᠭᠦᠨ ᠢᠶᠠᠨ ᠠᠰᠢᠭᠯᠠᠨ ᠴᠠᠭᠠᠨ ᠢᠳᠡᠭᠡᠨ ᠤ ᠠᠷᠠᠯᠵᠢᠶ᠎ᠠ ᠮᠠᠶᠢᠮᠠᠢ ᠬᠢᠬᠦ ᠪᠤᠳᠤᠯ ᠣᠷᠣᠵᠤ᠂ ᠲᠤᠰᠬᠠᠶᠢᠯᠠᠨ ᠰᠢᠯᠢ ᠶᠢᠨ | ᠭᠤᠣᠯ ᠳᠤ ᠣᠴᠢᠵᠤ ᠬᠥᠳᠡᠭᠡ ᠶᠢᠨ ᠮᠠᠯᠴᠢᠨ ᠠᠶᠢᠯ ᠢᠶᠠᠷ ᠬᠦᠷᠴᠦ ᠰᠦ ᠰᠠᠭᠠᠯᠢ ᠴᠠᠭᠠᠨ ᠢᠳᠡᠭᠡᠨ ᠤ ᠵᠠᠬ᠎ᠠ | ᠳᠡᠯᠭᠡᠭᠦᠷ ᠤᠨ ᠪᠠᠶᠢᠴᠠᠭᠠᠯᠲᠠ ᠬᠢᠵᠦ ᠪᠠᠶᠢᠳᠠᠯ ᠢ ᠣᠶᠢᠯᠠᠭᠠᠵᠠᠢ᠃ 2024 ᠣᠨ ᠤ ᠨᠠᠮᠤᠷ ᠵᠢᠷᠭᠤᠭᠠᠨ ᠲᠦᠮᠡᠨ | ᠲᠥᠭᠦᠷᠢᠭ ᠤᠨ ᠪᠡᠯᠡ ᠣᠷᠣᠭᠤᠯᠤᠨ ︽ᠰᠦᠨ ᠬᠡᠰᠢᠭ ᠴᠠᠭᠠᠨ ᠢᠳᠡᠭᠡ ᠶᠢᠨ ᠳᠡᠯᠭᠡᠭᠦᠷ︾ ᠢᠶᠠᠨ ᠨᠡᠭᠡᠭᠡᠭᠰᠡᠨ | ᠪᠠᠶᠢᠨ᠎ᠠ᠃ ᠲᠡᠭᠦᠨ ᠤ ᠳᠡᠯᠭᠡᠭᠦᠷ ᠲᠤ ᠣᠷᠣᠬᠤ ᠳᠤ ᠬᠤᠷᠭᠤ ᠬᠥᠯᠳᠡᠭᠡᠭᠦᠷ ᠨᠢ ᠴᠡᠪᠡᠷ ᠴᠡᠮᠴᠡᠭᠡᠷ᠂ ᠱᠠᠯᠠ ᠬᠥᠰᠡᠷ | ᠨᠢ ᠭᠢᠯ᠎ᠡ ᠴᠢᠯᠠ᠂ ᠬᠡᠷᠡᠭᠯᠡᠭᠴᠢᠳ ᠭᠡᠷ ᠳᠦᠭᠦᠷᠡᠩ ᠰᠢᠬᠠᠯᠳᠤᠵᠤ ᠴᠠᠭᠠᠨ ᠢᠳᠡᠭᠡᠨ ᠤ ᠵᠦᠢᠯ ᠢ ᠬᠤᠳᠠᠯᠳᠤᠨ | ᠠᠪᠴᠤ ᠪᠠᠶᠢᠯ᠎ᠠ᠃ ᠬᠥᠯᠳᠡᠭᠡᠭᠦᠷ ᠳᠣᠲᠣᠷ᠎ᠠ ᠨᠢ ᠥᠷᠥᠮ᠎ᠡ᠂ ᠱᠥᠭᠦᠷᠮᠡᠭ᠂ ᠬᠤᠷᠤᠳ᠂ ᠵᠥᠭᠡᠬᠡᠢ᠂ ᠰᠢᠷ᠎ᠠ | ᠲᠣᠰᠣ ᠶᠢ ᠡᠩᠨᠡᠭᠦᠯᠦᠨ ᠲᠠᠯᠪᠢᠵᠤ᠂ ᠪᠠᠷᠠᠭᠠᠨ ᠤ ᠲᠠᠯᠪᠢᠭᠤᠷ ᠳᠡᠭᠡᠷ᠎ᠡ ᠨᠢ ᠦᠬᠡᠷ ᠤᠨ ᠪᠤᠷᠴᠠ᠂ ᠲᠡᠮᠡᠭᠡᠨ ᠤ ᠪᠤᠷᠴᠠ᠂ | ᠴᠢᠴᠠᠷᠭᠠᠨ᠎ᠠ ᠶᠢᠨ ᠤᠮᠳᠠᠭᠠᠨ᠂ ᠠᠮᠤ᠂ ᠰᠢᠬᠢᠷ᠂ ᠢᠩᠭᠡᠨ ᠰᠦᠨ ᠲᠠᠯᠬ᠎ᠠ ᠵᠡᠷᠭᠡ ᠤᠯᠠᠨ ᠵᠦᠢᠯ ᠤᠨ ᠢᠳᠡᠭᠡᠨ | ᠤᠮᠳᠠᠭᠠᠨ ᠢ ᠲᠡᠷᠢ ᠲᠡᠭᠰᠢ ᠥᠷᠦᠵᠤ ᠲᠠᠯᠪᠢᠭᠰᠠᠨ ᠪᠠᠶᠢᠪᠠ᠃ | ᠨᠠᠨᠳᠢᠨ ᠴᠠᠭᠠᠨ ᠢᠳᠡᠭᠡ ᠪᠠᠨ ᠭᠤᠣᠯᠳᠠᠭᠤ ᠰᠢᠯᠢ ᠶᠢᠨ ᠭᠤᠣᠯ᠂ ᠣᠷᠳᠣᠰ᠂ ᠤᠯᠠᠭᠠᠨᠬᠠᠳᠠ ᠵᠡᠷᠭᠡ | ᠭᠠᠵᠠᠷ ᠣᠷᠣᠨ ᠤ ᠬᠥᠳᠡᠭᠡ ᠶᠢᠨ ᠠᠶᠢᠯ ᠠᠴᠠ ᠣᠷᠣᠭᠤᠯᠳᠠᠭ᠃ ᠢᠩᠭᠡᠨ ᠤ ᠠᠶᠢᠷᠠᠭ ᠰᠦ ᠪᠠᠨ ᠥᠯᠵᠡᠢ ᠰᠤᠮᠤᠨ ᠤ | ᠬᠥᠳᠡᠭᠡ ᠶᠢᠨ ᠠᠶᠢᠯ ᠠᠴᠠ ᠣᠷᠣᠭᠤᠯᠵᠤ᠂ ᠪᠤᠷᠴᠠ ᠪᠣᠯᠣᠨ ᠪᠤᠰᠤᠳ ᠵᠦᠢᠯ ᠤᠨ ᠴᠠᠭᠠᠨ ᠢᠳᠡᠭᠡᠨ ᠢᠶᠠᠨ | ᠪᠠᠶᠠᠨᠬᠤᠲᠠ ᠠᠴᠠ ᠣᠷᠣᠭᠤᠯᠳᠠᠭ ᠶᠤᠮ ᠪᠠᠶᠢᠨ᠎ᠠ᠃ ᠨᠠᠨᠳᠢᠨ᠄ ︽ᠪᠢᠳᠡ ᠬᠠᠷᠠᠬᠠᠨ ᠪᠠᠭ᠎ᠠ ᠠᠴᠠ ᠪᠠᠨ ᠠᠶᠢᠷᠠᠭ ᠰᠦ᠂ | ᠥᠷᠥᠮ᠎ᠡ ᠱᠥᠭᠦᠷᠮᠡᠭ ᠵᠡᠷᠭᠡ ᠴᠠᠭᠠᠨ ᠢᠳᠡᠭᠡᠨ ᠢ ᠢᠳᠡᠵᠦ ᠥᠰᠦᠭᠰᠡᠨ ᠪᠣᠯᠬᠤᠷ ᠬᠡᠴᠢᠨᠡᠨ ᠢᠳᠡᠭᠰᠡᠨ ᠴᠤ | ᠬᠠᠯᠠᠰᠢᠷᠠᠬᠤ ᠦᠭᠡᠢ᠂ ᠴᠠᠭᠠᠨ ᠢᠳᠡᠭᠡ ᠰᠢᠮ᠎ᠡ ᠲᠡᠵᠢᠭᠡᠯ ᠥᠨᠳᠥᠷ᠂ ᠠᠶᠢᠯ ᠳᠤ ᠪᠡᠯᠡᠭ ᠬᠦᠷᠭᠡᠬᠦ ᠳᠤ ᠬᠦᠨᠳᠦ ᠲᠠᠢ᠃ | ᠡᠶᠢᠮᠦ ᠠᠴᠠ ᠪᠢ ᠬᠥᠮᠥᠰ ᠲᠤ ᠬᠠᠮᠤᠭ ᠤᠨ ᠴᠢᠨᠠᠷᠯᠢᠭ ᠰᠠᠶᠢᠨ ᠴᠠᠭᠠᠨ ᠢᠳᠡᠭᠡ ᠬᠠᠩᠭᠠᠬᠤ ᠶᠢᠨ ᠲᠥᠯᠥᠭᠡ ᠰᠠᠶᠢᠨ | ᠲᠠᠨᠢᠯ ᠠᠶᠢᠯ ᠠᠴᠠ ᠴᠠᠭᠠᠨ ᠢᠳᠡᠭᠡ ᠪᠠᠨ ᠣᠷᠣᠭᠤᠯᠳᠠᠭ᠃ ᠵᠠᠪ ᠴᠢᠯᠦᠭᠡ ᠲᠠᠢ ᠪᠣᠯ ᠬᠠᠴᠢᠨ ᠴᠢᠯᠠᠭᠤᠨ ᠤ ᠰᠢᠭᠤᠳ | ᠨᠡᠪᠲᠡᠷᠡᠭᠦᠯᠭᠡ ᠬᠢᠵᠦ ᠤᠷᠤᠯᠭ᠎ᠠ ᠪᠠᠨ ᠨᠡᠮᠡᠭᠳᠡᠭᠦᠯᠳᠡᠭ︾ ᠭᠡᠵᠦ ᠪᠠᠶᠢᠯ᠎ᠠ᠃ | ᠳᠡᠳᠡᠨ ᠤ ᠳᠡᠯᠭᠡᠭᠦᠷ ᠲᠤ ᠪᠠᠶᠢᠩᠭᠤ ᠢᠷᠡᠳᠡᠭ ᠵᠣᠴᠢᠨ ᠰᠣᠯᠣᠩᠭᠤᠸ᠎ᠠ᠄ ︽ᠮᠠᠨ ᠤ ᠭᠡᠷ ᠡᠨᠡ ᠵᠠᠭᠤᠷ᠎ᠠ | ᠪᠠᠶᠢᠳᠠᠭ ᠪᠣᠯᠬᠤᠷ ᠪᠢᠳᠡ ᠬᠡᠵᠢᠶᠡᠳᠡ ᠡ᠊ᠨᠳᠡ ᠠᠴᠠ ᠴᠠᠭᠠᠨ ᠢᠳᠡᠭᠡ᠂ ᠴᠢᠴᠠᠷᠭᠠᠨ᠎ᠠ ᠶᠢᠨ ᠤᠮᠳᠠᠭᠠᠨ ᠠᠪᠴᠤ | ᠬᠡᠷᠡᠭᠯᠡᠳᠡᠭ᠃ ᠡ᠊ᠨᠳᠡ ᠰᠦᠨ ᠬᠡᠰᠢᠭ ᠴᠠᠭᠠᠨ ᠢᠳᠡᠭᠡ ᠭᠡᠰᠡᠨ ᠮᠣᠩᠭᠤᠯ ᠥᠰᠦᠭ ᠲᠠᠢ ᠪᠡᠯᠡᠭ ᠤᠨ ᠲᠤᠰᠬᠠᠢ | ᠬᠠᠶᠢᠷᠴᠠᠭ ᠪᠠᠶᠢᠬᠤ ᠪᠠᠷ ᠪᠠᠷᠠᠬᠤ ᠦᠭᠡᠢ ᠬᠡᠷᠡᠭᠯᠡᠭᠴᠢᠳ ᠥᠪᠡᠷ ᠤᠨ ᠳᠤᠷᠠᠲᠠᠢ ᠤᠯᠠᠠ ᠵᠦᠢᠯ ᠤᠨ ᠤᠭᠤᠲᠠ ᠲᠠᠢ | ᠢᠳᠡᠭᠡᠨ ᠢ ᠰᠣᠩᠭᠤᠭᠠᠳ ᠬᠠᠶᠢᠷᠴᠠᠭᠯᠠᠵᠤ ᠪᠤᠯᠳᠠᠭ᠃ ᠡᠶᠢᠮᠦᠷᠬᠦᠦ ᠪᠡᠯᠡᠭ ᠨᠢ ᠥᠪᠡᠷ ᠤᠨ ᠭᠡᠰᠡᠨ ᠣᠨᠴᠠᠯᠢᠭ ᠲᠠᠢ | ᠪᠥᠭᠡᠳ ᠠᠶᠢᠯ ᠳᠤ ᠠᠪᠴᠤ ᠶᠠᠪᠤᠬᠤ ᠳᠤ ᠰᠠᠶᠢᠬᠠᠨ ᠬᠠᠷᠠᠭᠳᠠᠳᠠᠭ ᠪᠣᠯᠬᠤᠷ ᠬᠥᠮᠥᠰ ᠠᠷᠪᠢᠨ ᠰᠣᠩᠭᠤᠨ ᠠᠪᠴᠤ | ᠪᠠᠶᠢᠨ᠎ᠠ︾ ᠭᠡᠵᠦ ᠶᠠᠷᠢᠨ᠎ᠠ᠃ | ︽ᠰᠦᠨ ᠬᠡᠰᠢᠭ ᠴᠠᠭᠠᠨ ᠢᠳᠡᠭᠡ ᠶᠢᠨ ᠳᠡᠯᠭᠡᠭᠦᠷ︾ ᠤᠨ ᠢᠳᠡᠭᠡᠨ ᠤᠮᠳᠠᠭᠠᠨ ᠤ ᠦᠨ᠎ᠡ ᠬᠠᠩᠰᠢ | ᠨᠢ ᠲᠣᠬᠢᠷᠠᠮᠵᠢᠲᠠᠢ᠂ ᠬᠡᠷᠡᠭᠯᠡᠭᠴᠢᠳ ᠤᠨ ᠲᠠᠭᠠᠰᠢᠶᠠᠯ ᠳᠤ ᠬᠦᠷᠴᠦ ᠪᠣᠷᠤᠯᠠᠭᠤᠯᠭ᠎ᠠ ᠰᠠᠶᠢᠲᠠᠢ ᠪᠠᠶᠢᠳᠠᠭ᠃ ᠨᠠᠨᠳᠢᠨ | ᠵᠢᠯ ᠳᠡᠭᠡᠨ ᠵᠢᠷᠭᠤᠭᠠᠨ ᠲᠦᠮᠡᠨ ᠲᠥᠭᠦᠷᠢᠭ ᠤᠨ ᠤᠷᠤᠯᠭ᠎ᠠ ᠣᠯᠵᠤ᠂ ᠢᠲᠡᠭᠡᠯ ᠬᠦᠰᠡᠯ ᠢᠶᠠᠨ ᠵᠣᠷᠢᠨ ᠠᠵᠢᠯᠴᠢ | ᠭᠦᠳᠡᠯᠮᠤᠷᠢᠴᠢ ᠬᠤᠶᠠᠷ ᠭᠠᠷ ᠢᠶᠠᠷ ᠢᠶᠠᠨ ᠦᠢᠯᠡᠰ ᠤᠨ ᠰᠠᠶᠢᠬᠠᠨ ᠳᠤ ᠭᠢᠯᠠᠷᠠᠭᠤᠯᠵᠤ ᠶᠠᠪᠤᠨ᠎ᠠ᠃ | |