| | ᠭᠠᠵᠠᠷ ᠬᠥᠳᠡᠯᠦᠯᠲᠡ ᠬᠡᠵᠢᠶ᠎ᠡ ᠡᠭᠦᠰᠬᠦ ᠶᠢ ᠬᠡᠨ ᠴᠦ ᠮᠡᠳᠡᠬᠦ ᠦᠭᠡᠢ᠂ ᠡᠩ ᠤᠨ ᠦᠶ᠎ᠡ ᠳᠤ ᠰᠢᠨᠵᠢᠯᠡᠬᠦ | ᠤᠬᠠᠭᠠᠨᠴᠢ ᠪᠠᠷ ᠠᠶᠤᠯ ᠠᠴᠠ ᠵᠠᠶᠢᠯᠠᠬᠤ ᠠᠷᠭ᠎ᠠ ᠪᠠ ᠠᠮᠢ ᠵᠢᠭᠤᠲᠠᠬᠤ ᠤᠷ᠎ᠠ ᠳᠡᠮ ᠢ ᠡᠵᠡᠮᠰᠢᠬᠦ ᠨᠢ ᠭᠠᠮᠰᠢᠭ ᠠᠴᠠ | ᠪᠣᠯᠤᠭᠰᠠᠨ ᠭᠡᠨᠡᠳᠲᠡ ᠶᠢᠨ ᠭᠡᠮᠲᠦᠯ ᠢ ᠪᠠᠭᠠᠰᠬᠠᠬᠤ ᠳᠤ ᠠᠰᠢᠭᠲᠠᠢ ᠶᠤᠮ᠃ | ᠲᠣᠭᠲᠠᠭᠤᠨ ᠣᠷᠣᠰᠢᠬᠤ ᠣᠷᠣᠨ ᠵᠠᠢ | ᠬᠦᠨᠳᠦ ᠬᠡᠴᠡᠭᠦᠦ ᠣᠷᠴᠢᠨ ᠲᠣᠭᠤᠷᠢᠨ ᠳᠤ ᠠᠮᠢᠰᠬᠤᠯ ᠤᠨ ᠰᠠᠭᠠᠳ ᠦᠭᠡᠢ ᠨᠡᠪᠲᠡᠷᠡᠬᠦ ᠶᠢ ᠪᠠᠲᠤᠯᠠᠵᠤ᠂ | ᠴᠢᠳᠠᠬᠤ ᠶᠢᠨ ᠳᠣᠲᠣᠷ᠎ᠠ ᠲᠣᠯᠣᠭᠠᠢ ᠶᠢᠨ ᠬᠡᠰᠡᠭ᠂ ᠴᠡᠭᠡᠵᠢᠨ ᠤ ᠬᠡᠰᠡᠭ ᠤᠨ ᠶᠠᠭᠤᠮ᠎ᠠ ᠬᠡᠦᠮ᠎ᠡ ᠶᠢ ᠰᠢᠯᠵᠢᠭᠦᠯᠵᠦ᠂ | ᠳᠣᠭᠤᠰᠭ᠋ᠠ᠂ ᠮᠣᠳᠣ ᠰᠢᠳᠠᠮ ᠵᠡᠷᠭᠡ ᠪᠠᠷ ᠨᠤᠷᠠᠩᠬᠠᠢ ᠬᠡᠷᠡᠮ ᠢ ᠲᠤᠯᠭᠠᠭᠤᠷᠢᠯᠠᠵᠤ᠂ ᠦᠯᠡᠳᠡᠭᠳᠡᠯ ᠬᠥᠳᠡᠯᠦᠯᠲᠡ ᠡᠭᠦᠰᠴᠦ | ᠣᠷᠣᠰᠢᠨ ᠠᠮᠢᠳᠤᠷᠠᠬᠤ ᠣᠷᠣᠨ ᠵᠠᠢ ᠶᠢ ᠰᠢᠬᠠᠨ ᠳᠠᠷᠤᠬᠤ ᠠᠴᠠ ᠰᠡᠷᠭᠡᠶᠢᠯᠡᠬᠦ ᠬᠡᠷᠡᠭᠲᠡᠢ᠃ | ᠣᠷᠣᠰᠢᠵᠤ ᠪᠠᠶᠢᠭ᠎ᠠ ᠣᠷᠴᠢᠨ ᠲᠣᠭᠤᠷᠢᠨ ᠢᠶᠠᠨ ᠠᠯᠢ ᠴᠢᠳᠠᠬᠤ ᠪᠠᠷ ᠰᠠᠶᠢᠵᠢᠷᠠᠭᠤᠯᠤᠨ᠎ᠠ | ᠭᠠᠵᠠᠷ ᠬᠥᠳᠡᠯᠦᠭᠰᠡᠨ ᠤ ᠳᠠᠷᠠᠭ᠎ᠠ᠂ ᠣᠯᠠᠩᠬᠢ ᠳᠠᠭᠠᠨ ᠪᠠᠰᠠ ᠣᠯᠠᠨ ᠤᠳᠠᠭ᠎ᠠ ᠦᠯᠡᠳᠡᠭᠳᠡᠯ ᠬᠥᠳᠡᠯᠦᠯᠲᠡ | ᠡᠭᠦᠰᠴᠦ᠂ ᠣᠷᠴᠢᠨ ᠲᠣᠭᠤᠷᠢᠨ ᠨᠢ ᠦᠷᠭᠦᠯᠵᠢᠯᠡᠨ ᠮᠠᠭᠤᠳᠠᠵᠤ ᠮᠡᠳᠡᠨ᠎ᠡ᠂ ᠡᠶᠢᠮᠦ ᠠᠴᠠ ᠲᠠᠭᠢᠨ ᠰᠢᠷᠬᠠᠲᠤᠬᠤ ᠠᠴᠠ | ᠵᠠᠶᠢᠯᠠᠰᠬᠢᠬᠤ ᠶᠢᠨ ᠲᠥᠯᠥᠭᠡ᠂ ᠭᠠᠵᠠᠷ ᠬᠥᠳᠡᠯᠦᠯᠲᠡ ᠶᠢᠨ ᠲᠥᠪ ᠣᠷᠣᠨ ᠠᠴᠠ ᠠᠯᠢ ᠲᠦᠷᠭᠡᠨ ᠢᠶᠠᠷ ᠰᠠᠯᠬᠤ ᠬᠡᠷᠡᠭᠲᠡᠢ᠃ | ᠰᠢᠷᠬ᠎ᠠ ᠶᠢ ᠲᠣᠬᠢᠲᠠᠢ ᠰᠢᠢᠳᠪᠦᠷᠢᠯᠡᠨ᠎ᠡ | ᠰᠢᠷᠬᠠᠲᠤᠭᠰᠠᠨ ᠤ ᠳᠠᠷᠠᠭ᠎ᠠ᠂ ᠬᠡᠷᠪᠡ ᠶᠡᠭᠡ ᠬᠡᠪᠴᠢᠶᠡᠨ ᠤ ᠰᠢᠷᠬ᠎ᠠ ᠲᠠᠢ ᠪᠣᠯ ᠴᠢᠳᠠᠬᠤ ᠶᠢᠨ ᠬᠢᠷᠢ ᠪᠠᠷ ᠪᠢᠲᠡᠭᠡᠢ | ᠰᠢᠯᠵᠢᠭᠦᠯᠦᠭᠡᠷᠡᠢ᠃ ᠠᠪᠤᠷᠠᠨ ᠲᠤᠰᠠᠯᠠᠬᠤ ᠬᠥᠮᠥᠰ ᠲᠠᠢ ᠳᠠᠷᠤᠶᠢᠬᠠᠨ ᠬᠠᠷᠢᠯᠴᠠᠪᠠᠯ ᠵᠣᠬᠢᠨ᠎ᠠ᠂ ᠬᠡᠷᠪᠡ ᠨᠥᠬᠦᠴᠡᠯ | ᠪᠣᠯᠣᠯᠴᠠᠭ᠎ᠠ ᠲᠠᠢ ᠪᠣᠯ ᠰᠢᠬᠢᠷ ᠲᠠᠢ᠂ ᠡᠰᠡᠪᠡᠯ ᠳᠠᠪᠤᠰᠤ ᠲᠠᠢ ᠤᠰᠤ ᠤᠤᠭᠤᠪᠠᠯ ᠮᠠᠨᠠᠷᠠᠬᠤ ᠠᠴᠠ ᠰᠡᠷᠭᠡᠶᠢᠯᠡᠵᠦ ᠪᠣᠯᠣᠨ᠎ᠠ᠃ | ᠠᠷᠭ᠎ᠠ ᠰᠦᠪᠡᠭᠴᠢᠯᠡᠨ ᠠᠶᠤᠯ ᠲᠠᠢ ᠣᠷᠴᠢᠨ ᠠᠴᠠ ᠳᠤᠲᠠᠭᠠᠨ ᠵᠠᠶᠢᠯᠠᠨ᠎ᠠ | ᠬᠡᠷᠪᠡ ᠨᠤᠷᠠᠭᠰᠠᠨ ᠶᠠᠭᠤᠮ᠎ᠠ ᠳᠤ ᠳᠠᠷᠤᠭᠳᠠᠪᠠᠯ᠂ ᠴᠢᠳᠠᠬᠤ ᠶᠢᠨ ᠬᠢᠷᠢ ᠪᠠᠷ ᠪᠡᠶ᠎ᠡ ᠶᠢᠨ ᠬᠦᠴᠦ ᠪᠠᠨ | ᠬᠠᠳᠠᠭᠠᠯᠠᠵᠤ᠂ ᠳᠠᠭᠤ ᠴᠢᠮᠡᠭᠡ ᠭᠠᠷᠭᠠᠵᠤ ᠴᠢᠳᠠᠬᠤ ᠪᠣᠳᠠᠰ ᠢ ᠲᠣᠭᠰᠢᠵᠤ ᠭᠠᠳᠠᠭᠰᠢ ᠠᠪᠤᠷᠠᠯ ᠭᠤᠶᠣᠬᠤ ᠳᠣᠬᠢᠶ᠎ᠠ | ᠥᠭᠬᠦ ᠶᠢᠨ ᠬᠠᠮᠲᠤ ᠰᠡᠳᠬᠢᠯ ᠰᠠᠨᠠᠭ᠎ᠠ ᠪᠠᠨ ᠲᠣᠭᠲᠠᠭᠤᠨ ᠪᠠᠶᠢᠯᠭᠠᠵᠤ᠂ ᠠᠪᠤᠷᠠᠨ ᠲᠤᠰᠠᠯᠠᠬᠤ ᠬᠥᠮᠥᠰ ᠢ ᠬᠦᠯᠢᠶᠡᠬᠦ | ᠬᠡᠷᠡᠭᠲᠡᠢ᠃ | ᠠᠮᠢ ᠨᠠᠰᠤ ᠪᠠᠨ ᠠᠷᠭᠠᠴᠠᠭᠠᠬᠤ | ᠬᠡᠷᠪᠡ ᠪᠤᠯᠠᠬᠳᠠᠭᠠᠳ ᠨᠡᠯᠢᠶᠡᠳ ᠣᠷᠳᠣ ᠬᠤᠭᠤᠴᠠᠭ᠎ᠠ ᠪᠣᠯᠤᠭᠰᠠᠨ ᠢ ᠠᠪᠤᠷᠠᠨ ᠲᠤᠰᠠᠯᠠᠭᠴᠢᠳ ᠣᠯᠵᠤ | ᠮᠡᠳᠡᠭᠰᠡᠨ ᠦᠭᠡᠢ ᠪᠣᠯ ᠠᠷᠭ᠎ᠠ ᠪᠦᠭᠦᠨ ᠢ ᠰᠦᠪᠡᠭᠴᠢᠯᠡᠵᠦ ᠠᠮᠢ ᠨᠠᠰᠤ ᠪᠠᠨ ᠦᠷᠭᠦᠯᠵᠢᠯᠡᠭᠦᠯᠬᠦ ᠶᠢ ᠪᠤᠳᠣᠭᠠᠷᠡᠢ᠂ | ᠴᠢᠬᠤᠯᠠ ᠲᠠᠢ ᠦᠶ᠎ᠡ ᠳᠤ ᠰᠢᠭᠡᠰᠦ ᠪᠠᠰᠠ ᠴᠠᠩᠭᠠᠭ᠎ᠠ ᠶᠢ ᠳᠠᠷᠤᠬᠤ ᠦᠢᠯᠡᠳᠦᠯ ᠲᠠᠢ ᠪᠠᠶᠢᠳᠠᠭ᠃ | ᠠᠭᠤᠯᠠ ᠶᠡᠭᠦᠷᠡᠬᠦ᠂ ᠠᠰᠬ᠎ᠠ ᠬᠠᠳᠠ ᠤᠨᠠᠵᠤ ᠢᠷᠡᠬᠦ ᠶᠢ ᠠᠩᠬᠠᠷᠤᠨ᠎ᠠ | ᠠᠭᠤᠯᠠ ᠶᠢᠨ ᠪᠡᠯ᠂ ᠡᠭᠴᠡ ᠠᠰᠬ᠎ᠠ ᠬᠠᠳᠠ ᠲᠠᠢ ᠭᠠᠵᠠᠷ ᠲᠤ᠂ ᠠᠭᠤᠯᠠ ᠶᠡᠭᠦᠷᠡᠵᠦ ᠠᠰᠬ᠎ᠠ ᠬᠠᠳᠠ ᠤᠨᠠᠵᠤ | ᠢᠷᠡᠬᠦ ᠠᠶᠤᠯ ᠭᠠᠷᠴᠤ ᠮᠡᠳᠡᠨ᠎ᠡ᠂ ᠡᠶᠢᠮᠦ ᠠᠴᠠ ᠠᠯᠢ ᠲᠦᠷᠭᠡᠨ ᠢᠶᠠᠷ ᠲᠡᠭᠰᠢ ᠠᠭᠤᠳᠠᠮ ᠲᠠᠯᠠᠪᠤᠷ ᠲᠤ ᠰᠢᠯᠵᠢᠵᠦ᠂ | ᠠᠶᠤᠯ ᠠᠴᠠ ᠵᠠᠶᠢᠯᠠᠬᠤ ᠬᠡᠷᠡᠭᠲᠡᠢ᠃ | ᠶᠠᠭᠤᠮ᠎ᠠ ᠬᠡᠦᠮ᠎ᠡ ᠴᠥᠭᠡᠨ ᠠᠪᠴᠤ ᠶᠠᠪᠤᠬᠤ ᠬᠡᠷᠡᠭᠲᠡᠢ | ᠠᠮᠢ ᠨᠠᠰᠤ ᠶᠠᠭᠤᠨ ᠠᠴᠠ ᠴᠦ ᠡᠷᠬᠢᠮ᠃ ᠠᠶᠤᠯ ᠠᠴᠠ ᠵᠠᠶᠢᠯᠠᠵᠤ ᠠᠮᠢ ᠭᠠᠷᠬᠤ ᠨᠢ ᠬᠠᠮᠤᠭ ᠠᠴᠠ ᠴᠢᠬᠤᠯᠠ᠂ | ᠡᠳ᠋ ᠪᠣᠳᠠᠰ ᠢᠶᠠᠨ ᠠᠪᠬᠤ ᠭᠡᠵᠦ ᠴᠠᠭ ᠰᠠᠭᠠᠲᠠᠭᠠᠵᠤ ᠪᠤᠯᠬᠤ ᠦᠭᠡᠢ᠃ | ᠲᠠᠶᠢᠪᠤᠩ ᠲᠣᠭᠲᠠᠭᠤᠨ ᠪᠠᠶᠢᠭᠠᠷᠠᠢ | ᠭᠠᠵᠠᠷ ᠬᠥᠳᠡᠯᠦᠯᠲᠡ ᠡᠭᠦᠰᠦᠭᠰᠡᠨ ᠤ ᠳᠠᠷᠠᠭ᠎ᠠ᠂ ᠳᠠᠷᠤᠭᠳᠠᠭᠰᠠᠨ ᠪᠤᠶᠤ ᠰᠢᠷᠬᠠᠲᠤᠭᠰᠠᠨ ᠪᠠᠶᠢᠯ᠎ᠠ ᠴᠦ ᠭᠡᠳ | ᠲᠠᠶᠢᠪᠤᠩ ᠲᠣᠭᠲᠠᠭᠤᠨ᠂ ᠪᠡᠶ᠎ᠡ ᠳᠡᠭᠡᠨ ᠢᠲᠡᠭᠡᠯ ᠲᠠᠢ ᠪᠠᠶᠢᠭᠠᠷᠠᠢ᠃ ᠠᠪᠤᠷᠠᠨ ᠲᠤᠰᠠᠯᠠᠬᠤ ᠬᠥᠮᠥᠰ ᠯᠠᠪᠳᠠᠶ᠎ᠠ ᠠᠯᠢ | ᠲᠦᠷᠭᠡᠨ ᠢᠶᠠᠷ ᠠᠪᠤᠷᠠᠨ ᠲᠤᠰᠠᠯᠠᠬᠤ ᠠᠵᠢᠯ ᠢᠶᠠᠨ ᠡᠬᠢᠯᠡᠭᠦᠯᠬᠦ ᠶᠤᠮ᠃ | |