﹇ᠨᠡᠶᠢᠭᠡᠮ ᠠᠮᠢᠳᠤᠷᠠᠯ﹈ AA ᠳᠦᠷᠢᠮ ᠤᠨ ᠲᠤᠬᠠᠢ ᠪᠤᠳᠤᠬᠳᠠᠬᠰᠠᠨ ᠬᠡᠳᠦᠨ ᠦᠭᠡ
ᠨᠡᠶᠢᠲᠡᠯᠡᠭᠰᠡᠨ ᠴᠠᠭ᠄
2025/4/7

 
           ● ᠠᠭᠤᠯᠠ  
             
           ᠤᠳᠤ ᠦᠶ᠎ᠡ ᠶᠢᠨ ᠬᠥᠮᠥᠰ ᠤᠨ ᠬᠤᠭᠤᠷᠣᠨᠳᠣᠭᠢ ᠬᠠᠷᠢᠯᠴᠠᠭᠠᠨ ᠤ ᠳᠤᠮᠳᠠ᠂ AA ᠳᠦᠷᠢᠮ ᠭᠡᠬᠦ
ᠵᠠᠷᠤᠳᠠᠯ ᠢᠶᠠᠨ ᠬᠤᠪᠢᠶᠠᠨ ᠡᠭᠦᠷᠭᠡᠯᠡᠬᠦ ᠠᠷᠭ᠎ᠠ ᠭᠡᠯᠪᠡᠷᠢ ᠭᠠᠷᠴᠤ ᠢᠷᠡᠭᠡᠳ ᠥᠷᠭᠡᠨ ᠢᠶᠠᠷ ᠬᠡᠷᠡᠭᠯᠡᠭᠳᠡᠵᠦ ᠪᠠᠶᠢᠨ᠎ᠠ᠃
ᠲᠡᠷᠡ ᠨᠢ ᠬᠠᠮᠲᠤ ᠬᠤᠭᠤᠯᠠᠯᠠᠬᠤ᠂ ᠵᠢᠭᠤᠯᠴᠢᠯᠠᠬᠤ᠂ ᠬᠠᠮᠲᠤᠷᠠᠨ ᠲᠦᠷᠢᠶᠡᠰᠦᠯᠡᠬᠦ ᠵᠡᠷᠭᠡ ᠠᠵᠢᠯᠯᠠᠭ᠎ᠠ ᠳᠤ ᠪᠠᠶᠢᠨ
ᠳᠠᠭᠢᠨ ᠢᠯᠡᠷᠡᠵᠦ᠂ ᠬᠥᠮᠥᠰ ᠤᠨ ᠨᠡᠶᠢᠭᠡᠮ ᠤᠨ ᠬᠠᠷᠢᠯᠴᠠᠭᠠᠨ ᠤ ᠬᠡᠪ ᠵᠠᠭᠪᠤᠷ ᠬᠢᠭᠡᠳ ᠬᠥᠮᠥᠰ ᠤᠨ
ᠬᠤᠭᠤᠷᠣᠨᠳᠣᠭᠢ ᠬᠠᠷᠢᠴᠠᠭ᠎ᠠ ᠶᠢ ᠭᠦᠨᠵᠡᠭᠡᠢ ᠨᠥᠯᠥᠭᠡᠯᠡᠵᠦ ᠪᠠᠶᠢᠳᠠᠭ᠃ ᠭᠡᠪᠡᠴᠦ ᠶᠠᠮᠠᠷ ᠶᠠᠭᠤᠮ᠎ᠠ ᠴᠦ ᠬᠤᠶᠠᠷ ᠲᠠᠯ᠎ᠠ
 ᠲᠠᠢ ᠪᠠᠶᠢᠳᠠᠭ ᠤᠨ ᠬᠤᠶᠢᠨ᠎ᠠ᠂ AA ᠳᠦᠷᠢᠮ ᠢ ᠭᠠᠵᠠᠷ ᠪᠣᠯᠭᠠᠨ ᠳᠤ ᠬᠡᠷᠡᠭᠯᠡᠭᠡᠳ ᠪᠠᠶᠢᠬᠤ ᠶᠢᠨ ᠠᠷᠭ᠎ᠠ ᠦᠭᠡᠢ
ᠶᠤᠮ᠃  
           AA ᠳᠦᠷᠢᠮ᠂ ᠳᠠᠷᠤᠢ ︽Algebraic Average︾ ᠭᠡᠳᠡᠭ ᠲᠣᠪᠴᠢᠯᠠᠭᠰᠠᠨ ᠪᠢᠴᠢᠯᠭᠡ
ᠪᠣᠯᠣᠨ᠎ᠠ᠃ ︽ᠠᠯᠭᠧᠪᠷᠠ ᠶᠢᠨ ᠲᠡᠭᠰᠢᠳᠬᠡᠯ︾ ᠭᠡᠰᠡᠨ ᠤᠳᠬ᠎ᠠ ᠲᠠᠢ᠃ ᠠᠵᠤ ᠠᠬᠤᠢ ᠶᠢᠨ ᠲᠠᠯ᠎ᠠ ᠠᠴᠠ
ᠣᠶᠢᠯᠠᠭᠠᠪᠠᠯ ᠳᠠᠷᠤᠢ ᠬᠠᠮᠲᠤ ᠪᠠᠷ ᠪᠤᠢ ᠪᠣᠯᠤᠭᠰᠠᠨ ᠵᠠᠷᠤᠳᠠᠯ ᠢ ᠣᠷᠣᠯᠴᠠᠭᠴᠢ ᠠᠴᠠ ᠲᠡᠭᠰᠢᠳᠬᠡᠨ ᠡᠭᠦᠷᠭᠡᠯᠡᠬᠦ
ᠶᠠᠪᠤᠳᠠᠯ ᠪᠣᠯᠣᠨ᠎ᠠ᠃ ᠲᠡᠭᠦᠨ ᠤ ᠭᠡᠯᠪᠡᠷᠢ ᠨᠢ ᠣᠯᠠᠨ ᠶᠠᠩᠵᠤ ᠶᠢᠨ ᠪᠠᠶᠢᠳᠠᠭ᠃ ᠨᠠᠶᠢᠵᠠ ᠨᠥᠬᠦᠳ ᠬᠠᠮᠲᠤ
ᠬᠤᠭᠤᠯᠠᠯᠠᠬᠤ ᠦᠶ᠎ᠡ ᠳᠤ ᠬᠤᠭᠤᠯᠠᠨ ᠤ ᠵᠠᠷᠤᠳᠠᠯ ᠢ ᠬᠥᠮᠥᠨ ᠤ ᠲᠤᠭ᠎ᠠ ᠪᠠᠷ ᠲᠡᠭᠰᠢᠳᠬᠡᠨ ᠨᠣᠭᠳᠠᠭᠤᠯᠳᠠᠭ᠃
ᠬᠠᠮᠲᠤ ᠰᠣᠷᠣᠬᠴᠢ ᠪᠤᠶᠤ ᠬᠠᠮᠲᠤ ᠠᠵᠢᠯᠯᠠᠭᠰᠠᠳ ᠬᠠᠮᠲᠤᠷᠠᠨ ᠲᠦᠷᠢᠶᠡᠰᠦᠯᠡᠭᠰᠡᠨ ᠣᠷᠣᠨ ᠰᠠᠭᠤᠴᠠ ᠳᠤ ᠭᠡᠷ ᠤᠨ
ᠲᠠᠯᠠᠪᠠᠶ᠂ ᠲᠥᠬᠦᠭᠡᠷᠦᠮᠵᠢ ᠶᠢᠨ ᠬᠡᠷᠡᠭᠯᠡᠯᠲᠡ ᠵᠡᠷᠭᠡ ᠵᠦᠢᠯ ᠢ ᠦᠨᠳᠦᠰᠦᠯᠡᠨ ᠭᠡᠷ ᠤᠨ ᠲᠦᠷᠢᠶᠡᠰᠦ᠂ ᠤᠰᠤ
ᠴᠠᠭᠢᠯᠭᠠᠨ ᠤ ᠰᠦᠢᠳᠬᠡᠯ ᠢᠶᠠᠨ ᠪᠤᠳᠤᠵᠤ ᠭᠠᠷᠭᠠᠭᠠᠳ ᠬᠠᠮᠲᠤ ᠪᠠᠷ ᠲᠥᠯᠥᠵᠦ ᠪᠤᠯᠳᠠᠭ ; ᠵᠢᠭᠤᠯᠴᠢᠯᠠᠯ ᠤᠨ
ᠳᠤᠮᠳᠠ᠂ ᠵᠠᠮ ᠬᠠᠷᠢᠯᠴᠠᠭ᠎ᠠ᠂ ᠬᠤᠨᠤᠭ ᠪᠠᠭᠤᠳᠠᠯ᠂ ᠬᠤᠭᠤᠯᠠ ᠤᠮᠳᠠ ᠵᠡᠷᠭᠡ ᠡᠯ᠎ᠡ ᠵᠦᠢᠯ ᠤᠨ ᠵᠠᠷᠤᠳᠠᠯ ᠤᠨ
ᠣᠯᠠᠩᠬᠢ ᠶᠢ ᠬᠠᠮᠲᠤ ᠶᠠᠪᠤᠭᠰᠠᠳ ᠬᠠᠮᠲᠤ ᠪᠠᠷ ᠭᠠᠷᠭᠠᠳᠠᠭ᠃ ᠢᠨᠲ᠋ᠧᠷ ᠰᠦᠯᠵᠢᠶᠡᠨ ᠤ ᠮᠥᠩᠭᠦᠨ ᠭᠦᠢᠯᠭᠡᠭᠡᠨ ᠤ
ᠬᠥᠭᠵᠢᠯᠲᠡ ᠶᠢ ᠳᠠᠭᠠᠯᠳᠤᠨ᠂ AA ᠳᠦᠷᠢᠮ ᠤᠨ ᠲᠥᠯᠥᠬᠦ ᠠᠷᠭ᠎ᠠ ᠪᠠᠷᠢᠯ ᠤᠯᠠᠮ ᠢᠶᠠᠷ ᠲᠥᠭᠦᠮ ᠪᠣᠯᠵᠠᠢ᠃
ᠰᠦᠯᠵᠢᠶᠡᠨ ᠳᠡᠭᠡᠷᠡᠬᠢ ᠲᠥᠯᠥᠬᠦ ᠲᠠᠪᠴᠠᠩ ᠤᠨ ᠵᠣᠭᠤᠰ ᠬᠤᠷᠢᠶᠠᠬᠤ ᠴᠢᠳᠠᠮᠵᠢ ᠨᠢ ᠲᠠᠩᠰᠠ ᠪᠤᠳᠤᠬᠤ ᠪᠠ ᠮᠥᠩᠭᠦ
ᠲᠥᠯᠥᠬᠦ ᠶᠢ ᠭᠢᠯᠪᠠᠷ ᠪᠥᠭᠡᠳ ᠥᠨᠳᠥᠷ ᠪᠦᠲᠦᠮᠵᠢᠲᠡᠶ ᠪᠤᠯᠭᠠᠵᠤ᠂ AA ᠳᠦᠷᠢᠮ ᠤᠨ ᠲᠦᠭᠡᠮᠡᠯᠵᠢᠬᠦ ᠶᠢ
ᠠᠬᠢᠭᠤᠯᠤᠭᠰᠠᠨ ᠪᠠᠶᠢᠨ᠎ᠠ᠃  
           ᠤᠳᠤ ᠶᠢᠨ ᠨᠡᠶᠢᠭᠡᠮ ᠤᠨ ᠲᠦᠷᠭᠡᠨ ᠠᠶᠢᠵᠠᠮ ᠲᠠᠢ ᠠᠮᠢᠳᠤᠷᠠᠯ ᠨᠢ ᠬᠥᠮᠥᠰ ᠤᠨ ᠨᠡᠶᠢᠭᠡᠮ ᠤᠨ
ᠬᠠᠷᠢᠯᠴᠠᠭᠠᠨ ᠤ ᠠᠵᠢᠯᠯᠠᠭ᠎ᠠ ᠶᠢ ᠣᠯᠠᠰᠢᠷᠠᠭᠤᠯᠤᠭᠰᠠᠨ ᠪᠥᠭᠡᠳ ᠭᠡᠯᠪᠡᠷᠢ ᠶᠢ ᠨᠡᠩ ᠣᠯᠠᠨ ᠶᠠᠩᠵᠤ ᠶᠢᠨ ᠪᠣᠯᠭᠠᠵᠠᠢ᠃
AA ᠳᠦᠷᠢᠮ ᠨᠢ ᠡᠨᠡ ᠬᠦ ᠬᠤᠪᠢᠷᠠᠯᠲᠠ ᠳᠤ ᠵᠣᠬᠢᠴᠠᠵᠤ᠂ ᠠᠳᠠᠯᠢ ᠪᠤᠰᠤ ᠶᠢᠨ ᠵᠠᠷᠤᠳᠠᠯ ᠢ ᠬᠤᠪᠢᠶᠠᠨ ᠡᠭᠦᠷᠭᠡᠯᠡᠬᠦ
ᠬᠠᠮᠲᠤ ᠶᠢᠨ ᠲᠠᠨᠢᠯᠲᠠ ᠲᠠᠢ ᠪᠤᠯᠬᠤ ᠳᠤ ᠳᠥᠭᠦᠮ ᠦᠵᠡᠭᠦᠯᠦᠨ᠂ ᠲᠦᠷ ᠴᠠᠭ ᠤᠨ ᠴᠤᠭᠯᠠᠭᠠᠨ ᠪᠤᠶᠤ ᠤᠷᠲᠤ
ᠬᠤᠭᠤᠴᠠᠭ᠎ᠠ ᠪᠠᠷ ᠬᠠᠮᠲᠤᠷᠠᠨ ᠠᠵᠢᠯᠯᠠᠬᠤ ᠬᠠᠨᠢ ᠨᠠᠶᠢᠵᠠ ᠶᠢᠨ ᠬᠠᠷᠢᠴᠠᠭ᠎ᠠ ᠭᠡᠰᠡᠨ ᠦᠭᠡᠢ ᠴᠥᠮ ᠲᠥᠯᠥᠬᠦ ᠠᠷᠭ᠎ᠠ
ᠮᠠᠶ᠋ᠢᠭ ᠢ ᠦᠳᠲᠡᠷ ᠲᠦᠷᠭᠡᠨ ᠲᠣᠭᠲᠠᠭᠠᠵᠤ᠂ ᠨᠡᠶᠢᠭᠡᠮ ᠤᠨ ᠬᠠᠷᠢᠯᠴᠠᠭᠠᠨ ᠤ ᠠᠵᠢᠯᠯᠠᠭ᠎ᠠ ᠶᠢ ᠤᠷᠤᠭᠰᠢᠲᠠᠢ
ᠶᠠᠪᠤᠭᠳᠠᠭᠤᠯᠵᠤ ᠴᠢᠳᠠᠬᠤ ᠪᠣᠯᠭᠠᠵᠠᠢ᠃  
           ᠲᠦᠷᠦᠭᠦᠬᠡᠨ ᠬᠠᠮᠲᠤ ᠰᠤᠷᠤᠬᠴᠢ ᠲᠠᠢ ᠪᠠᠨ ᠵᠣᠭᠤᠭᠳᠠᠬᠤ ᠦᠶ᠎ᠡ ᠳᠤ᠂ ᠤᠳᠤ ᠶᠢᠨ ᠵᠠᠯᠠᠭᠤᠴᠤᠳ
AA ᠳᠦᠷᠢᠮ ᠢ ᠨᠡᠶᠢᠭᠡᠮ ᠤᠨ ᠬᠠᠷᠢᠯᠴᠠᠭ᠎ᠠ ᠠᠴᠠ ᠭᠡᠷ ᠪᠦᠯᠢ ᠶᠢᠨ ᠠᠮᠢᠳᠤᠷᠠᠯ ᠳᠤ ᠭᠦᠷᠳᠡᠯ᠎ᠠ ᠬᠡᠷᠡᠭᠯᠡᠬᠦ ᠪᠣᠯᠤᠭᠰᠠᠨ
ᠲᠤᠬᠠᠢ ᠤᠯᠠᠨ ᠵᠢᠱᠢᠶ᠎ᠡ ᠶᠢ ᠰᠣᠨᠣᠰᠤᠭᠠᠳ ᠰᠣᠴᠢᠰᠬᠢᠵᠦ ᠠᠪᠤᠯ᠎ᠠ᠃ ᠬᠠᠨᠢ ᠨᠥᠬᠦᠷ ᠬᠤᠶᠠᠷ ᠭᠡᠷ ᠪᠦᠯᠢ ᠶᠢᠨ
ᠵᠠᠷᠤᠳᠠᠯ ᠢᠶᠠᠨ AA ᠳᠦᠷᠢᠮ ᠢᠶᠠᠷ ᠬᠤᠪᠢᠶᠠᠵᠤ ᠭᠠᠷᠭᠠᠬᠤ᠂ ᠬᠤᠶᠠᠷ ᠲᠠᠯ᠎ᠠ ᠶᠢᠨ ᠠᠪᠤ ᠡᠵᠢ ᠪᠠᠨ ᠠᠰᠠᠷᠠᠨ
ᠠᠴᠢᠯᠠᠬᠤ ᠳᠤ AA ᠳᠦᠷᠢᠮ ᠢᠶᠠᠷ ᠡᠭᠡᠯᠵᠢᠯᠡᠬᠦ᠂ ᠬᠤᠶᠠᠷ ᠬᠡᠦᠬᠡᠳ ᠲᠠᠢ ᠠᠶᠢᠯ ᠤᠨ ᠬᠡᠦᠬᠡᠳ ᠨᠢ ᠭᠠᠷᠴᠤ
ᠨᠠᠭᠠᠳᠬᠤ ᠪᠤᠶᠤ ᠶᠠᠭᠤᠮ᠎ᠠ ᠬᠤᠳᠠᠯᠳᠤᠨ ᠠᠪᠬᠤ ᠳᠤ ᠬᠤᠭᠤᠷᠣᠨᠳᠤ ᠪᠠᠨ ᠪᠦᠷ AA ᠳᠦᠷᠢᠮ ᠢ ᠬᠡᠷᠡᠭᠵᠢᠭᠦᠯᠳᠡᠭ
ᠪᠣᠯᠵᠠᠢ ᠭᠡᠨ᠎ᠡ᠃  
           ᠭᠡᠲᠡᠯ᠎ᠡ AA ᠳᠦᠷᠢᠮ ᠨᠢ ᠪᠦᠷᠢᠨ ᠲᠡᠭᠦᠯᠳᠡᠷ ᠪᠢᠰᠢ ᠶᠤᠮ᠃ ᠨᠠᠶᠢᠷ ᠲᠠᠯ᠎ᠠ ᠶᠢᠨ ᠬᠠᠷᠢᠯᠴᠠᠭ᠎ᠠ ᠪᠠ
ᠤᠯᠠᠮᠵᠢᠯᠠᠯᠲᠤ ᠶᠣᠰᠣ ᠵᠢᠷᠤᠮ ᠢ ᠡᠷᠭᠢᠮᠯᠡᠳᠡᠭ ᠵᠠᠷᠢᠮ ᠭᠠᠵᠠᠷ᠂ ᠵᠢᠱᠢᠶᠡᠯᠡᠪᠡᠯ ᠬᠤᠳᠠᠯᠳᠤᠭᠠᠨ ᠤ ᠶᠠᠪᠤᠳᠠᠯ ᠤᠨ
ᠳᠠᠶᠢᠯᠠᠯᠭ᠎ᠠ᠂ ᠭᠡᠷ ᠪᠦᠯᠢ ᠶᠢᠨ ᠴᠤᠭᠯᠠᠭᠠᠨ ᠵᠡᠷᠭᠡ ᠳᠤ AA ᠳᠦᠷᠢᠮ ᠨᠢ ᠵᠣᠬᠢᠴᠠᠯ ᠢᠶᠠᠷ ᠪᠠᠷᠤᠭᠲᠠᠢ᠂ ᠬᠠᠶᠢᠷ᠎ᠠ
ᠰᠡᠳᠬᠢᠯᠭᠡ ᠶᠢᠨ ᠰᠣᠯᠢᠯᠴᠠᠭ᠎ᠠ ᠪᠠ ᠡᠶ᠎ᠡ ᠵᠣᠬᠢᠴᠠᠯᠳᠤ ᠠᠭᠤᠷ ᠠᠮᠢᠰᠬᠤᠯ ᠢ ᠡᠪᠳᠡᠵᠦ᠂ ᠬᠥᠮᠥᠰ ᠤᠨ ᠬᠠᠷᠢᠯᠴᠠᠭᠠᠨ ᠤ
ᠳᠤᠮᠳᠠ ᠡᠷᠭᠢᠮᠯᠡᠳᠡᠭ ᠤᠯᠠᠮᠵᠢᠯᠠᠯᠲᠤ ᠶᠣᠰᠣ ᠤᠴᠢᠷ ᠯᠤᠭ᠎ᠠ ᠵᠥᠷᠢᠴᠡᠯᠳᠦᠵᠦ ᠮᠡᠳᠡᠨ᠎ᠡ᠃ AA ᠳᠦᠷᠢᠮ ᠢ
ᠬᠡᠲᠦᠷᠬᠡᠢ ᠴᠢᠬᠤᠯᠠᠴᠢᠯᠠᠪᠠᠯ ᠬᠥᠮᠥᠨ ᠤ ᠬᠤᠭᠤᠷᠣᠨᠳᠣᠭᠢ ᠬᠠᠷᠢᠴᠠᠭ᠎ᠠ ᠶᠢ ᠰᠠᠯᠭᠠᠬᠤ ᠪᠤᠶᠤ ᠰᠤᠯᠠᠷᠠᠭᠤᠯᠵᠤ ᠮᠡᠳᠡᠨ᠎ᠡ᠂
ᠬᠥᠮᠥᠰ ᠤᠨ ᠬᠠᠷᠢᠴᠠᠭ᠎ᠠ ᠵᠦᠪᠭᠡᠨ ᠵᠣᠭᠤᠰ ᠮᠥᠩᠭᠦᠨ ᠳᠡᠭᠡᠷ᠎ᠡ ᠰᠠᠭᠤᠷᠢᠯᠠᠭᠳᠠᠨ᠂ ᠬᠠᠶᠢᠷ᠎ᠠ ᠬᠠᠯᠠᠮᠵᠢ ᠳᠤᠲᠠᠭᠳᠠᠬᠤ
ᠪᠣᠯᠣᠨ᠎ᠠ᠂ ᠢᠩᠭᠢᠭᠡᠳ ᠪᠠᠶᠢᠪᠠᠯ ᠨᠠᠶᠢᠵᠠ ᠨᠠᠷ ᠤᠨ ᠬᠤᠭᠤᠷᠣᠨᠳᠣᠭᠢ ᠳᠣᠲᠣᠨᠣᠰᠤᠭ ᠤᠨ ᠬᠡᠮᠵᠢᠶ᠎ᠡ ᠪᠠᠭᠤᠷᠠᠨ᠂
ᠪᠦᠯᠬᠦᠮᠳᠡᠯ ᠨᠢᠭᠲᠠᠷᠠᠯ ᠦᠭᠡᠢ ᠪᠣᠯᠵᠤ ᠮᠡᠳᠡᠨ᠎ᠡ᠃  
           ᠭᠡᠷ ᠪᠦᠯᠢ ᠶᠢᠨ ᠠᠮᠢᠳᠤᠷᠠᠯ ᠳᠤ AA ᠳᠦᠷᠢᠮ ᠨᠢ ᠨᠡᠩ ᠵᠣᠬᠢᠴᠠᠬᠤ ᠦᠭᠡᠢ ᠪᠠᠶᠢᠳᠠᠭ᠃
ᠬᠡᠳᠦᠶᠢᠪᠡᠷ ᠤᠳᠤ ᠶᠢᠨ ᠵᠠᠯᠠᠭᠤᠴᠤᠳ ᠤᠨ ᠠᠵᠢᠯ ᠰᠤᠷᠤᠯᠴᠠᠯᠭ᠎ᠠ ᠶᠠᠭᠠᠷᠠᠤ᠂ ᠬᠤᠶᠠᠷ ᠲᠠᠯ᠎ᠠ ᠶᠢᠨ ᠨᠠᠰᠤᠲᠠᠨ ᠢᠶᠠᠨ
ᠬᠦᠨᠳᠦᠯᠡᠨ ᠠᠴᠢᠯᠠᠬᠤ ᠤᠴᠢᠷ ᠠᠷᠪᠢᠨ ᠪᠠᠶᠢᠭ᠎ᠠ ᠴᠦ AA ᠳᠦᠷᠢᠮ ᠢᠶᠠᠷ ᠭᠡᠷ ᠪᠦᠯᠢ ᠶᠢᠨ ᠠᠰᠠᠭᠤᠳᠠᠯ ᠢ
ᠰᠢᠢᠳᠪᠦᠷᠢᠯᠡᠵᠦ ᠪᠤᠯᠬᠤ ᠦᠭᠡᠢ᠃ ᠡᠴᠢᠭᠡ ᠡᠬᠡ ᠪᠣᠯᠣᠭᠰᠠᠳ ᠦᠷ᠎ᠡ ᠬᠡᠦᠬᠡᠳ ᠢᠶᠠᠨ ᠥᠰᠬᠡᠨ ᠪᠣᠶᠢᠵᠢᠭᠤᠯᠬᠤ ᠨᠢ
ᠵᠣᠭᠤᠰ ᠮᠥᠩᠭᠦᠨ ᠤ ᠠᠴᠢ ᠬᠠᠷᠢᠭᠤᠯᠭ᠎ᠠ ᠣᠯᠬᠤ ᠶᠢᠨ ᠲᠥᠯᠥᠭᠡ ᠪᠢᠰᠢ᠂ ᠡᠶᠢᠮᠦ ᠠᠴᠠ ᠦᠷ᠎ᠡ ᠬᠡᠦᠬᠡᠳ ᠨᠢ
ᠠᠬᠠᠮᠠᠳ ᠨᠠᠰᠤᠲᠠᠨ ᠢᠶᠠᠨ ᠦᠷᠭᠦᠯᠵᠢ ᠪᠣᠯᠭᠤᠭᠠᠨ ᠦᠵᠡᠵᠦ᠂ ᠭᠡᠷ ᠪᠦᠯᠢ ᠶᠢᠨ ᠬᠠᠯᠠᠭᠤᠨ ᠳᠤᠯᠠᠭᠠᠨ ᠢ ᠬᠦᠷᠭᠡᠵᠦ
ᠪᠠᠶᠢᠪᠠᠯ ᠵᠣᠬᠢᠨ᠎ᠠ᠃ ᠬᠤᠶᠠᠷ ᠬᠡᠦᠬᠡᠳ ᠵᠣᠬᠢᠬᠤ ᠬᠡᠮᠵᠢᠶᠡᠨ ᠤ AA ᠳᠦᠷᠢᠮ ᠢ ᠬᠡᠷᠡᠭᠯᠡᠬᠦ ᠨᠢ ᠬᠡᠦᠬᠡᠳ ᠤᠨ
ᠪᠡᠶ᠎ᠡ ᠪᠠᠨ ᠳᠠᠭᠠᠭᠠᠬᠤ ᠤᠬᠠᠮᠰᠠᠷ ᠪᠠ ᠡᠳ᠋ ᠬᠥᠷᠥᠩᠭᠡ ᠪᠠᠨ ᠳᠣᠳᠣᠮᠳᠠᠬᠤ ᠦᠵᠡᠯᠲᠡ ᠶᠢ ᠬᠥᠮᠥᠵᠢᠭᠦᠯᠬᠦ ᠳᠤ ᠲᠤᠰᠠ
 ᠲᠠᠢ ᠪᠠᠶᠢᠬᠤ ᠮᠠᠭᠠᠳ᠂ ᠭᠡᠪᠡᠴᠦ ᠬᠡᠲᠦᠷᠡᠪᠡᠯ ᠠᠬ᠎ᠠ ᠳᠡᠭᠦᠦ ᠶᠢᠨ ᠨᠠᠶᠢᠷ ᠰᠡᠳᠬᠢᠯᠭᠡ ᠶᠢ ᠨᠥᠯᠥᠭᠡᠯᠡᠵᠦ᠂ ᠬᠡᠦᠬᠡᠳ ᠢ
ᠣᠯᠵᠤ ᠠᠯᠳᠠᠬᠤ ᠶᠢ ᠬᠡᠲᠦᠷᠬᠡᠢ ᠬᠥᠭᠡᠭᠡᠴᠡᠯᠳᠦᠬᠦ ᠪᠤᠯᠭᠠᠵᠤ ᠮᠡᠳᠡᠨ᠎ᠡ᠃ ᠪᠢᠳᠠ AA ᠳᠦᠷᠢᠮ ᠤᠨ ᠰᠠᠶᠢᠨ ᠲᠠᠢ
ᠲᠠᠯ᠎ᠠ ᠶᠢ ᠨᠢ ᠠᠰᠢᠭᠯᠠᠵᠤ᠂ ᠬᠦᠷᠦᠯᠴᠡᠬᠦ ᠦᠭᠡᠢ ᠲᠠᠯ᠎ᠠ ᠶᠢ ᠨᠢ ᠭᠦᠢᠴᠡᠳ ᠪᠣᠳᠣᠯᠬᠢᠯᠠᠨ᠂ ᠵᠣᠬᠢᠬᠤ ᠭᠠᠵᠠᠷ ᠲᠤᠨᠢ
ᠡᠪᠲᠡᠢ ᠬᠡᠷᠡᠭᠯᠡᠵᠦ ᠶᠠᠪᠤᠵᠠᠭᠠᠶ᠎ᠠ᠃  
 
ᠢᠷᠡᠯᠲᠡ᠄ ᠠᠯᠠᠱᠠ ᠶᠢᠨ ᠡᠳᠦᠷ ᠤᠨ ᠰᠣᠨᠢᠨ 
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号