ᠳᠠᠭᠤᠳᠠᠭᠠᠴᠢ ᠡ᠊ᠩᠭᠡᠨᠬᠳᠠ | | - ᠠᠯᠠᠱᠠ᠂ ᠰᠢᠯᠢ ᠶᠢᠨ ᠭᠤᠣᠯ ᠬᠤᠶᠠᠷ ᠨᠤᠲᠤᠭ ᠤᠨ ᠵᠣᠬᠢᠶᠠᠯᠴᠢᠳ ᠤᠨ ᠭᠠᠯ | ᠠᠶᠠᠨ ᠤ ᠲᠠᠲᠠᠯᠠᠭ᠎ᠠ | | | ᠳᠤᠷᠠᠰᠤᠮᠵᠢ ᠪᠣᠯᠭᠠᠨ ᠨᠢ ᠠᠷᠴᠢᠭᠳᠠᠳᠠᠭ ᠦᠭᠡᠢ ᠲᠤᠮᠤᠭ ᠰᠢᠭ᠋ ᠦᠯᠡᠳᠡᠳᠡᠭ ᠤᠯᠤᠰ ᠭᠡᠭᠴᠢ | ᠵᠣᠬᠢᠶᠠᠯᠴᠢᠳ ᠪᠤᠶᠤ | ︽ᠢᠮᠠᠭᠲᠠ ᠪᠢᠳᠠᠨ ᠢ ᠠᠭᠤᠯᠵᠠᠭᠤᠯᠳᠠᠭ ᠢᠷᠠᠭᠤ ᠨᠠᠶᠢᠷᠠᠭ ᠮᠠᠨᠳᠤᠲᠤᠭᠠᠢ︾ ᠬᠡᠮᠡᠬᠦ ᠦᠭᠡ ᠤᠷᠠᠨ | ᠪᠦᠲᠦᠭᠡᠯᠴᠢ ᠬᠥᠮᠥᠨ ᠪᠣᠯᠭᠠᠨ ᠤ ᠵᠢᠷᠦᠬᠡ ᠰᠡᠳᠬᠢᠯ ᠤᠨ ᠦᠭᠡ ᠪᠣᠯᠤᠭᠰᠠᠨ ᠤ ᠭᠤᠣᠯ ᠰᠢᠯᠲᠠᠭᠠᠨ ᠨᠢ ︽ | ᠠᠭᠤᠯᠵᠠᠯᠲᠠ︾ ᠳᠤ ᠪᠠᠶᠢᠭ᠎ᠠ ᠶᠤᠮ᠂ ᠲᠡᠳᠡ ᠠᠭᠤᠯᠵᠠᠭᠰᠠᠭᠠᠷ ᠯᠡ ᠭᠡᠳᠡ ᠴᠠᠬᠢᠭᠤᠷ ᠰᠢᠭ᠋ ᠨᠢᠭᠡ ᠨᠢᠭᠡᠨ ᠢᠶᠠᠨ | ᠴᠠᠬᠢᠵᠤ ᠭᠠᠯ ᠠᠰᠠᠭᠠᠨ᠎ᠠ᠃ ᠡᠨᠡ ᠭᠠᠯ ᠢ ᠨᠢ ᠲᠣᠭᠤᠷᠢᠭᠠᠳ ᠦᠯᠢᠭᠡᠷ ᠡᠭᠦᠰᠦᠨ᠎ᠡ᠂ ᠲᠡᠷᠡ ᠦᠯᠢᠭᠡᠷ | ᠪᠣᠯᠭᠠᠨ ᠠᠴᠠ ᠨᠢ ᠤᠬᠠᠭᠠᠷᠠᠯ ᠢᠷᠡᠨ᠎ᠡ᠃ ᠤᠤᠭᠤᠵᠤ ᠢᠳᠡᠬᠦ ᠶᠢᠨ ᠲᠥᠯᠥᠭᠡ ᠠᠮᠢᠳᠤᠷᠠᠵᠤ ᠪᠠᠶᠢᠭ᠎ᠠ ᠶᠤᠮ ᠰᠢᠭ᠋ | ᠰᠠᠵᠢᠯᠠᠵᠤ ᠶᠠᠪᠤᠭ᠎ᠠ ᠬᠥᠮᠥᠰ ᠤᠨ ᠶᠠᠳᠠᠮᠠᠭ ᠶᠠᠷᠢᠶ᠎ᠠ ᠲᠡᠳᠡᠨ ᠤ ᠳᠤᠮᠳᠠ ᠬᠡᠵᠢᠶᠡᠳᠡ ᠥᠷᠨᠢᠵᠦ ᠪᠠᠶᠢᠷᠢ ᠠᠪᠴᠤ | ᠴᠢᠳᠠᠳᠠᠭ ᠦᠭᠡᠢ᠂ ᠶᠠᠪᠤᠵᠤ ᠰᠠᠭᠤᠭᠰᠠᠨ ᠬᠢᠵᠦ ᠪᠦᠲᠦᠭᠡᠭᠰᠡᠨ ᠢᠶᠠᠨ ᠯᠡ ᠶᠠᠷᠢᠵᠤ᠂ ᠪᠠᠶᠢᠭᠠᠯᠢ ᠠᠴᠠ ᠪᠠᠨ | ᠲᠠᠭᠠᠰᠢᠶᠠᠯ ᠠᠪᠴᠤ ᠪᠠᠶᠢᠵᠤ ᠪᠠᠶᠢᠭᠰᠠᠨ ᠪᠦᠭᠦᠨ ᠢᠶᠠᠨ ᠴᠡᠭᠡᠵᠢᠨ ᠤ ᠪᠠᠶᠠᠷ ᠪᠣᠯᠭᠠᠨ ᠠᠰᠬᠠᠳᠠᠭ ᠠᠴᠠ ᠲᠡᠳᠡᠨ ᠤ | ᠶᠠᠷᠢᠭᠰᠠᠨ ᠪᠣᠯᠭᠠᠨ ᠨᠢ᠂ ᠬᠡᠯᠡᠭᠰᠡᠨ ᠪᠣᠯᠭᠠᠨ ᠨᠢ ᠲᠤᠮᠤᠭ ᠰᠢᠭ᠋ ᠦᠯᠡᠳᠡᠳᠡᠭ ᠤᠴᠢᠷᠲᠠᠢ᠃ | ︽ᠳᠡᠯᠡᠬᠡᠢ ᠶᠢᠨ ᠳᠡᠭᠡᠪᠦᠷ ᠢᠰᠡᠭᠡᠢ ᠦᠷᠭᠦᠭᠡ︾ - ᠡᠨᠡ ᠢᠯᠴᠢ ᠲᠠᠢ ᠦᠭᠡ ᠡᠷᠳᠡᠨᠢᠪᠠᠭᠠᠲᠤᠷ ᠢ | ᠡᠵᠡᠨ᠎ᠡ ᠲᠠᠢ ᠬᠤᠯᠪᠣᠨ᠎ᠠ᠂ ᠡᠵᠡᠨ᠎ᠡ ᠶᠢ ᠳᠡᠯᠡᠬᠡᠢ ᠲᠠᠢ ᠬᠤᠯᠪᠣᠨ᠎ᠠ᠃ ᠰᠣᠶᠣᠯ ᠭᠡᠭᠴᠢ ᠨᠢᠭᠡ ᠭᠠᠵᠠᠷ ᠣᠷᠣᠨ ᠤ | ᠨᠡᠷ᠎ᠡ ᠶᠢᠨ ᠬᠠᠭᠤᠳᠠᠰᠤ ᠪᠤᠯᠳᠠᠭ ᠵᠢᠮ᠎ᠡ ᠲᠠᠢ᠃ ᠡᠵᠡᠨ᠎ᠡ ᠳᠤ ᠢᠷᠡᠭᠰᠡᠨ ᠰᠣᠶᠣᠯ ᠤᠨ ᠭᠠᠯ ᠠᠶᠠᠨ ᠤ ᠬᠢᠨ ᠵᠠᠪᠠᠯ | ᠰᠣᠶᠣᠯ ᠨᠣᠮ ᠤᠨ ᠢᠰᠡᠭᠡᠢ ᠦᠷᠭᠦᠭᠡ ᠪᠠᠷ ᠣᠷᠣᠵᠤ ︽ᠠᠳᠢᠰ︾ ᠠᠪᠳᠠᠭ ᠶᠣᠰᠣᠲᠠᠢ᠃ ᠬᠤᠶᠠᠷ ᠰᠥᠨᠢᠳ | ᠪᠣᠯᠣᠨ ᠬᠥᠪᠡᠭᠡᠲᠦ ᠰᠢᠷ᠎ᠠ ᠶᠢᠨ ᠠᠬᠠᠨ ᠳᠡᠭᠦᠦᠰ ᠮᠢᠨᠢ ᠢᠰᠡᠭᠡᠢ ᠲᠤᠭᠤᠷᠭᠠᠲᠠᠨ ᠤ ᠨᠣᠮ ᠳᠤ ᠬᠠᠶᠢᠷᠠᠲᠠᠢ ᠶᠢ | ᠳᠠᠶᠠᠩ ᠤᠨ ᠰᠣᠨᠣᠷ ᠲᠤ ᠬᠦᠷᠭᠡᠭᠰᠡᠨ ᠰᠣᠶᠣᠯ ᠨᠣᠮ ᠤᠨ ᠢᠰᠡᠭᠡᠢ ᠥᠷᠭᠦᠭᠡᠨ ᠳᠤ ᠠᠯᠤᠰ ᠠᠴᠠ ᠠᠴᠢᠵᠤ | ᠢᠷᠡᠭᠰᠡᠨ ᠨᠣᠮ ᠢᠶᠠᠨ ᠲᠣᠷᠭ᠎ᠠ ᠪᠠᠷ ᠪᠠᠷᠢᠨᠲᠠᠭᠯᠠᠨ ︽ᠳᠡᠯᠡᠬᠡᠢ ᠶᠢᠨ ᠳᠡᠭᠡᠪᠦᠷ ᠢᠰᠡᠭᠡᠢ ᠦᠷᠭᠦᠭᠡ︾ ᠬᠡᠮᠡᠬᠦ | ᠪᠢᠴᠢᠭᠡᠰᠦ ᠲᠠᠢ ᠪᠠᠨ ᠬᠠᠮᠲᠤ ᠪᠠᠷᠢᠯ᠎ᠠ᠃ | ᠡᠷᠳᠡᠨᠢᠪᠠᠭᠠᠲᠤᠷ ᠴᠤ ︽ᠲᠠᠨᠠᠷ ᠮᠠᠨᠢ ᠨᠠᠷᠠ ᠵᠥᠪ ᠡᠷᠭᠢᠭᠡᠳ ᠮᠠᠨ ᠤ ᠨᠤᠲᠤᠭ ᠲᠤ ᠬᠦᠷᠴᠦ ᠢᠷᠡᠭᠰᠡᠨ | ᠪᠠᠶᠢᠨ᠎ᠠ︾ ᠬᠡᠮᠡᠨ ᠮᠠᠰᠢ ᠰᠠᠶᠢᠬᠠᠨ ᠭᠥᠯᠢᠶᠡᠨ ᠠᠪᠴᠤ᠂ᠮᠠᠨ ᠤ ᠠᠯᠠᠱᠠ ᠶᠢ ᠠᠯᠢ ᠡᠷᠲᠡ ᠠᠴᠠ ︽ᠡᠷᠦᠭᠡ ᠪᠠᠷ ᠢᠶᠠᠨ | ᠬᠠᠷᠠᠬᠤ ᠳᠤ ᠮᠣᠳᠣ ᠲᠠᠢ ᠰᠠᠶᠢᠬᠠᠨ ᠠᠯᠠᠱᠠ᠂ ᠡᠭᠦᠳᠡ ᠪᠠᠷ ᠢᠶᠠᠨ ᠬᠠᠷᠠᠬᠤ ᠳᠤ ᠤᠰᠤ ᠲᠠᠢ ᠰᠠᠶᠢᠬᠠᠨ ᠠᠯᠠᠱᠠ︾ | ᠭᠡᠵᠦ ᠱᠠᠭᠰᠢᠳᠠᠭ ᠪᠣᠯ ᠡᠵᠡᠨ᠎ᠡ ᠲᠣᠷᠭᠤᠳ ᠨᠤᠲᠤᠭ ᠢ ︽ᠲᠣᠣᠷᠠᠢ ᠶᠢᠨ ᠨᠠᠪᠴᠢᠰ ᠨᠢ ᠲᠣᠭᠤᠨᠣ ᠪᠠᠷ ᠨᠢ | ᠬᠠᠷᠠᠭᠳᠠᠳᠠᠭ᠂ ᠲᠣᠷᠭᠠᠨ ᠡᠯᠡᠰᠦᠨ ᠳᠡᠭᠡᠷ᠎ᠡ ᠨᠢ ᠲᠠᠤᠯᠠᠢ ᠶᠢᠨ ᠮᠥᠷ ᠬᠠᠷᠠᠭᠳᠠᠳᠠᠭ︾ ᠬᠡᠮᠡᠳᠡᠭ ᠰᠢᠦ ᠬᠡᠮᠡᠨ ᠪᠠᠭ᠎ᠠ | ᠥᠬᠢᠨ ᠠᠶᠠᠨ᠎ᠠ ᠲᠠᠢ ᠪᠠᠨ ᠬᠤᠶᠠᠭᠤᠯᠠ ᠪᠢᠳᠠᠨ ᠳᠤ ᠵᠠᠮᠴᠢ ᠪᠣᠯᠵᠤ ᠬᠠᠷ᠎ᠠ ᠬᠤᠳᠠ᠂ ᠰᠤᠪᠨᠠᠭᠤᠷ᠂ ᠰᠠᠬᠢᠭᠤᠯᠰᠤᠨ | ᠲᠣᠣᠷᠠᠢ᠂ ᠴᠢᠩᠭᠢᠰ ᠤᠨ ᠶᠢᠰᠦᠨ ᠬᠥᠬᠡ ᠴᠢᠯᠠᠭᠤ ᠪᠠᠷ ᠲᠣᠭᠤᠷᠢᠭᠤᠯᠵᠤ᠂ ᠠᠯᠳᠠᠨ ᠲᠤᠤᠷᠠᠶᠢᠳᠤ ᠨᠤᠲᠤᠭ ᠢ ᠭᠠᠯ | ᠠᠶᠠᠨ ᠤ ᠬᠢᠨ ᠳᠤ ᠲᠡᠦᠬᠡ ᠰᠣᠶᠣᠯ ᠠᠴᠠ ᠨᠢ ᠡᠬᠢᠯᠡᠨ ᠲᠦᠷᠦ ᠲᠦᠮᠡᠨ ᠤ ᠬᠢᠨᠢ ᠠᠴᠢ ᠡᠨᠡᠷᠢᠯ ᠢ ᠭᠦᠷᠳᠡᠯ᠎ᠡ | ᠲᠠᠨᠢᠯᠴᠠᠭᠤᠯᠵᠤ ᠶᠠᠪᠤᠯ᠎ᠠ᠃ ︽ᠬᠥᠮᠥᠨ ᠪᠢᠰᠢ᠂ ᠴᠡᠷᠢᠭ︾ ᠭᠡᠵᠦ ᠥᠪᠡᠷ ᠢ ᠪᠠᠨ ᠲᠠᠨᠢᠯᠴᠠᠭᠤᠯᠬᠤ ᠳᠤᠷᠠᠲᠠᠢ | ᠡᠷᠳᠡᠨᠢᠪᠠᠭᠠᠲᠤᠷ ᠮᠠᠨᠢ ᠦᠳᠡᠯᠲᠡ ᠶᠢᠨ ᠨᠠᠶᠢᠷ ᠳᠡᠭᠡᠷ᠎ᠡ ︽ᠨᠠᠮᠠᠶᠢ ᠲᠠᠨᠠᠷ ᠳᠤᠭᠤᠢ ᠰᠠᠭᠤᠵᠤ ᠪᠠᠶᠢᠪᠠᠯ ᠳᠠᠭᠤᠯᠠᠵᠤ | ᠪᠠᠶᠢᠨ᠎ᠠ ᠭᠡᠵᠦ ᠪᠤᠳᠤᠭᠠᠷᠠᠢ᠂ ᠳᠠᠭᠤᠯᠠᠭᠠᠳ ᠡᠬᠢᠯᠡᠪᠡᠯ ᠰᠢᠷᠤᠩᠬᠠᠶᠢᠯᠠᠵᠤ ᠪᠠᠶᠢᠨ᠎ᠠ ᠭᠡᠵᠦ ᠰᠠᠨᠠᠭᠠᠷᠠᠢ︾ ᠬᠡᠮᠡᠨ | ᠤᠯᠠᠨ ᠢ ᠢᠨᠢᠶᠡᠯᠭᠡᠨ᠂ ᠠᠯᠠᠱᠠ ᠠᠭᠸᠠᠩᠳᠠᠨᠳᠠᠷ᠂ ᠠᠷᠤ ᠬᠠᠯᠬ᠎ᠠ ᠶᠢᠨ ᠷᠠᠪᠵᠠᠢ ᠬᠤᠲᠤᠭᠲᠤ ᠲᠠᠢ ᠠᠭᠤᠯᠵᠠᠭᠰᠠᠨ | ᠲᠤᠮᠤᠭ ᠢ ᠶᠠᠷᠢᠵᠤ ᠤᠯᠠᠨ ᠢ ᠠᠷᠪᠠ ᠶᠢᠰᠦᠳᠦᠭᠡᠷ ᠵᠠᠭᠤᠨ ᠤᠷᠤᠭᠤ ᠬᠥᠲᠥᠯᠪᠡ᠃ ᠲᠡᠭᠡᠯ ᠦᠭᠡᠢ ᠶᠠᠭᠠᠬᠢᠬᠤ ᠪᠤᠢ᠂ | ᠠᠯᠠᠱᠠ ᠨᠤᠲᠤᠭ ᠢ ᠡᠨᠡ ᠠᠯᠳᠠᠨ ᠳᠡᠯᠡᠬᠡᠢ ᠠᠭᠸᠠᠩᠳᠠᠨᠳᠠᠷ ᡀᠠᠷᠠᠮᠪᠠ ᠪᠠᠷ ᠲᠠᠨᠢᠳᠠᠭ ᠶᠤᠮ ᠴᠢᠨᠢ ᠠᠯᠠᠱᠠ ᠳᠤ | ᠪᠤᠯᠬᠤ ᠰᠣᠶᠣᠯ ᠤᠨ ᠦᠢᠯᠡ ᠠᠵᠢᠯᠯᠠᠭᠠᠨ ᠳᠤ ᠰᠣᠶᠣᠯᠲᠤ ᠠᠷᠠᠳ ᠤᠨ ᠳᠤᠮᠳᠠ ᠠᠭᠸᠠᠩᠳᠠᠨᠳᠠᠷ ᠶᠠᠷᠢᠭᠳᠠᠬᠤ ᠦᠭᠡᠢ | ᠭᠠᠯ ᠠᠶᠠᠨ ᠶᠠᠭᠠᠬᠢᠨ ᠪᠠᠶᠢᠵᠤ ᠪᠤᠯᠬᠤ ᠪᠢᠯᠡ ᠳ᠋ᠧ᠃ ᠭᠠᠯ ᠠᠶᠠᠨ ᠤ ᠦᠳᠡᠯᠲᠡ ᠶᠢᠨ ᠨᠠᠶᠢᠷ ᠢ ᠡᠵᠡᠨ᠎ᠡ | ᠨᠤᠲᠤᠭ ᠲᠠᠭᠠᠨ ᠬᠦᠨᠳᠦᠲᠡᠢ ᠰᠠᠶᠢᠬᠠᠨ ᠪᠤᠭᠤᠷᠤᠯ᠂ ᠦᠷ᠎ᠡ ᠬᠤᠶᠢᠴᠢᠰ ᠤᠨ ᠲᠥᠯᠥᠭᠡ ᠨᠠᠰᠤᠨ ᠲᠤᠷᠰᠢ | ᠵᠢᠳᠬᠦᠭᠰᠡᠨ ᠠᠷᠠᠳ ᠤᠨ ᠪᠠᠭᠰᠢ᠂ ᠵᠣᠬᠢᠶᠠᠯᠴᠢ ᠢᠯᠠᠯᠲᠠ ᠪᠠᠭᠰᠢᠲᠠᠨ ᠳᠠᠭᠠᠭᠠᠵᠤ᠂ᠬᠤᠨᠢ ᠮᠠᠭᠤᠯᠠᠨ᠂ ᠬᠤᠷᠠᠵᠠ | ᠠᠷᠠᠵᠠ ᠪᠠᠨ ᠬᠤᠨᠳᠠᠭᠠᠨ ᠳᠠᠭᠠᠨ ᠰᠥᠩᠨᠡᠨ᠂ ᠬᠤᠭᠤᠷ ᠳᠠᠭᠤᠤ᠂ ᠬᠤᠯᠪᠤᠭ᠎ᠠ ᠰᠢᠯᠦᠭ ᠢᠶᠠᠨ ᠪᠠᠷᠢᠨ᠂ ᠬᠤᠯᠠ ᠶᠢᠨ | ᠳᠣᠲᠣᠨᠣ ᠬᠥᠮᠥᠰ ᠢᠶᠠᠨ ᠦᠨᠡᠬᠡᠷ ᠨᠢᠭᠡ ᠪᠠᠶᠠᠷᠯᠠᠭᠤᠯᠤᠭᠰᠠᠨ ᠶᠤᠮ᠃ | ᠲᠡᠷᠡ ᠦᠳᠡᠰᠢ ᠰᠠᠶᠢᠬᠠᠨ ᠪᠠᠶᠢᠯ᠎ᠠ᠃ ᠢᠯᠠᠯᠲᠠ ᠪᠠᠭᠰᠢ ᠮᠢᠨᠢ ᠬᠤᠭᠤᠯᠠᠢ ᠪᠠᠨ ᠡᠷᠢᠶᠡᠨᠲᠦᠭᠦᠯᠦᠨ | ᠰᠥᠨᠢᠳ ᠨᠤᠲᠤᠭ ᠤᠨ ᠠᠯᠳᠠᠷᠲᠤ ᠡᠷᠳᠡᠮᠲᠡᠨ ᠳ᠋᠊ · ᠴᠠᠭᠠᠨ ᠭᠤᠸᠠᠢ ᠶᠢ ᠳᠤᠷᠠᠰᠤᠨ ᠪᠢᠴᠢᠭᠰᠡᠨ ᠰᠢᠯᠦᠭ ᠢᠶᠠᠨ | ᠬᠡᠯᠡᠬᠦ ᠪᠣᠯᠵᠤ᠂ | ︽ᠭᠤᠶᠢᠪᠢᠰᠢ ᠦᠭᠡᠢ ᠰᠥᠰᠥ ᠵᠣᠷᠢᠭ ᠢ ᠪᠠᠷᠢᠵᠤ | ᠭᠤᠳᠤᠯ ᠤᠨ ᠤᠯᠠ ᠪᠠᠨ ᠡᠯᠡᠭᠡᠪᠡ ᠳ᠋ᠠ᠂ ᠬᠥᠭᠡᠷᠦᠬᠦᠢ ᠮᠢᠨᠢ | ᠬᠠᠳᠠᠨ ᠵᠢᠷᠤᠭ ᠴᠢᠯᠠᠭᠤᠨ ᠰᠣᠶᠣᠯ ᠬᠡᠮᠡᠨ | ᠬᠠᠯᠠᠰᠢᠷᠠᠯ ᠦᠭᠡᠢ ᠵᠢᠳᠬᠦᠵᠦ ᠶᠠᠪᠤᠭᠰᠠᠨ | ᠬᠥᠷᠥᠰᠥᠨ ᠠᠴᠠ ᠤᠷᠭᠤᠭᠰᠠᠨ - ᠬᠥᠮᠥᠨ ᠴᠢᠯᠠᠭᠤ | ᠡᠷ᠎ᠡ ᠶᠢᠨ ᠰᠠᠶᠢᠨ ᠡᠷ᠎ᠡ | ᠡᠷᠳᠡᠮᠲᠡᠨ ᠪᠠᠭᠰᠢ ᠳ᠋᠊ · ᠴᠠᠭᠠᠨ ᠠᠬ᠎ᠠ | ᠵᠡᠷᠭᠡᠯᠭᠡᠨᠲᠦ ᠭᠤᠪᠢ ᠳᠤ ᠲᠦᠷᠦᠭᠰᠡᠨ ᠳᠡᠭᠦᠦ ᠶᠢᠨ ᠢᠶᠠᠨ | ᠵᠡᠭᠦᠳᠦᠨ ᠳᠤ ᠳᠠᠩᠳᠠ ᠬᠤᠨᠣᠭᠰᠢᠵᠤ | ᠵᠢᠷᠦᠬᠡᠨ ᠳᠤ ᠨᠢᠭᠡ ᠯᠡ ᠬᠠᠳᠠᠩᠰᠢᠭᠰᠠᠨ | ᠨᠣᠮ ᠤᠨ ᠰᠠᠶᠢᠨ ᠠᠬ᠎ᠠ | ᠬᠤᠷᠸ᠎ᠠ ᠶᠢᠨ ᠮᠣᠩᠭᠤᠯ ᠬᠤᠶᠢᠴᠢᠰ ᠲᠠᠭᠠᠨ | ᠬᠤᠯᠠ ᠲᠡᠷᠲᠡᠭᠡ ᠴᠠᠭ ᠦᠶ᠎ᠡ ᠶᠢᠨ | ᠬᠤᠪᠣᠷ ᠨᠠᠨᠳᠢᠨ ᠰᠣᠶᠣᠯ ᠤᠨ ᠥᠪ ᠢ | ᠬᠤᠨᠣᠭᠰᠢᠭᠤᠯᠤᠨ ᠥᠪᠯᠡᠭᠦᠯᠬᠦ ᠶᠢ ᠰᠡᠳᠬᠢᠭᠰᠡᠨ | ᠬᠤᠣᠰ ᠦᠭᠡᠢ ᠨᠢᠭᠡᠨ ᠪᠣᠳᠣᠯᠭᠠᠲᠠᠨ | ᠲᠡᠭᠷᠢ ᠶᠢᠨ ᠬᠠᠶᠠᠭ᠎ᠠ ᠮᠥᠷᠭᠦᠭᠡᠳ ᠪᠤᠴᠠᠭᠰᠠᠨ | ᠲᠡᠨᠢᠭᠡᠷ ᠠᠭᠤᠳᠠᠮ ᠲᠠᠮᠤᠴᠢ ᠶᠢᠨ ᠲᠠᠯ᠎ᠠ ᠶᠢᠨ ᠢᠶᠠᠨ | ᠨᠣᠶᠠᠨ ᠠᠭᠤᠯᠠᠰ ᠤᠨ ᠴᠢᠯᠠᠭᠤ ᠪᠦᠭᠦᠨ ᠳᠤ | ᠨᠣᠪᠧᠯ ᠤᠨ ᠱᠠᠩᠨᠠᠯ ᠬᠦᠷᠲᠡᠭᠡᠬᠦ ᠭᠡᠵᠦ | ᠵᠢᠷᠦᠬᠡᠨ ᠲᠠᠮᠢᠷ ᠢᠶᠠᠨ ᠰᠢᠪᠬᠠᠵᠤ | ᠵᠥᠩᠳᠡᠭᠡᠨ ᠯᠡ ᠪᠦᠲᠦᠭᠡᠯ ᠲᠠᠢ ᠶᠠᠪᠤᠭ᠎ᠠ | ᠰᠣᠳᠣᠨ ᠮᠣᠩᠭᠤᠯ ᠳᠠᠭᠠᠨ ᠭᠠᠪᠢᠶ᠎ᠠ ᠲᠠᠢ | ᠰᠥᠨᠢᠳ ᠤᠨ ᠡᠨᠡ ᠬᠦᠦ ᠳ᠋᠊ · ᠴᠠᠭᠠᠨ ᠠᠬ᠎ᠠ ᠮᠠᠭᠲᠠᠭᠠᠯᠲᠠᠢ︾ ᠬᠡᠮᠡᠭᠰᠡᠨ ᠨᠢ ᠤᠴᠢᠷᠲᠠᠢ᠂ ᠡᠷᠳᠡᠮᠲᠡᠨ | ᠮᠡᠷᠭᠡᠳ ᠢᠶᠠᠨ ᠬᠠᠶᠢᠷᠠᠯᠠᠨ ᠬᠦᠨᠳᠦᠳᠬᠡᠳᠡᠭ ᠰᠥᠨᠢᠳ ᠤᠨ ᠠᠷᠠᠳ ᠲᠦᠮᠡᠨ ᠳ᠋᠊ · ᠴᠠᠭᠠᠨ ᠬᠡᠮᠡᠬᠦ ᠰᠦᠭ ᠵᠢᠷᠤᠭ | ᠰᠤᠳᠤᠯᠤᠭᠠᠴᠢ ᠡᠷᠳᠡᠮᠲᠡᠨ ᠬᠦᠦ ᠶᠢᠨ ᠢᠶᠠᠨ ᠵᠢᠷᠭᠤᠭᠠᠨ ᠪᠣᠳᠢ ᠨᠣᠮ ᠢ ᠨᠢ ᠨᠠᠶᠢᠷᠠᠭᠤᠯᠤᠨ ᠬᠡᠪᠯᠡᠭᠦᠯᠵᠦ | ᠤᠩᠰᠢᠭᠴᠢᠳ ᠤᠨ ᠠᠯᠠᠭᠠᠨ ᠳᠡᠭᠡᠷ᠎ᠡ ᠲᠠᠯᠪᠢᠭᠰᠠᠨ ᠨᠢ ᠴᠠᠭᠠᠨ᠎ᠠ ᠪᠠᠨ ᠦᠭᠭᠦᠭᠡᠵᠢ ᠲᠠᠢ ᠦᠢᠯᠡᠰ ᠪᠣᠯᠵᠠᠢ᠃ ᠳ᠋᠊ · | ᠴᠠᠭᠠᠨ ᠪᠣᠯ ᠮᠣᠩᠭᠤᠯ ᠨᠤᠲᠤᠭ ᠤᠨ ᠴᠢᠯᠠᠭᠤᠨ ᠨᠣᠮ ᠤᠨ ᠨᠢᠭᠤᠴᠠ ᠶᠢ ᠴᠡᠭᠡᠵᠢᠨ ᠤ ᠭᠠᠯ ᠢᠶᠠᠨ ᠠᠰᠠᠭᠠᠨ ᠪᠠᠶᠢᠵᠤ | ᠲᠠᠶᠢᠯᠤᠭᠰᠠᠨ ᠭᠠᠪᠢᠶᠠᠲᠠᠨ ᠶᠤᠮᠰᠠᠨ ᠃ | ᠲᠤᠤᠷᠠᠶᠢᠳᠤ ᠨᠤᠲᠤᠭ ᠤᠨ ᠲᠣᠬᠢᠯᠢᠭ ᠰᠠᠶᠢᠬᠠᠨ ᠮᠣᠩᠭᠤᠯ ᠵᠣᠭᠤᠭ ᠤᠨ ᠦᠷᠦᠭᠡ ᠲᠡᠷᠡ ᠦᠳᠡᠰᠢ | ᠲᠡᠦᠬᠡ ᠰᠣᠶᠣᠯ ᠤᠨ ᠬᠠᠯᠠᠭᠤᠨ ᠶᠠᠷᠢᠶ᠎ᠠ ᠪᠠᠷ ᠪᠢᠯᠬᠠᠵᠤ ᠪᠠᠶᠢᠯ᠎ᠠ᠃ ᠪᠠᠷᠠᠭᠤᠨ ᠰᠥᠨᠢᠳ ᠤᠨ ᠵᠢᠪᠬᠤᠭᠠᠯᠢᠭ ᠵᠠᠯᠠᠭᠤ | ᠮᠥᠩᠬᠡᠵᠢᠷᠭᠠᠯ ᠬᠤᠰᠢᠭᠤᠨ ᠤ ᠪᠠᠨ ᠤᠯᠠᠭᠠᠨᠮᠥ᠋ᠴᠢᠷ ᠤᠨ ᠳᠠᠷᠤᠭ᠎ᠠ ᠪᠠᠷ ᠠᠵᠢᠯᠯᠠᠵᠤ ᠪᠠᠶᠢᠬᠤ ᠳᠠᠭᠠᠨ ᠤᠯᠤᠰ ᠤᠨ | ᠲᠡᠷᠢᠭᠦᠯᠡᠭᠴᠢ ᠳᠤ ᠵᠠᠬᠢᠳᠠᠯ ᠪᠢᠴᠢᠵᠦ᠂ ᠬᠥᠩᠭᠡᠨ ᠮᠣᠷᠢᠲᠤ ᠴᠡᠷᠢᠭ ᠭᠡᠵᠦ ᠠᠯᠳᠠᠷᠰᠢᠭᠰᠠᠨ ᠤᠯᠠᠭᠠᠨᠮᠥ᠋ᠴᠢᠷ ᠤᠨ | ᠤᠷᠠᠨ ᠪᠦᠲᠦᠭᠡᠯᠴᠢᠳ ᠪᠦᠭᠦᠨ ᠤ ᠬᠦᠨᠳᠦᠳᠬᠡᠯ ᠢ ᠣᠯᠣᠭᠰᠠᠨ ᠲᠣᠮᠣ ᠭᠠᠷ ᠤᠨ ᠨᠢᠭᠡᠨ ᠪᠠᠶᠢᠵᠠᠢ᠃ ᠲᠡᠷᠡ ᠪᠠᠷ | ᠳᠠᠭᠤᠤ ᠰᠠᠶᠢᠬᠠᠨ ᠳᠠᠭᠤᠯᠠᠨ᠎ᠠ᠂ ᠪᠦᠯᠭᠦᠮ ᠤᠨ ᠳᠠᠷᠤᠭ᠎ᠠ ᠰᠠᠷᠠᠭᠤᠯ ᠨᠢ ᠪᠦᠯᠲᠡᠶᠢᠵᠦ ᠪᠠᠶᠢᠭᠠᠳ᠄ ︽ᠮᠥᠩᠬᠡᠵᠢᠷᠭᠠᠯ | ᠠᠬ᠎ᠠ ᠨᠠᠮᠠᠶᠢ ᠲᠥᠯᠥᠭᠡᠯᠡᠭᠡᠳ ᠨᠢᠭᠡ ᠳᠠᠭᠤᠯᠠᠭᠠᠳ ᠥᠭ︾ ᠭᠡᠪᠡᠯ᠂ ︽ᠪᠢ ᠶᠠᠮᠠᠷ ᠴᠢᠨᠦ ᠬᠤᠪᠢ ᠶᠢᠨ ᠥᠮᠴᠢ ᠤᠤ︖ | ︾ ᠭᠡᠵᠦ ᠨᠤᠲᠤᠭ ᠤᠨ ᠳᠡᠭᠦᠦ ᠳᠡᠭᠡᠨ ᠪᠠᠭ᠎ᠠ ᠵᠡᠷᠭᠡ ᠭᠤᠮᠣᠷᠬᠠᠭᠰᠠᠨ ᠴᠤ ᠠᠷᠠᠳ ᠤᠨ ᠳᠠᠭᠤᠤ ᠶᠢ ᠪᠣᠯ ᠠᠷᠭ᠎ᠠ | ᠦᠭᠡᠢ ᠭᠤᠶᠤ ᠳᠠᠭᠤᠯᠠᠳᠠᠭ ᠪᠠᠶᠢᠨ᠎ᠠ᠃ ᠲᠡᠭᠡᠭᠡᠳ ᠪᠦᠷ ︽ᠮᠠᠨ ᠤ ᠠᠷᠠᠳ ᠤᠨ ᠳᠠᠭᠤᠤ ᠪᠣᠯᠭᠠᠨ ᠦᠯᠢᠭᠡᠷ ᠲᠠᠢ | ᠰᠢᠦ︾ ᠬᠡᠮᠡᠨ ᠲᠡᠷᠡ ᠦᠳᠡᠰᠢ ︽ᠰᠢᠷ᠎ᠠ ᠬᠠᠳᠠᠨ ᠤ ᠡ᠊ᠩᠭᠡᠷ︾ ᠬᠡᠮᠡᠬᠦ ᠨᠤᠲᠤᠭ ᠪᠣᠯᠭᠠᠨ ᠳᠤ ᠳᠠᠭᠤᠯᠠᠭᠳᠠᠳᠠᠭ | ᠠᠷᠠᠳ ᠤᠨ ᠳᠠᠭᠤᠤ ᠶᠢᠨ ᠲᠡᠦᠬᠡ ᠶᠢ ᠶᠠᠷᠢᠵᠤ ᠰᠣᠨᠣᠰᠤᠭᠰᠠᠨ ᠪᠦᠭᠦᠨ ᠢ ᠪᠦᠷ ᠨᠢᠯᠪᠤᠰᠤᠨ ᠳᠤ ᠳᠡᠪᠲᠦᠭᠡᠴᠢᠬᠡᠬᠦ | ᠵᠠᠪᠳᠤᠭᠰᠠᠨ᠃ ᠲᠡᠷᠡ ᠬᠡᠦᠬᠡᠨ ᠪᠣᠯᠭᠠᠨ ᠳᠤᠷᠠᠯᠠᠮᠠᠷ ᠵᠤᠵᠠᠭᠠᠨ ᠤᠷᠤᠭᠤᠯ ᠢᠶᠠᠨ ᠰᠢᠯᠡᠮᠡᠳᠡᠨ ᠪᠠᠶᠢᠵᠤ ᠢᠩᠭᠢᠵᠦ | ᠡᠬᠢᠯᠡᠪᠡ᠄ | ᠰᠢᠷ᠎ᠠ ᠬᠠᠳᠠᠨ ᠤ ᠬᠢᠨᠢ ᠣᠷᠣᠢ ᠳᠡᠭᠡᠷ᠎ᠡ ᠨᠢ ᠭᠦ᠋ | ᠰᠢᠷ᠎ᠠ ᠰᠣᠯᠣᠩᠭ᠎ᠠ ᠨᠢ ᠲᠠᠲᠠᠨ᠎ᠠ ᠳ᠋ᠠ ᠭᠦ᠋ | ᠰᠢᠷ᠎ᠠ ᠤᠭᠤᠷᠠᠭ ᠢᠶᠠᠨ ᠰᠢᠮᠡᠭᠦᠯᠦᠭᠰᠡᠨ | ᠡᠵᠢ ᠶᠢ ᠪᠠᠨ ᠪᠤᠳᠤᠬᠤᠯᠠᠷ ᠳᠡᠩ ᠳᠤᠩ ᠲᠠᠢ ᠭᠦ᠋ | | ᠬᠥᠬᠡ ᠬᠠᠳᠠᠨ ᠤ ᠬᠢᠨᠢ ᠣᠷᠣᠢ ᠳᠡᠭᠡᠷ᠎ᠡ ᠨᠢ ᠭᠦ᠋ | ᠬᠥᠬᠡ ᠰᠣᠯᠣᠩᠭ᠎ᠠ ᠨᠢ ᠲᠠᠲᠠᠨ᠎ᠠ ᠳ᠋ᠠ ᠭᠦ᠋ | ᠬᠥᠬᠦ ᠶᠢᠨ ᠰᠦ ᠪᠠᠨ ᠰᠢᠮᠡᠭᠦᠯᠦᠭᠰᠡᠨ | ᠡᠵᠢ ᠶᠢ ᠪᠠᠨ ᠪᠤᠳᠤᠬᠤᠯᠠᠷ ᠳᠡᠩ ᠳᠤᠩ ᠲᠠᠢ ᠭᠦ᠋ | | ᠤᠯᠠᠭᠠᠨ ᠬᠠᠳᠠᠨ ᠤ ᠬᠢᠨᠢ ᠣᠷᠣᠢ ᠳᠡᠭᠡᠷ᠎ᠡ ᠨᠢ ᠭᠦ᠋ | ᠤᠯᠠᠭᠠᠨ ᠰᠣᠯᠣᠩᠭ᠎ᠠ ᠨᠢ ᠲᠠᠲᠠᠨ᠎ᠠ ᠳ᠋ᠠ ᠭᠦ᠋ | ᠤᠭᠤᠷᠠᠭ ᠰᠦ ᠪᠠᠨ ᠰᠢᠮᠡᠭᠦᠯᠦᠭᠰᠡᠨ | ᠡᠵᠢ ᠶᠢ ᠪᠠᠨ ᠪᠤᠳᠤᠬᠤᠯᠠᠷ ᠳᠡᠩ ᠳᠤᠩ ᠲᠠᠢ ᠭᠦ᠋ | ᠲᠤᠰ ᠳᠠᠭᠤᠤ ᠨᠢ 19 ᠳ᠋ᠦ᠋ᠭᠡᠷ ᠵᠠᠭᠤᠨ ᠤ ᠳᠤᠮᠳᠠᠴᠢ ᠪᠠᠷ ᠵᠣᠬᠢᠶᠠᠭᠳᠠᠨ ᠳᠡᠯᠭᠡᠷᠡᠭᠰᠡᠨ ᠮᠠᠭᠠᠳᠯᠠᠯ ᠲᠠᠢ᠃ | ᠲᠤᠬᠠᠢ ᠶᠢᠨ ᠴᠠᠭ ᠦᠶ᠎ᠡ ᠳᠤ ᠴᠢᠭᠤᠯᠤᠯᠲᠤ ᠬᠠᠭᠠᠯᠭ᠎ᠠ ᠠᠴᠠ ᠳ᠋ᠠ ᠬᠦᠷᠢᠶ᠎ᠡ ᠶᠢᠨ ᠬᠤᠭᠤᠷᠣᠨᠳᠤ ᠲᠡᠮᠡᠭᠡᠨ ᠵᠢᠩ | ᠶᠡᠭᠡᠯ᠎ᠠ ᠶᠠᠪᠤᠳᠠᠭ ᠪᠠᠶᠢᠵᠠᠢ᠂ ᠨᠠᠩᠭᠢᠶᠠᠳ ᠣᠷᠣᠨ ᠤ ᠴᠠᠢ ᠪᠠᠷᠠᠭ᠎ᠠ ᠨᠢ ᠴᠢᠭᠤᠯᠤᠯᠲᠤ ᠬᠠᠭᠠᠯᠭ᠎ᠠ ᠳᠤ ᠢᠷᠡᠵᠦ | ᠲᠡᠮᠡᠭᠡᠨ ᠵᠢᠩ ᠳᠤ ᠠᠴᠢᠭᠳᠠᠵᠤ ᠴᠠᠬᠠᠷ ᠤᠨ ᠨᠤᠲᠤᠭ ᠢ ᠲᠤᠭᠤᠯᠵᠤ ᠰᠥᠨᠢᠳ ᠤᠨ ᠥᠷᠭᠡᠨ ᠲᠠᠮᠠᠴᠢ ᠶᠢ ᠡᠪᠬᠡᠵᠦ᠂ | ᠡᠮᠦᠨ᠎ᠡ ᠭᠤᠪᠢ ᠶᠢ ᠭᠠᠲᠤᠯᠤᠨ ᠬᠠᠯᠬ᠎ᠠ ᠶᠢᠨ ᠠᠭᠤᠳᠠᠮ ᠨᠤᠲᠤᠭ ᠢ ᠳᠠᠪᠠᠨ ᠪᠠᠶᠢᠵᠤ ᠳ᠋ᠠ ᠬᠦᠷᠢᠶ᠎ᠡ ᠣᠷᠣᠳᠠᠭ | ᠪᠠᠶᠢᠵᠠᠢ᠃ ᠲᠤᠰ ᠳᠠᠭᠤᠤ ᠵᠣᠬᠢᠶᠠᠭᠳᠠᠬᠤ ᠶᠢᠨ ᠦᠶ᠎ᠡ ᠪᠠᠷ ᠡᠮᠦᠨ᠎ᠡ ᠠᠴᠠ ᠬᠤᠶᠢᠰᠢ ᠶᠠᠪᠤᠭᠰᠠᠨ ᠨᠢᠭᠡᠨ ᠴᠤᠪᠤᠭ᠎ᠠ | ᠲᠡᠮᠡᠭᠡᠨ ᠵᠢᠩ ᠨᠢ ᠤᠳᠤ ᠶᠢᠨ ᠮᠣᠩᠭᠤᠯ ᠤᠯᠤᠰ ᠤᠨ ᠲᠥᠪ ᠠᠶᠢᠮᠠᠭ ᠤᠨ ᠣᠷᠴᠢᠮ ᠭᠦᠷᠦᠭᠡᠳ | ᠬᠤᠭᠤᠰᠤᠷᠠᠲᠠᠯ᠎ᠠ ᠪᠠᠨ ᠲᠣᠨᠣᠭᠳᠠᠭᠰᠠᠨ ᠬᠡᠷᠡᠭ ᠭᠠᠷᠴᠠᠢ᠃ ᠠᠮᠢᠳᠤ ᠦᠯᠡᠳᠡᠭᠰᠡᠨ ᠬᠡᠳᠦᠨ ᠨᠠᠩᠭᠢᠶᠠᠳ ᠵᠢᠩᠴᠢᠳ ᠨᠢ | ᠬᠦᠷᠢᠶᠡᠨ ᠳᠤ ᠬᠦᠷᠴᠦ ᠬᠦᠷᠢᠶᠡᠨ ᠳᠤ ᠪᠠᠶᠢᠩᠭᠤ ᠰᠠᠭᠤᠭ᠎ᠠ ᠮᠠᠨᠵᠤ ᠶᠢᠨ ᠵᠤᠷᠭᠠᠨ ᠳᠤ ᠬᠡᠷᠡᠭ ᠮᠡᠳᠡᠭᠦᠯᠦᠭᠰᠡᠨ ᠳᠤ | ᠵᠤᠷᠭᠠᠨ ᠪ᠊ ᠨᠣᠶᠠᠨ ᠶᠡᠬᠡᠳᠡ ᠭᠢᠯᠢᠩᠨᠡᠨ ᠬᠦᠷᠢᠶᠡᠨ ᠤ ᠮᠣᠩᠭᠤᠯ ᠵᠠᠰᠠᠭ ᠲᠤ ᠵᠢᠩ ᠲᠥᠯᠥᠭᠦᠯᠬᠦ ᠶᠢ ᠴᠢᠩᠭ᠎ᠠ | ᠱᠠᠭᠠᠷᠳᠠᠵᠠᠢ᠃ ᠭᠡᠪᠡᠴᠦ ᠮᠣᠩᠭᠤᠯ ᠤᠨ ᠰᠠᠶᠢᠳ ᠨᠠᠷ ᠳᠡᠭᠡᠷᠡᠮᠴᠢᠳ ᠢ ᠪᠠᠷᠢᠵᠤ ᠴᠢᠳᠠᠬᠤ ᠦᠭᠡᠢ ᠴᠠᠭ ᠤᠳᠠᠬᠤ ᠳᠤ | ᠮᠠᠨᠵᠤ ᠶᠢᠨ ᠨᠣᠶᠠᠨ ᠪᠡᠭᠡᠵᠢᠩ ᠳᠤ ᠮᠡᠳᠡᠭᠦᠯᠦᠭᠰᠡᠨ ᠳᠤ ᠮᠠᠨᠵᠤ ᠶᠢᠨ ᠲᠦᠷᠦ ᠠᠴᠠ ᠳᠡᠭᠡᠷᠡᠮᠴᠢᠳ ᠢ ᠵᠠᠪᠠᠯ | ᠴᠠᠭᠠᠵᠠᠯᠠᠬᠤ ᠶᠢ ᠮᠣᠩᠭᠤᠯ ᠤᠨ ᠲᠠᠯ᠎ᠠ ᠳᠤ ᠬᠠᠲᠠᠭᠤ ᠲᠤᠯᠭᠠᠵᠤ ᠡᠰᠡ ᠰᠢᠢᠳᠪᠦᠷᠢᠯᠡᠪᠡᠰᠦ ᠮᠣᠩᠭᠤᠯ ᠨᠣᠶᠠᠳ ᠤᠨ | ᠵᠡᠷᠭᠡ ᠵᠢᠩᠰᠡ ᠶᠢ ᠨᠢ ᠮᠤᠯᠲᠤᠯᠵᠤ ᠶᠠᠯᠠᠯᠠᠬᠤ ᠵᠠᠷᠯᠢᠭ ᠪᠠᠭᠤᠯᠭᠠᠵᠠᠢ᠃ ᠬᠡᠷᠡᠭ ᠡᠶᠢᠮᠦ ᠬᠡᠴᠡᠭᠦᠦ ᠪᠣᠯᠤᠭᠰᠠᠨ | ᠤᠴᠢᠷ ᠠᠴᠠ ᠮᠣᠩᠭᠤᠯ ᠤᠨ ᠰᠠᠶᠢᠳ ᠨᠣᠶᠠᠳ ᠠᠷᠭ᠎ᠠ ᠪᠤᠰᠤ ᠬᠢᠯᠢᠰ ᠬᠡᠷᠡᠭ ᠵᠣᠬᠢᠶᠠᠵᠤ ᠠᠮᠢ ᠪᠠᠨ ᠠᠪᠤᠷᠠᠬᠤ ᠶᠢ | ᠪᠤᠳᠤᠵᠦ ᠵᠢᠩ ᠤᠨ ᠵᠠᠮ ᠳᠠᠭᠠᠵᠤ ᠵᠢᠩᠴᠢᠳ ᠲᠤ ᠲᠦᠯᠡᠭᠡ ᠤᠰᠤ ᠣᠶᠢᠷᠠᠲᠤᠭᠤᠯᠵᠤ ᠠᠮᠢ ᠪᠠᠨ ᠠᠷᠭᠠᠴᠠᠭᠠᠵᠤ | ᠠᠮᠢᠳᠤᠷᠠᠳᠠᠭ ᠡᠵᠢ ᠬᠦᠦ ᠬᠤᠶᠠᠷ ᠲᠤ ᠬᠡᠷᠡᠭ ᠨᠥᠮᠥᠷᠭᠡᠵᠦ ᠬᠦᠦ ᠶᠢ ᠨᠢ ᠪᠠᠷᠢᠪᠴᠢᠯᠠᠵᠠᠢ᠃ ᠲᠤᠬᠠᠢ ᠶᠢᠨ ᠴᠠᠭ ᠲᠤ | ᠮᠣᠩᠭᠤᠯ ᠳᠤ ᠬᠠᠮᠤᠭ ᠤᠨ ᠴᠢᠩᠭ᠎ᠠ ᠬᠠᠤᠯᠢ ᠰᠢᠢᠳᠬᠡᠯ ᠨᠢ ︽ᠶᠢᠰᠦᠨ ᠡᠷᠡᠭᠦᠦ ︾ ᠪᠠᠶᠢᠭᠰᠠᠨ ᠠᠴᠠ ᠪᠢᠰᠢ | ᠰᠢᠭᠤᠳ ᠬᠥᠨᠥᠭᠡᠵᠦ ᠴᠠᠭᠠᠵᠠᠯᠠᠬᠤ ᠬᠠᠤᠯᠢ ᠦᠭᠡᠢ ᠪᠠᠶᠢᠵᠠᠢ᠃ ᠮᠣᠩᠭᠤᠯ ᠰᠠᠶᠢᠳ ᠨᠣᠶᠠᠳ ᠶᠠᠳᠠᠭᠤ ᠬᠦᠦ ᠶᠢ | ᠬᠢᠯᠢᠰ ᠢᠶᠠᠷ ᠴᠠᠭᠠᠵᠠᠯᠠᠵᠤ ᠲᠡᠭᠷᠢ ᠲᠤᠯᠤᠮ᠎ᠠ ᠨᠢᠭᠦᠯ ᠬᠢᠬᠦ ᠭᠡᠵᠦ ᠪᠠᠶᠢᠭ᠎ᠠ ᠪᠠᠨ ᠲᠡᠭᠷᠢ ᠳᠤ ᠪᠦᠦ ᠦᠵᠡᠭᠳᠡᠶᠡ ᠬᠡᠮᠡᠨ | ᠬᠦᠦ ᠶᠢᠨ ᠲᠣᠯᠣᠭᠠᠢ ᠶᠢ ᠲᠦᠷᠪᠡᠨ ᠤᠯᠠᠷᠢᠯ ᠤᠨ ᠲᠤᠷᠰᠢ ᠡᠳᠦᠷ ᠪᠦᠷᠢ ᠨᠠᠷᠠᠨ ᠮᠠᠨᠳᠤᠭᠰᠠᠨ ᠠᠴᠠ ᠨᠠᠷᠠᠨ | ᠵᠢᠷᠭᠠᠲᠠᠯ᠎ᠠ ᠨᠠᠷᠠᠨ ᠤ ᠭᠡᠷᠡᠯ ᠦᠯᠦ ᠲᠤᠰᠬᠤ ᠭᠠᠵᠠᠷ ᠲᠤ ᠴᠠᠭᠠᠵᠠᠯᠠᠬᠤ ᠪᠠᠷ ᠵᠥᠪᠯᠡᠵᠡᠢ᠃ ᠨᠣᠶᠠᠳ ᠤᠨ ᠵᠠᠷᠯᠢᠭ ᠢᠶᠠᠷ | ᠲᠤᠯᠤᠭᠠᠨ ᠮᠣᠷᠢᠲᠠᠨ ᠳᠦᠷᠪᠡᠨ ᠠᠭᠤᠯᠠ ᠪᠠᠷ ᠤᠯᠠᠨ ᠡᠳᠦᠷ ᠬᠠᠶᠢᠭᠰᠠᠭᠠᠷ ᠪᠠᠶᠢᠵᠤ ᠬᠦᠷᠢᠶᠡᠨ ᠠᠴᠠ ᠬᠤᠶᠢᠲᠤ | ᠵᠦᠭ ᠤᠨ ᠠᠭᠤᠯᠠᠨ ᠳᠤ ᠵᠡᠭᠦᠨ ᠬᠤᠶᠢᠰᠢ ᠬᠠᠨᠳᠤᠭᠰᠠᠨ ᠰᠢᠷ᠎ᠠ ᠬᠠᠳᠠ ᠲᠠᠢ ᠠᠮᠠᠰᠠᠷ ᠵᠢᠯᠠᠭ᠎ᠠ ᠶᠢ ᠪᠤᠯᠬᠤ ᠶᠤᠮ | ᠪᠠᠶᠢᠨ᠎ᠠ ᠬᠡᠮᠡᠨ ᠲᠣᠳᠣᠯᠠᠵᠠᠢ᠃ ᠴᠠᠭᠠᠵᠠᠯᠠᠬᠤ ᠡᠳᠦᠷ ᠮᠠᠨᠵᠤ ᠨᠣᠶᠠᠨ ᠵᠢᠯᠠᠭᠠᠨ ᠵᠠᠬ᠎ᠠ ᠳᠤ ᠴᠠᠴᠠᠷ ᠮᠠᠶᠢᠬᠠᠨ ᠪᠠᠷᠢᠵᠤ᠂ | ᠲᠤᠭ ᠳᠠᠯᠪᠠᠭ᠎ᠠ ᠬᠡᠶᠢᠰᠬᠡᠨ᠂ ᠬᠡᠩᠭᠡᠷᠭᠡ ᠴᠠᠩ ᠳᠡᠯᠡᠳᠴᠦ ᠲᠦᠮᠡᠨ ᠢ ᠴᠤᠭᠯᠠᠭᠤᠯᠤᠨ ︽ᠲᠦᠷᠦ ᠶᠢᠨ ᠴᠠᠭᠠᠵᠠ︾ | ᠪᠠᠨ ᠭᠦᠢᠴᠡᠳᠬᠡᠬᠦ ᠭᠡᠵᠦ ᠪᠠᠶᠢᠲᠠᠯ᠎ᠠ ᠬᠦᠦ ᠶᠢᠨ ᠡᠵᠢ ᠨᠢ ᠰᠦ ᠲᠠᠢ ᠮᠣᠳᠣᠨ ᠲᠠᠭᠱᠠ ᠪᠠᠷᠢᠵᠤ ᠲᠠᠶᠠᠭ ᠢᠶᠠᠨ | ᠲᠤᠯᠤᠭᠰᠠᠭᠠᠷ ᠰᠠᠯᠭᠠᠨᠠᠨ ᠢᠷᠡᠵᠦ ᠴᠠᠭᠠᠵᠠ ᠶᠢᠨ ᠲᠠᠯᠠᠪᠠᠢ ᠳᠤ ᠰᠥᠭᠦᠳᠴᠦ ᠤᠯᠠᠨ ᠨᠣᠶᠠᠳ ᠠᠴᠠ ᠬᠦᠦ ᠪᠠᠨ | ᠲᠡᠭᠷᠢ ᠳᠤ ᠭᠠᠷᠬᠤ ᠠᠴᠠ ᠨᠢ ᠡᠮᠦᠨ᠎ᠡ ᠥᠪᠡᠷ ᠤᠨ ᠭᠠᠷ ᠢᠶᠠᠷ ᠢᠶᠠᠨ ᠰᠦ ᠠᠮᠰᠠᠭᠤᠯᠴᠢᠬᠠᠶᠠ ᠬᠡᠮᠡᠨ ᠭᠤᠶᠣᠵᠠᠢ᠃ | ᠡᠭᠦᠨ ᠢ ᠨᠢ ᠨᠣᠶᠠᠳ ᠵᠥᠪᠰᠢᠶᠡᠷᠡᠵᠡᠢ᠃ ᠡᠵᠢ ᠨᠢ ᠰᠦ ᠪᠠᠨ ᠪᠠᠷᠢᠨ ᠰᠠᠯᠭᠠᠨᠠᠨ ᠪᠠᠶᠢᠬᠤ ᠳᠤ ᠬᠦᠦ ᠨᠢ ᠡᠵᠢ ᠳᠡᠭᠡᠨ | ᠡᠨᠡ ᠬᠦ ︽ᠰᠢᠷ᠎ᠠ ᠬᠠᠳᠠ︾ ᠳᠠᠭᠤᠤ ᠶᠢ ᠳᠠᠭᠤᠯᠠᠵᠤ ᠪᠠᠶᠢᠵᠠᠢ᠃ ᠡᠨᠡ ᠬᠦ ᠰᠡᠳᠬᠢᠯ ᠡᠪᠭᠡᠷᠡᠮᠡ ᠪᠠᠶᠢᠳᠠᠯ ᠢ | ᠬᠠᠷᠠᠭᠰᠠᠨ ᠮᠠᠨᠵᠤ ᠨᠣᠶᠠᠨ ᠴᠠᠭᠠᠵᠠ ᠶᠠᠪᠤᠭᠤᠯᠬᠤ ᠶᠢ ᠵᠣᠭᠰᠤᠭᠠᠬᠤ ᠵᠠᠷᠯᠢᠭ ᠪᠠᠭᠤᠯᠭᠠᠵᠤ᠂ ᠡᠵᠢ ᠬᠦᠦ ᠬᠤᠶᠠᠷ ᠢ | ᠬᠢᠯᠢᠰ ᠬᠡᠮᠡᠨ ᠨᠤᠲᠤᠭ ᠲᠤᠨᠢ ᠪᠤᠴᠠᠭᠠᠭᠰᠠᠨ ᠠᠵᠢ ︵ᠡᠨᠡ ᠦᠯᠢᠭᠡᠷ ᠢ ᠪᠢ ᠠᠷᠪᠠᠭᠠᠳ ᠵᠢᠯ ᠤᠨ ᠡᠮᠦᠨ᠎ᠡ ᠨᠢᠭᠡᠨ | ᠨᠣᠮ ᠠᠴᠠ ᠤᠩᠰᠢᠭᠰᠠᠨ ᠰᠢᠭ᠋ ᠰᠠᠨᠠᠭᠳᠠᠬᠤ ᠶᠤᠮ᠂ ᠶᠠᠭ ᠬᠡᠵᠢᠶ᠎ᠡ ᠬᠠᠮᠢᠭ᠎ᠠ ᠨᠢ ᠤᠩᠰᠢᠭᠰᠠᠨ ᠰᠣᠨᠣᠰᠤᠭᠰᠠᠨ ᠢᠶᠠᠨ | ᠮᠠᠷᠲᠠᠴᠢᠬᠠᠵᠠᠢ︶᠃ | ᠢᠩᠭᠢᠭᠡᠳ ᠲᠡᠦᠬᠡᠲᠦ ᠳᠠᠭᠤᠤ ᠶᠢᠨ ᠲᠡᠦᠬᠡ ᠶᠢ ᠰᠣᠨᠣᠰᠴᠤ ᠤᠶᠠᠷᠠᠵᠤ ᠰᠠᠭᠤᠭᠰᠠᠨ ᠤᠯᠠᠨ ᠢ | ᠨᠦᠭᠦᠭᠡ ᠦᠬᠡᠷ ᠲᠡᠮᠦᠷ ᠰᠣᠴᠢᠭᠠᠵᠤ ︽ᠡᠨᠡ ᠦᠵᠦᠮ ᠤᠨ ᠤᠯᠠᠭᠠᠨ ᠲᠠᠷᠠᠰᠤ ᠶᠢ ᠪᠢ ᠥᠨᠥᠳᠥᠷ ᠴᠡᠭᠡ | ᠪᠣᠭᠤᠮᠲᠠ ᠠᠴᠠ ᠬᠤᠳᠠᠯᠳᠤᠵᠤ ᠠᠪᠤᠭᠰᠠᠨ ᠶᠤᠮ᠃ ᠤᠤᠯ ᠨᠢ ᠰᠥᠨᠢᠳ ᠲᠡᠭᠡᠨ ᠡᠭᠦᠷᠦᠭᠡᠳ ᠬᠠᠷᠢᠶ᠎ᠠ ᠭᠡᠰᠡᠨ | ᠶᠤᠮ᠃ ᠤᠬᠠᠭᠠᠨᠲᠤ ᠠᠷᠠᠳ ᠤᠨ ᠳᠠᠭᠤᠤ ᠶᠢᠨ ᠢᠶᠠᠨ ᠠᠮᠢᠨ ᠲᠡᠦᠬᠡ ᠳᠤ ᠤᠶᠠᠷᠠᠭᠠᠳ ᠪᠠᠶᠢᠬᠤ ᠪᠠᠷ ᠤᠳᠤ | ᠵᠠᠳᠠᠯᠴᠢᠬᠠᠶᠠ᠃ ᠡᠨᠡ ᠭᠠᠯ ᠠᠶᠠᠨ ᠤ ᠪᠦᠰᠡᠭᠦᠶᠢᠴᠦᠳ ᠨᠠᠳᠠᠳᠤ ᠵᠣᠷᠢᠭᠤᠯᠵᠤ ︿ᠡᠷᠭᠢᠨ ᠡᠷᠭᠢᠨ ᠬᠤᠷᠭᠤᠳᠠᠭᠠᠳ | ᠪᠠᠶᠢᠳᠠᠭ ᠨᠢ ᠰ᠊ · ᠲᠡᠮᠦᠷ ᠤᠨ ᠰᠠᠨᠠᠭ᠎ᠠ ᠤᠤ ᠳ᠋ᠠ᠂ ᠪᠤᠴᠠᠨ ᠪᠤᠴᠠᠨ ᠡᠷᠭᠢᠭᠡᠳ ᠪᠠᠶᠢᠳᠠᠭ ᠨᠢ ᠪᠤᠬ᠎ᠠ ᠲᠡᠮᠦᠷ ᠤᠨ | ᠰᠡᠳᠬᠢᠯ ᠶᠤᠮ ᠤᠤ ᠳ᠋ᠠ﹀ ᠭᠡᠰᠡᠨ ᠣᠨᠢᠭ᠎ᠠ ᠵᠣᠬᠢᠶᠠᠭᠰᠠᠨ ᠪᠠᠶᠢᠨ᠎ᠠ ᠯᠠᠢ᠃ ᠦᠵᠦᠮ ᠤᠨ ᠤᠯᠠᠭᠠᠨ ᠤᠷᠤᠭᠤᠯ ᠲᠠᠢ | ᠦᠵᠡᠰᠭᠦᠯᠡᠩ ᠪᠦᠰᠡᠭᠦᠶᠢᠴᠦᠳ ᠲᠤ ᠦᠨᠡᠬᠡᠷ ᠲᠠᠯᠠᠷᠬᠠᠵᠤ ᠪᠠᠶᠢᠨ᠎ᠠ︾ ᠭᠡᠳ ᠯᠣᠩᠬᠤᠨ ᠤ ᠪᠠᠨ ᠪᠥᠭᠯᠡᠭᠡ ᠶᠢ | ᠦᠰᠦᠷᠭᠡᠯᠡ᠃ ᠲᠠᠪᠤᠨ ᠵᠠᠭᠤᠨ ᠦᠬᠡᠷ ᠲᠠᠢ ᠬᠥᠮᠥᠨ ᠲᠠᠪᠢᠨ ᠯᠣᠩᠬᠤ ᠶᠢ ᠵᠠᠳᠠᠯᠤᠭᠰᠠᠨ ᠴᠤ ᠶᠠᠭᠠᠬᠢᠳᠠᠭ ᠶᠤᠮ᠃ | ᠤᠯᠤᠰ ᠤᠳ ᠤᠯᠠᠭᠠᠨ ᠲᠠᠷᠠᠰᠤᠨ ᠤ ᠱᠠᠯᠠᠭᠠᠨ ᠠᠴᠠ ᠠᠷᠠᠢ ᠰᠠᠯᠵᠤ ᠠᠮᠵᠢᠭ᠎ᠠ ᠦᠭᠡᠢ ᠪᠠᠶᠢᠲᠠᠯ᠎ᠠ ᠵᠡᠭᠦᠨ | ᠬᠤᠶᠢᠭᠤᠷ ᠵᠣᠮᠪᠣᠶᠢᠵᠤ ᠰᠠᠭᠤᠵᠤ ᠪᠠᠶᠢᠭᠰᠠᠨ ᠭᠤ · ᠪᠤᠶᠠᠨᠲᠣᠭᠲᠠᠬᠤ ᠭᠤᠸᠠᠢ ᠭᠡᠨᠡᠳᠲᠡ ᠳᠠᠭᠤᠤ ᠠᠶᠠᠯᠤᠨ | ᠪᠠᠶᠢᠭᠰᠠᠨ ᠢᠶᠠᠨ᠂ ︽︿ᠭᠦᠨᠳᠦᠦᠷ﹀ ᠭᠡᠬᠦ ᠠᠷᠠᠳ ᠤᠨ ᠳᠠᠭᠤᠤ ᠪᠣᠯ ᠦᠨᠡᠨ ᠬᠥᠮᠥᠨ ᠤ ᠦᠨᠡᠨ ᠦᠢᠯᠡ | ᠶᠠᠪᠤᠳᠠᠯ ᠠᠴᠠ ᠡᠭᠦᠰᠦᠯᠲᠡᠢ᠃ ᠭᠦᠨᠳᠦᠦᠷ ᠤᠨ ᠵᠢᠩᠬᠢᠨᠢ ᠨᠡᠷ᠎ᠡ ᠨᠢ ᠳᠠᠮᠷᠢᠨᠵᠠᠪ ᠭᠡᠳᠡᠭ᠃ ᠤᠤᠯ ᠤᠨ ᠴᠠᠬᠠᠷ ᠱᠠᠩᠳᠤ | ᠠᠳᠤᠭᠤᠴᠢᠨ ᠬᠤᠰᠢᠭᠤᠨ ᠤ ᠬᠥᠮᠥᠨ᠂ ᠲᠡᠷᠡ ᠪᠠᠷ ᠱᠠᠩᠳᠤ ᠠᠳᠤᠭᠤᠴᠢᠨ ᠬᠤᠰᠢᠭᠤᠨ ᠤ ᠰᠢᠲᠦᠭᠡᠨᠲᠦ ᠰᠦᠮ᠎ᠡ ᠶᠢᠨ | ᠨᠢᠭᠡ ᠪᠤᠯᠬᠤ ᠭᠦᠦᠰᠢ ᠶᠢᠨ ᠰᠦᠮ᠎ᠡ ᠶᠢᠨ ᠪᠠᠨᠳᠢ ᠪᠠᠶᠢᠵᠤ᠂ ᠬᠠᠷᠠᠬᠠᠨ ᠪᠠᠭ᠎ᠠ ᠠᠴᠠ ᠪᠠᠨ ᠬᠦᠴᠦ ᠴᠢᠳᠠᠯ ᠶᠡᠭᠡ᠂ | ᠪᠢᠷ᠎ᠠ ᠲᠡᠩᠬᠡᠭᠡ ᠲᠠᠢ ᠪᠣᠯᠬᠤᠷ ᠦᠷᠭᠦᠯᠵᠢ ᠰᠦᠮ᠎ᠡ ᠶᠢᠨ ᠪᠣᠷᠣ ᠠᠵᠢᠯ ᠳᠤ ᠵᠠᠷᠤᠭᠳᠠᠨ᠂ ᠰᠢᠯᠢ ᠶᠢᠨ ᠭᠤᠣᠯ ᠤᠨ | ᠴᠢᠭᠤᠯᠭᠠᠨ ᠤ ᠵᠡᠭᠦᠨ ᠦᠵᠦᠮᠦᠴᠢᠨ ᠬᠤᠰᠢᠭᠤᠨ ᠤ ᠡᠵᠢ ᠨᠠᠭᠤᠷ ᠠᠴᠠ ᠳᠠᠪᠤᠰᠤ ᠲᠡᠭᠡᠭᠡᠬᠦ ᠳᠠᠪᠤᠰᠤᠨ ᠠᠶᠠᠨ ᠳᠤ | ᠵᠢᠯ ᠪᠣᠯᠭᠠᠨ ᠬᠡᠳᠦᠨ ᠰᠠᠷ᠎ᠠ ᠪᠠᠷ ᠶᠠᠪᠤᠳᠠᠭ ᠭᠡᠨ᠎ᠡ᠃ ᠢᠩᠭᠢᠭᠡᠳ ᠠᠯᠤᠰ ᠬᠤᠯᠠ ᠶᠢᠨ ᠨᠢᠭᠡ ᠥᠬᠢᠨ ᠲᠠᠢ ᠬᠠᠶᠢᠷ᠎ᠠ | ᠳᠤᠷᠠᠯᠠᠯ ᠲᠠᠢ ᠪᠣᠯᠤᠭᠰᠠᠨ ᠪᠤᠯᠪᠠᠴᠤ ᠨᠢᠭᠡ ᠳᠤ᠂ ᠲᠡᠷᠡ ᠪᠣᠯ ᠰᠦᠮ᠎ᠡ ᠳᠤ ᠯᠠᠮᠠ ᠶᠢᠨ ᠲᠠᠩᠰᠠ ᠲᠠᠢ᠂ ᠬᠤᠶᠠᠷ ᠲᠤ᠂ | ᠬᠠᠶᠢᠷᠠᠯᠠᠭᠰᠠᠨ ᠥᠬᠢᠨ ᠨᠢ ᠲᠡᠭᠦᠨ ᠤ ᠨᠤᠲᠤᠭ ᠠᠴᠠ ᠳᠠᠩᠴᠤ ᠬᠤᠯᠠ ᠭᠠᠵᠠᠷ ᠲᠤ ᠪᠠᠶᠢᠭ᠎ᠠ᠂ ᠭᠤᠷᠪᠠ ᠳᠤ᠂ | ᠲᠦᠷᠦ ᠭᠦᠷᠦᠨ ᠤ ᠰᠣᠯᠢᠭᠳᠠᠯ ᠵᠡᠷᠭᠡ ᠠᠴᠠ ᠬᠡᠳᠦᠨ ᠮᠢᠩᠭᠠᠨ ᠭᠠᠵᠠᠷ ᠤᠨ ᠠᠯᠤᠰ ᠲᠠᠬᠢ ᠡᠵᠢ ᠨᠠᠭᠤᠷ ᠤᠨ | ᠳᠠᠪᠤᠰᠤᠨ ᠠᠶᠠᠨ ᠤ ᠠᠵᠢᠯ ᠬᠥᠯ ᠬᠤᠷᠢᠶᠠᠭᠳᠠᠭᠰᠠᠨ ᠭᠡᠨ᠎ᠡ᠃ ᠵᠠ ᠢᠩᠭᠢᠭᠡᠳ ᠭᠦᠨᠳᠦᠦᠷ ᠬᠡᠮᠡᠭᠴᠢ ᠬᠤᠴᠢ ᠲᠠᠢ | ᠳᠠᠮᠷᠢᠨᠵᠠᠪ ᠰᠡᠳᠬᠢᠯ ᠭᠠᠩᠰᠠᠷᠠᠬᠤ ᠳᠠᠭᠠᠨ ᠡᠨᠡ ᠳᠠᠭᠤᠤ ᠶᠢ ᠵᠣᠬᠢᠶᠠᠨ ᠳᠠᠭᠤᠯᠠᠭᠰᠠᠨ ᠭᠡᠳᠡᠭ ᠠᠮᠠᠨ ᠤᠯᠠᠮᠵᠢᠯᠠᠯ | ᠪᠠᠶᠢᠳᠠᠭ︾ ᠬᠡᠮᠡᠨ ︽ᠭᠦᠨᠳᠦᠦᠷ︾ ᠭᠡᠬᠦ ᠮᠣᠩᠭᠤᠯ ᠨᠤᠲᠤᠭ ᠲᠤ ᠤᠯᠠᠨ ᠬᠤᠪᠢᠯᠪᠤᠷᠢ ᠪᠠᠷ ᠳᠠᠭᠤᠯᠠᠭᠳᠠᠳᠠᠭ | ᠠᠷᠠᠳ ᠤᠨ ᠳᠠᠭᠤᠤ ᠶᠢᠨ ᠢᠶᠠᠨ ᠲᠡᠦᠬᠡ ᠶᠢ ᠠᠮᠲᠠᠷᠬᠠᠨ ᠶᠠᠷᠢᠵᠤ ᠤᠯᠠᠨ ᠤ ᠰᠡᠳᠬᠢᠯ ᠢ ᠪᠠᠶᠠᠰᠬᠠᠭᠠᠳ᠂ ᠳᠤᠨᠳᠠᠷᠠᠰᠢ | ᠦᠭᠡᠢ ᠳᠠᠭᠤᠯᠠᠭᠳᠠᠵᠤ ᠯᠡ ᠪᠠᠶᠢᠳᠠᠭ ᠠᠷᠠᠳ ᠤᠨ ᠳᠠᠭᠤᠤ ᠶᠢᠨ ᠮᠢᠨᠢ ᠡᠭᠡᠰᠢᠭ ᠪᠣᠯᠭᠠᠨ ᠳᠤ ᠭᠦᠪᠦᠷᠡᠵᠦ ᠯᠡ | ᠪᠠᠶᠢᠳᠠᠭ ᠳᠤᠷᠠᠯᠠᠯ ᠬᠠᠶᠢᠷ᠎ᠠ ᠶᠢᠨ ᠦᠯᠢᠭᠡᠷ ᠡᠪᠦᠭᠡᠨ ᠵᠣᠬᠢᠶᠠᠯᠴᠢ ᠶᠢ ᠭᠡᠵᠢᠭᠡᠯᠡᠭᠰᠡᠨ ᠲᠥᠯᠥᠪ ᠲᠠᠢ᠂ ᠴᠠᠬᠠᠷ ᠤᠨ | ᠰᠠᠶᠢᠬᠠᠨ ᠪᠦᠰᠡᠭᠦᠢ ᠳᠤ ᠵᠣᠷᠢᠭᠤᠯᠤᠭᠰᠠᠨ ︽ᠴᠠᠬᠠᠷ ᠤᠨ ᠰᠠᠶᠢᠬᠠᠨ ᠭᠦᠩᠵᠦ︾ ᠬᠡᠮᠡᠬᠦ ᠬᠠᠶᠢᠷ᠎ᠠ ᠶᠢᠨ ᠪᠠᠳᠠᠭ ᠢᠶᠠᠨ | ᠤᠩᠰᠢᠵᠤ ᠬᠤᠷᠠᠭᠰᠠᠨ ᠤᠯᠠᠨ ᠵᠠᠯᠠᠭᠤ ᠰᠢᠯᠦᠭᠴᠢᠳ ᠤᠨ ᠢᠶᠠᠨ ᠬᠤᠷᠣᠬᠠᠢ ᠶᠢ ᠬᠥᠳᠡᠯᠭᠡᠯᠡ᠃ ᠳᠤᠷᠠᠯᠠᠯ ᠳᠤ ᠨᠠᠰᠤ | ᠵᠢᠯ ᠤᠨ ᠬᠢᠵᠠᠭᠠᠷ ᠪᠠᠶᠢᠳᠠᠭ ᠦᠭᠡᠢ ᠲᠤᠯᠠ ᠳᠠᠭᠤᠤ ᠰᠢᠯᠦᠭ ᠲᠤ ᠮᠥᠩᠬᠡ ᠦᠯᠡᠳᠡᠳᠡᠭ ᠵᠢᠮ᠎ᠡ ᠲᠠᠢ ᠠᠵᠤᠭᠤ᠃ | ᠲᠡᠷᠡ ᠰᠢᠯᠦᠭ ᠨᠢ᠄ | ᠨᠠᠷᠠ ᠬᠤᠷ᠎ᠠ ᠨᠢ ᠨᠠᠯᠠᠶᠢᠨ | ᠨᠠᠪᠴᠢ ᠴᠡᠴᠡᠭ ᠨᠢ ᠮᠦᠰᠢᠶᠡᠭᠰᠡᠨ | ︽ᠴᠠᠬᠠᠷ ᠤᠨ ᠰᠠᠶᠢᠬᠠᠨ ᠭᠦᠩᠵᠦ︾ ᠶᠢᠨ ᠨᠤᠲᠤᠭ | ᠴᠠᠭᠯᠠᠰᠢ ᠦᠭᠡᠢ ᠭᠤᠶᠣᠬᠠᠨ ᠪᠠᠶᠢᠨᠠᠮ | ᠬᠡᠭᠡᠷ᠎ᠡ ᠶᠢᠨ ᠴᠡᠴᠡᠭᠡᠰ ᠢ ᠢᠴᠢᠭᠡᠮᠡᠷ | ᠬᠡᠭᠡᠨᠴᠢᠷ ᠰᠠᠶᠢᠬᠠᠨ ᠠᠪᠠᠭ᠋ᠠᠶᠢᠳᠠᠳ | ᠤᠯᠠᠷᠢᠯ ᠤᠨ ᠰᠠᠯᠬᠢᠨ ᠢ ᠠᠲᠠᠭᠠᠷᠬᠠᠭᠤᠯᠤᠮᠠᠷ | ᠤᠶᠠᠬᠠᠨ ᠽᠠᠮᠪᠦᠯᠢᠩ ᠤᠨ ᠭᠦᠭᠦᠭᠡᠴᠢᠨ | ᠢᠨᠢᠶᠡᠳᠦᠨ ᠳᠤᠨᠢ ᠨᠠᠷᠠ ᠪᠢᠰᠢᠭᠦᠷᠬᠡᠵᠦ | ᠳᠠᠭᠤᠤ ᠳᠤᠨᠢ ᠰᠠᠷᠠᠨ ᠵᠢᠷᠭᠠᠨ᠎ᠠ | ᠮᠣᠩᠭᠤᠯ ᠪᠦᠰᠡᠭᠦᠢ ᠶᠢᠨ ᠨᠠᠮᠪᠠᠭᠠᠯᠢᠭ ᠵᠢᠪᠬᠤᠭ᠎ᠠ | ᠮᠢᠩᠭᠠᠨ ᠡᠷᠡᠴᠦᠦᠯ ᠤᠨ ᠰᠡᠳᠬᠢᠯ ᠭᠡᠵᠢᠭᠡᠳᠡᠨ᠎ᠡ | ᠶᠠᠩᠵᠢᠨᡀᠠᠮᠤ ᠶᠢᠨ ᠰᠠᠬᠢᠭᠤᠰᠤ ᠴᠠᠴᠠᠨ - ᠭᠤᠸ᠎ᠠ ᠪᠠᠷ | ︽ᠪᠤᠯᠠᠭᠠᠨ ᠲᠣᠬᠤᠢ︾ ᠰᠢᠷᠭᠤᠯᠤᠨ ᠰᠢᠷᠤᠩᠬᠠᠶᠢᠯᠠᠵᠤ | ᠪᠥᠵᠢᠬᠦ ᠶᠢᠨ ᠡᠷᠳᠡᠮ᠂ ᠦᠷᠵᠢᠨ - ᠬᠠᠩᠷᠠ ᠪᠠᠷ | ᠪᠥᠵᠢᠭ ᠤᠨ ᠳᠡᠪᠵᠢᠶᠡᠨ ᠨᠢᠯᠬᠠᠷᠠᠨᠠᠮ᠁ | ᠵᠠ ᠲᠡᠭᠡᠭᠡᠳ ᠨᠠᠶᠢᠷ ᠴᠤ ᠬᠠᠪᠲᠠᠭᠠᠶᠢᠷᠠᠬᠤ ᠶᠠᠩᠵᠤ ᠠᠯᠠᠭ᠎ᠠ᠃ ᠪᠦᠭᠦᠳᠠ ᠪᠤᠭᠤᠷᠤᠯ ᠵᠣᠬᠢᠶᠠᠯᠴᠢ ᠶᠢᠨ | ᠳᠤᠷᠠᠯᠠᠳᠠᠭ ︽ᠪᠤᠯᠠᠭᠠᠨ ᠲᠣᠬᠤᠢ︾ ᠳᠠᠭᠤᠤ ᠶᠢ ᠳᠠᠭᠤᠯᠠᠳᠠᠭ ᠴᠠᠬᠠᠷ ᠪᠦᠰᠡᠭᠦᠢ ᠶᠢ ᠲᠥᠰᠥᠭᠡᠯᠡᠭᠡᠳ ᠰᠠᠭᠤᠵᠤ | ᠪᠠᠶᠢᠬᠤ ᠴᠢᠯᠦᠭᠡᠨ ᠳᠤ ᠮᠣᠯᠬᠢ ᠪᠢ ︽ᠠᠷᠠᠳ ᠤᠨ ᠳᠠᠭᠤᠤ ᠶᠢᠨ ᠠᠯᠭᠢᠷᠮ᠎ᠠ︾ ᠰᠢᠯᠦᠭ ᠢᠶᠠᠨ ᠬᠡᠯᠡᠵᠦ ᠭᠦᠭ | ᠨᠡᠮᠡᠵᠦ᠂ ᠤᠯᠠᠨ ᠰᠠᠶᠢᠬᠠᠨ ᠷᠣᠮᠠᠨ ᠤ ᠡᠵᠡᠨ ᠱᠠ᠊ · ᠪᠦᠭᠡ ︽ᠬᠥᠳᠡᠭᠡ ᠰᠢᠯᠢ︾ ᠵᠦᠴᠦᠭᠡ ᠶᠢᠨ ᠢᠶᠠᠨ ᠭᠤᠣᠯ | ᠳᠠᠭᠤᠤ ᠪᠤᠯᠬᠤ ︽ᠠᠷᠤ ᠰᠢᠯᠢ ᠶᠢᠨ ᠲᠤᠮᠤᠭ︾ ᠳᠠᠭᠤᠤ ᠪᠠᠨ ᠨᠤᠲᠤᠭ ᠤᠨ ᠳᠡᠭᠦᠦ ᠲᠣᠳᠣᠪᠢᠯᠢᠭ᠌ ᠢᠶᠠᠷ ᠢᠶᠠᠨ | ᠳᠠᠭᠤᠯᠠᠭᠤᠯᠬᠤ ᠭᠡᠵᠦ ᠨᠡᠯᠢᠶᠡᠳ ᠬᠡᠳᠦᠨ ᠬᠤᠨᠳᠠᠭ᠎ᠠ ᠲᠠᠲᠠᠴᠢᠬᠠᠭᠠᠳ ᠨᠠᠳᠠ ᠠᠴᠠ ᠨᠦᠭᠦᠭᠡ ᠬᠠᠶᠢᠷ᠎ᠠ ᠶᠢᠨ | ᠰᠢᠯᠦᠭ ᠢ ᠪᠠᠳᠢᠷᠯᠠᠬᠤ ᠶᠢᠨ ᠳᠠᠭᠠᠤ ︽ᠠᠯᠠᠱᠠ ᠳᠤ ᠢᠷᠡᠬᠦ ᠠᠴᠠ ᠡᠮᠦᠨ᠎ᠡ ᠬᠠᠨ ᠲᠡᠭᠷᠢ ᠠᠯᠠᠱᠠ ᠭᠡᠭᠴᠢ ᠲᠡᠭᠷᠢ ᠲᠠᠢ | ᠵᠦᠢᠷᠯᠡᠭᠰᠡᠨ ᠶᠠᠭᠠᠬᠢᠭᠰᠠᠨ ᠲᠣᠮᠣ ᠨᠡᠷ᠎ᠡ ᠲᠠᠢ ᠭᠠᠵᠠᠷ ᠪᠤᠢ ᠭᠡᠵᠦ ᠪᠠᠰᠤᠵᠤ ᠪᠠᠶᠢᠭᠰᠠᠨ ᠪᠣᠯ ᠠᠯᠠᠱᠠ ᠨᠤᠲᠤᠭ ᠤᠨ | ᠠᠭᠤᠯᠠ ᠤᠰᠤ᠂ ᠭᠤᠪᠢ ᠴᠦᠯ᠂ ᠬᠥᠮᠥᠨ ᠠᠷᠠᠳ ᠲᠠᠢ ᠨᠢ ᠠᠭᠤᠯᠵᠠᠭᠠᠳ ᠡᠨᠡ ᠨᠤᠲᠤᠭ ᠲᠤ ᠬᠠᠨ ᠲᠡᠭᠷᠢ | ᠠᠯᠠᠱᠠ ᠭᠡᠰᠡᠨ ᠨᠡᠷ᠎ᠡ ᠪᠠᠭᠠᠳᠠᠬᠤ ᠪᠠᠶᠢᠵᠠᠢ︾ ᠬᠡᠮᠡᠨ ᠨᠤᠲᠤᠭ ᠤᠨ ᠰᠠᠶᠢᠬᠠᠨ ᠢ ᠰᠡᠳᠬᠢᠯ ᠳᠣᠭᠳᠣᠯᠤᠨ | ᠮᠠᠭᠲᠠᠬᠤ ᠳᠤ ᠨᠤᠲᠤᠭ ᠤᠨ ᠮᠠᠨᠢ ᠵᠣᠬᠢᠶᠠᠯᠴᠢᠳ ᠴᠠᠭᠠᠨ᠎ᠠ ᠪᠠᠨ ᠯᠡ ᠨᠢᠭᠡ ᠬᠠᠨᠠᠭᠠᠷ ᠰᠠᠭᠤᠵᠤ ᠪᠠᠶᠢᠯ᠎ᠠ᠃ | ᠨᠤᠲᠤᠭ ᠢᠶᠠᠷ ᠢᠶᠠᠨ ᠪᠠᠭ᠋ᠠᠷᠬᠠᠬᠤ ᠰᠢᠭ᠋ ᠪᠠᠷᠳᠠᠮ ᠵᠦᠢᠯ ᠥᠭᠡᠷ᠎ᠡ ᠬᠠᠮᠢᠭ᠎ᠠ ᠪᠠᠶᠢᠨ᠎ᠠ ᠪᠤᠢ⁈ ᠦᠨᠡᠬᠡᠷ ᠮᠠᠨ ᠤ ᠭᠠᠯ | ᠠᠶᠠᠨ ᠤ ᠬᠢᠨ ᠲᠡᠷᠡ ᠦᠳᠡᠰᠢ ᠮᠣᠩᠭᠤᠯ ᠲᠦᠮᠡᠨ ᠪ᠊ ᠳᠠᠭᠤᠤ ᠳᠤ ᠪᠠᠶᠢᠳᠠᠭ ᠬᠦᠴᠦ᠂ ᠳᠠᠭᠤᠤ ᠶᠢᠨ ᠰᠢᠯᠦᠭ ᠲᠤ | ᠨᠢᠭᠤᠭᠳᠠᠭᠰᠠᠨ ᠰᠢᠳᠢ ᠶᠢ ᠡᠷᠬᠡ ᠦᠭᠡᠢ ᠮᠡᠳᠡᠷᠡᠨ᠂ ᠮᠣᠩᠭᠤᠯ ᠤᠯᠤᠰ ᠤᠨ ᠠᠷᠠᠳ ᠤᠨ ᠤᠷᠠᠨ ᠵᠣᠬᠢᠶᠠᠯᠴᠢ | ᠪᠠᠪᠤᠤ ᠶᠢᠨ ᠯᠾᠠᠭᠪᠠᠰᠦ᠋ᠷᠦᠩ ᠤᠨ ︽ᠠᠷᠠᠳ ᠤᠨ ᠳᠠᠭᠤᠤ ᠶᠢᠨ ᠰᠢᠯᠦᠭ ᠰᠢᠭ ᠭᠠᠭᠴᠠ ᠰᠢᠯᠦᠭ ᠪᠢᠴᠢᠴᠢᠬᠡᠬᠦ | ᠶᠤᠮᠰᠠᠨ︾ ᠭᠡᠰᠡᠨ ᠦᠭᠡᠨ ᠤ ᠤᠬᠠᠭᠠᠨ ᠢ ᠣᠶᠢᠯᠠᠭᠠᠨ ᠳᠤᠷᠠᠯᠠᠯ ᠤᠨ ᠤᠯᠠᠭᠠᠨ ᠲᠠᠷᠠᠰᠤ᠂ ᠳᠠᠭᠤᠤ ᠶᠢᠨ ᠴᠡᠩᠬᠡᠷ | ᠠᠶᠠᠯᠭᠤ᠂ ᠲᠤᠷᠤᠨ᠎ᠠ ᠶᠢᠨ ᠰᠢᠯᠦᠭᠴᠢᠳ ᠤᠨ ᠲᠣᠷᠭᠠᠨ ᠪᠠᠳᠠᠭ ᠤᠳ ᠢᠶᠠᠷ ᠲᠤᠤᠷᠠᠶᠢᠳᠤ ᠨᠤᠲᠤᠭ ᠤᠨ ᠦᠳᠡᠰᠢ ᠶᠢᠨ | ᠲᠡᠭᠷᠢ ᠶᠢ ᠴᠢᠮᠡᠵᠦ ᠣᠷᠣᠢ ᠪᠤᠯᠳᠠᠯ᠎ᠠ ᠨᠠᠷᠭᠢᠵᠠᠭᠠᠭᠰᠠᠨ ᠪᠢᠯᠡ᠃ ᠤᠷᠠᠨ ᠪᠦᠲᠦᠭᠡᠯᠴᠢᠳ ᠤᠨ ᠠᠭᠤᠯᠵᠠᠯᠲᠠ ᠭᠡᠵᠦ | ᠡᠶᠢᠮᠦᠷᠬᠦᠦ ᠯᠡ ᠪᠠᠶᠢᠳᠠᠭ ᠶᠤᠮᠰᠠᠨ᠃ | ᠮᠣᠯᠬᠢ ᠪᠢᠴᠢᠭᠡᠴᠢ ᠪᠢ ᠴᠤ ᠠᠭᠤᠯᠠᠨ ᠳᠤ ᠥᠰᠦᠭᠰᠡᠨ ᠬᠡᠦᠬᠡᠳ ᠪᠣᠯᠬᠤᠷ ᠠᠯᠢ ᠡᠷᠲᠡ ᠠᠴᠠ | ᠬᠤᠯᠠ ᠶᠢᠨ ᠬᠥᠮᠥᠨ ᠤ ᠮᠥᠷᠥᠭᠡᠳᠦᠯ ᠢ ᠠᠷᠭᠠᠮᠵᠢᠭᠰᠠᠨ᠂ ᠣᠶᠢᠷ᠎ᠠ ᠶᠢᠨ ᠬᠥᠮᠥᠨ ᠤ ᠬᠦᠰᠡᠯ ᠢ ᠪᠡᠶᠡᠯᠡᠭᠦᠯᠦᠭᠰᠡᠨ | ᠠᠯᠠᠭ ᠠᠭᠤᠯᠠ ᠠᠯᠳᠠᠨ ᠲᠡᠪᠰᠢ ᠳᠤ ᠨᠢᠭᠡ ᠣᠴᠢᠬᠤ ᠶᠤᠮᠰᠠᠨ ᠭᠡᠰᠡᠨ ᠪᠤᠳᠤᠯ ᠢᠶᠠᠨ ᠲᠡᠭᠡᠭᠡᠭᠰᠡᠭᠡᠷ ᠡᠨᠡ ᠤᠳᠠᠭ᠎ᠠ | ᠰᠢᠯᠢ ᠶᠢᠨ ᠭᠤᠣᠯ ᠤᠨ ᠵᠣᠬᠢᠶᠠᠯᠴᠢᠳ ᠡᠨᠡᠭᠦᠷ ᠢᠷᠡᠨ᠎ᠡ ᠭᠡᠰᠡᠨ ᠴᠢᠮᠡᠭᠡ ᠪᠠᠷ ᠤᠷᠢᠳᠴᠢᠯᠠᠨ ᠭᠠᠷᠠᠭ ᠤᠨ ᠡᠮᠦᠨ᠎ᠡ | ᠠᠯᠳᠠᠨ ᠲᠡᠪᠰᠢ ᠶᠢᠨ ᠰᠦᠮ᠎ᠡ ᠳᠤ ᠬᠦᠷᠴᠦ ᠨᠣᠮ ᠤᠨ ᠲᠠᠭᠤ ᠰᠣᠨᠣᠰᠴᠤ᠂ ᠠᠭᠯᠠᠭ ᠲᠠᠶᠢᠪᠤᠩ ᠣᠷᠴᠢᠨ ᠳᠤ ᠪᠡᠶ᠎ᠡ | ᠰᠡᠳᠬᠢᠯ ᠢᠶᠠᠨ ᠠᠮᠠᠷᠠᠭᠠᠨ᠂ ᠰᠢᠯᠦᠭ ᠤᠨ ᠣᠩᠭᠤᠳ ᠢᠶᠠᠨ ᠳᠠᠭᠤᠳᠠᠵᠤ ᠰᠠᠭᠤᠭᠰᠠᠨ ᠰᠠᠨ᠃ ᠲᠡᠭᠡᠭᠡᠳ ᠲᠡᠨᠳᠡ | ᠴᠡᠴᠡᠭ ᠤᠨ ᠰᠢᠭᠦᠳᠡᠷᠢ ᠲᠠᠢ ᠨᠠᠮᠤᠷ ᠤᠨ ᠥᠷᠯᠥᠭᠡ ᠴᠢᠬᠢ ᠨᠢ ᠲᠠᠭᠠᠷᠠᠬᠰᠠᠨ ᠲᠠᠤᠯᠠᠢ ᠶᠢᠨ ᠪᠥᠵᠥᠩ ᠲᠠᠢ | ᠲᠠᠭᠠᠷᠠᠯᠳᠤᠵᠤ᠂ ᠠᠳᠤᠭᠤ ᠲᠤᠷᠭᠢᠵᠤ ᠬᠤᠨᠣᠭᠰᠠᠨ ᠦᠳᠡᠰᠢ ᠶᠢᠨ ᠰᠠᠷᠠᠨ ᠠᠷᠭᠠᠮᠵᠢᠶ᠎ᠠ ᠲᠠᠢ ᠶᠤᠮ ᠰᠢᠭ᠋ ᠤᠶᠠᠭ᠎ᠠ | ᠲᠣᠭᠤᠷᠢᠬᠤ ᠪᠠᠷ ᠨᠢ ᠥᠷᠯᠥᠭᠡ ᠬᠠᠷᠠᠬᠤ ᠳᠤ ᠮᠣᠷᠢᠨ ᠤᠶᠠᠭ᠎ᠠ ᠲᠣᠭᠤᠷᠢᠨ ᠮᠦᠭᠦᠨ ᠬᠦᠷᠢᠶ᠎ᠡ ᠲᠠᠲᠠᠴᠢᠬᠠᠭᠰᠠᠨ ᠢ | ᠭᠠᠶᠢᠬᠠᠵᠤ ︽ᠠᠯᠳᠠᠨ ᠲᠡᠪᠰᠢ ᠶᠢᠨ ᠰᠦᠮ᠎ᠡ ᠳᠤ ᠠᠮᠤᠭᠤᠯᠠᠩ ᠥᠷᠯᠥᠭᠡ ᠰᠠᠭᠠᠲᠠᠬᠤ ᠨᠢ ᠠ᠋︾ ᠬᠡᠮᠡᠬᠦ | ᠪᠦᠲᠦᠭᠡᠯ ᠢᠶᠠᠨ ᠲᠡᠷᠯᠡᠵᠤ ᠪᠢᠯᠡ᠃ | ᠤᠷᠳᠤ ᠨᠠᠮᠤᠷ ᠤᠨ ᠤᠨᠢᠶᠠᠷ ᠮᠠᠨᠠᠨ ᠭᠡᠵᠦ ᠥᠷᠯᠥᠭᠡᠨ ᠨᠠᠷᠠᠨ ᠠᠴᠠ ᠤᠷᠢᠳᠤᠭᠤᠷ ᠠᠮᠵᠢᠨ | ᠣᠷᠴᠢᠯᠠᠩ ᠤᠨ ᠭᠤᠸ᠎ᠠ ᠶᠢ ᠪᠦᠲᠦᠭᠡᠬᠦ ᠭᠡᠵᠦ ᠶᠠᠭᠠᠷᠠᠳᠠᠭ ᠢ ᠴᠢᠩᠭᠢᠰ ᠤᠨ ᠠᠯᠳᠠᠨ ᠲᠠᠪᠰᠢ ᠶᠢᠨ ᠣᠪᠣᠭᠠᠨ ᠳᠤ | ᠭᠠᠷᠴᠤ ᠪᠠᠶᠢᠬᠤ ᠳᠠᠭᠠᠨ ᠤᠴᠢᠷᠲᠠᠶᠢᠬᠠᠨ ᠱᠠᠭᠰᠢᠨ ᠭᠠᠶᠢᠬᠠᠵᠤ ᠢᠭᠡᠷᠡᠯᠡᠨ ᠴᠡᠩᠬᠡᠷᠯᠡᠭᠡ ᠡᠨᠡ ᠬᠤᠶᠠᠷ ᠠᠭᠤᠯᠠ | ᠠᠯᠲᠠᠨᠴᠤᠭ ᠤᠨ ᠮᠠᠯᠴᠢᠳ ᠲᠤ ᠪᠤᠶᠠᠨ ᠬᠡᠰᠢᠭ ᠢᠶᠠᠨ ᠲᠦᠭᠡᠭᠡᠭᠰᠡᠭᠡᠷ ᠭᠡᠳᠡᠭ ᠢ ᠰᠠᠨᠠᠬᠤ ᠳᠤ ᠥᠪᠡᠷ ᠤᠨ ᠡᠷᠬᠡ | ᠦᠭᠡᠢ ᠭᠠᠷᠮᠠᠭᠠᠢ ᠨᠠᠶᠢᠷᠠᠭᠴᠢ ᠳᠣᠯᠭᠠᠷ ᠤᠨ ᠨᠢᠮ᠎ᠠ ᠶᠢᠨ ︽ᠠᠷᠭᠠᠯᠢ ᠶᠢᠨ ᠠᠭᠤᠯᠠ︾ ᠭᠡᠳᠡᠭ ᠰᠣᠩᠭᠤᠳᠠᠭ | ᠪᠦᠲᠦᠭᠡᠯ ᠤᠨ ᠮᠥᠷ ᠪᠠᠳᠠᠭ ᠰᠠᠨᠠᠭᠠᠨ ᠳᠤ ᠪᠠᠭᠤᠯ᠎ᠠ᠃ | ᠠᠷᠭᠠᠯᠢ ᠶᠢᠨ ᠠᠭᠤᠯᠠ | ᠪᠠᠷ᠎ᠠ ᠪᠠᠷ᠎ᠠ ᠪᠠᠨ ᠬᠠᠷᠠᠭᠰᠠᠨ ᠬᠤᠯᠠ ᠶᠢᠨ ᠴᠡᠩᠬᠡᠷ ᠠᠭᠤᠯᠠ | ᠪᠠᠭ᠎ᠠ ᠠᠴᠠ ᠪᠠᠨ ᠮᠢᠨᠤ ᠬᠠᠶᠢᠷᠠᠲᠠᠢ ᠬᠤᠶᠠᠷ ᠴᠡᠩᠬᠡᠷ ᠠᠭᠤᠯᠠ | ᠵᠡᠷᠭᠡᠯᠭᠡ ᠭᠦᠶᠦᠭᠰᠡᠨ ᠲᠠᠯ᠎ᠠ ᠶᠢᠨ ᠵᠡᠷᠭᠡᠴᠡᠭᠡ ᠬᠤᠶᠠᠷ ᠠᠭᠤᠯᠠ | ᠵᠡᠭᠡᠷ᠎ᠡ ᠴᠠᠬᠢᠯᠤᠭᠰᠠᠨ ᠬᠥᠨᠳᠡᠢ ᠶᠢᠨ ᠰᠤᠨᠲᠤᠭᠠᠢ ᠬᠤᠶᠠᠷ ᠠᠭᠤᠯᠠ | ᠰᠠᠭᠠᠬᠠᠯᠲᠠ ᠬᠤᠶᠠᠷ ᠠᠶᠢᠯ ᠤᠨ ᠰᠠᠨᠠᠭ᠎ᠠ ᠨᠢᠭᠡ ᠭᠡᠳᠡᠭ ᠰᠢᠭ | ᠰᠠᠶᠢᠬᠠᠨ ᠬᠤᠶᠠᠷ ᠠᠭᠤᠯᠠ ᠶᠢᠨ ᠰᠠᠯᠬᠢ ᠪᠠᠰᠠ ᠨᠡᠶᠢᠯᠡᠨ᠎ᠡ | ᠰᠠᠶᠢᠬᠠᠨ ᠬᠤᠶᠠᠷ ᠠᠭᠤᠯᠠ ᠶᠢᠨ ᠰᠠᠯᠬᠢ ᠨᠡᠶᠢᠯᠡᠪᠡ ᠭᠡᠬᠦ ᠳᠤ | ᠪᠣᠲᠣᠭᠤᠨ ᠴᠠᠭᠠᠨ ᠡᠭᠦᠯᠡᠨ ᠤ ᠪᠣᠷᠤᠭ᠎ᠠ ᠪᠠᠰᠠ ᠨᠡᠶᠢᠯᠡᠨ᠎ᠡ | ᠪᠣᠲᠣᠭᠤᠨ ᠴᠠᠭᠠᠨ ᠡᠭᠦᠯᠡᠨ ᠤ ᠪᠣᠷᠤᠭ᠎ᠠ ᠨᠡᠶᠢᠯᠡᠪᠡ ᠭᠡᠬᠦ ᠳᠤ | ᠴᠡᠩᠬᠡᠷ ᠬᠤᠶᠠᠷ ᠠᠭᠤᠯᠠ ᠶᠢᠨ ᠴᠡᠴᠡᠭ ᠪᠠᠰᠠ ᠨᠡᠶᠢᠯᠡᠨ᠎ᠡ | ᠬᠤᠯᠠ ᠶᠢᠨ ᠬᠤᠯᠠ ᠠᠴᠠ ᠪᠠᠷ᠎ᠠ ᠲᠠᠢ ᠠᠷᠭᠠᠯᠢ ᠶᠢᠨ ᠬᠤᠶᠠᠷ ᠠᠭᠤᠯᠠ | ᠬᠤᠶᠠᠭᠤᠯᠠ ᠪᠠᠨ ᠪᠠᠶᠢᠬᠤ ᠨᠢ ᠵᠢᠷᠭᠠᠯ ᠲᠠᠢ ᠠᠮᠠᠷᠠᠭ ᠤᠨ ᠬᠤᠶᠠᠷ ᠠᠭᠤᠯᠠ | ᠬᠡᠨ ᠬᠡᠨ ᠠᠴᠠ ᠪᠠᠨ ᠴᠤ ᠬᠤᠯᠠᠳᠬᠤ ᠦᠭᠡᠢ ᠲᠠᠯ᠎ᠠ ᠶᠢᠨ ᠬᠤᠶᠠᠷ ᠠᠭᠤᠯᠠ | ᠬᠡᠵᠢᠶ᠎ᠡ ᠴᠤ ᠭᠡᠰᠡᠨ ᠣᠶᠢᠷᠠᠳᠬᠤ ᠦᠭᠡᠢ ᠳᠠᠭᠤᠤ ᠶᠢᠨ ᠬᠤᠶᠠᠷ ᠠᠭᠤᠯᠠ᠁ | ᠮᠠᠨ ᠤ ᠭᠠᠯ ᠠᠶᠠᠨ ᠤ ᠬᠢᠨ ᠶᠠᠭ ᠯᠡ ᠡᠨᠡ ᠰᠢᠯᠦᠭ ᠲᠤ ᠭᠠᠷᠳᠠᠭ ᠰᠢᠭ᠋ ᠠᠯᠠᠭ ᠠᠭᠤᠯᠠ ᠠᠯᠳᠠᠨ | ᠲᠡᠪᠰᠢ ᠶᠢᠨ ᠤᠷᠭᠢᠯ ᠢᠶᠠᠷ ᠨᠢ ᠰᠠᠯᠬᠢ ᠨᠡᠶᠢᠯᠡᠳᠡᠭ ᠢ ᠭᠠᠶᠢᠬᠠᠵᠤ᠂ ᠪᠡᠯ ᠢᠶᠠᠷ ᠨᠢ ᠴᠡᠴᠡᠭ ᠨᠡᠶᠢᠯᠡᠳᠡᠭ ᠢ ᠱᠠᠭᠰᠢᠵᠤ᠂ | ᠪᠤᠳᠤᠯ ᠪᠤᠳᠤᠯ ᠳᠠᠭᠠᠨ ᠤᠯᠠᠨ ᠰᠠᠶᠢᠬᠠᠨ ᠪᠦᠲᠦᠭᠡᠯ ᠢᠶᠠᠨ ᠪᠢᠰᠢᠯᠭᠠᠭᠰᠠᠭᠠᠷ ᠯᠡ ᠨᠤᠲᠤᠭ ᠨᠤᠲᠤᠭ ᠤᠷᠤᠭᠤ ᠪᠠᠨ | ᠪᠤᠴᠠᠵᠠᠭᠠᠭᠰᠠᠨ ᠶᠤᠮ᠃ ᠳᠡᠮᠡᠢ ᠴᠤ ᠤᠳᠠᠯ ᠦᠭᠡᠢ ᠪᠠᠷᠠᠭᠤᠨ ᠰᠥᠨᠢᠳ ᠤᠨ ᠮᠥᠩᠬᠡᠵᠢᠷᠭᠠᠯ ᠳᠡᠭᠦᠦ ᠨᠠᠳᠠᠳᠤ ︽ | ᠠᠶᠠᠯᠭᠤ ᠲᠠᠩᠰᠤᠭ ᠠᠯᠠᠱᠠ︾ ᠬᠡᠮᠡᠬᠦ ᠳᠠᠭᠤᠤ ᠶᠢᠨ ᠰᠢᠯᠦᠭ ᠢᠶᠠᠨ ᠢᠷᠡᠭᠦᠯᠵᠦ ᠪᠢᠯᠡ᠃ | ᠡᠨᠡ ᠪᠦᠲᠦᠭᠡᠯ ᠢ ᠨᠢ ᠡ᠊ᠨᠳᠠ ᠤᠯᠠᠨ ᠲᠠᠢ ᠬᠤᠪᠢᠶᠠᠯᠴᠠᠪᠠᠯ᠄ | ᠠᠶᠠᠯᠭᠤ ᠲᠠᠩᠰᠤᠭ ᠠᠯᠠᠱᠠ | ᠰᠢᠷᠡᠮᠦᠨ ᠲᠠᠪᠠᠭᠲᠤ ᠲᠡᠮᠡᠭᠡᠳ ᠨᠢ ᠰᠦᠵᠢᠷᠡᠵᠦ ᠬᠤᠩᠭᠤᠷᠳᠠᠬᠰᠠᠨ ᠭᠤᠪᠢ | ᠰᠢᠯᠦᠭ ᠲᠡᠷᠯᠡᠭᠰᠡᠨ ᠠᠬ᠎ᠠ ᠶᠢᠨ ᠮᠢᠨᠢ ᠰᠡᠳᠬᠢᠯ ᠳᠤ ᠰᠢᠩᠭᠡᠭᠰᠡᠨ ᠡᠯᠡᠰᠦᠨ | ᠰᠢᠲᠦᠭᠡᠨ ᠥᠨᠳᠥᠷ ᠠᠯᠳᠠᠨ ᠲᠡᠪᠰᠢ ᠶᠢᠨ ᠥᠨᠢᠷ ᠲᠠᠩᠰᠤᠭ ᠪᠤᠶᠠᠨ | ᠰᠢᠭᠦᠰᠦ ᠵᠠᠰᠠᠭᠰᠠᠨ ᠡᠵᠡᠨ ᠤ ᠬᠢᠨᠢ ᠲᠠᠯᠠᠢ ᠪᠠᠶᠠᠨ ᠬᠡᠰᠢᠭ | ᠬᠥᠮᠥᠨ ᠤ ᠬᠤᠪᠣᠷᠬᠠᠨ ᠵᠠᠶᠠᠭ᠎ᠠ ᠶᠢ ᠳᠠᠭᠤᠤ ᠪᠠᠷ ᠠᠷᠭᠠᠳᠠᠭᠰᠠᠨ ᠨᠤᠲᠤᠭ | ᠭᠦᠭ ᠨᠢ ᠬᠠᠨᠤᠭᠰᠠᠨ ᠬᠤᠭᠤᠷ ᠰᠢᠭ᠋ ᠠᠶᠠᠯᠭᠤ ᠲᠠᠩᠰᠤᠭ ᠠᠯᠠᠱᠠ ᠮᠢᠨᠤ ᠵᠧ | ᠳᠥᠯᠭᠡᠨ ᠭᠤᠪᠢ ᠳᠤ ᠲᠡᠦᠬᠡ ᠪᠠᠨ ᠮᠠᠨᠠᠭᠰᠠᠨ ᠭᠤᠯᠣᠮᠲᠠ | ᠲᠡᠭᠷᠢ ᠠᠴᠠ ᠣᠶᠢᠷᠠᠬᠠᠨ ᠨᠤᠲᠤᠭ ᠤᠨ ᠡᠷᠬᠡᠰ ᠰᠠᠭᠠᠲᠠᠭᠰᠠᠨ ᠪᠠᠭᠤᠴᠠ | ᠳᠡᠭᠡᠭᠰᠢ ᠪᠠᠨ ᠵᠠᠶᠠᠭᠠᠲᠤ ᠲᠦᠮᠡᠨ ᠤ ᠲᠡᠩᠴᠡᠵᠦ ᠪᠣᠰᠣᠭᠰᠠᠨ ᠥᠯᠥᠭᠡᠢ | ᠲᠦᠷᠢᠯᠭᠡ ᠡᠷᠭᠦᠬᠦ ᠳᠡᠭᠦᠦ ᠶᠢᠨ ᠮᠢᠨᠢ ᠳᠠᠭᠤᠤ ᠰᠢᠭ᠋ ᠴᠠᠮᠢᠨ ᠨᠤᠲᠤᠭ | ᠬᠥᠮᠥᠨ ᠤ ᠬᠤᠪᠣᠷᠬᠠᠨ ᠵᠠᠶᠠᠭ᠎ᠠ ᠶᠢ ᠳᠠᠭᠤᠤ ᠪᠠᠷ ᠠᠷᠭᠠᠳᠠᠭᠰᠠᠨ ᠨᠤᠲᠤᠭ | ᠭᠦᠭ ᠨᠢ ᠬᠠᠨᠤᠭᠰᠠᠨ ᠬᠤᠭᠤᠷ ᠰᠢᠭ᠋ ᠠᠶᠠᠯᠭᠤ ᠲᠠᠩᠰᠤᠭ ᠠᠯᠠᠱᠠ ᠮᠢᠨᠤ ᠵᠧ | ᠴᠠᠭ ᠴᠠᠭ ᠤᠨ ᠨᠡᠭᠦᠳᠡᠯ ᠢ ᠲᠡᠯᠡᠮᠡᠨ ᠵᠡᠷᠭᠡᠯᠭᠡᠨ ᠳᠤ ᠪᠦᠪᠡᠶᠢᠯᠡᠭᠰᠡᠨ | ᠴᠠᠴᠠᠨ ᠬᠤᠩᠭᠤᠷ ᠪᠦᠰᠡᠭᠦᠢ ᠶᠢᠨ ᠰᠠᠴᠤᠯᠢ ᠪᠠᠨ ᠡᠷᠭᠦᠭᠰᠡᠨ ᠨᠤᠲᠤᠭ | ᠴᠢᠳᠦᠷ ᠤᠨ ᠽᠠᠨᠳᠠᠨ ᠴᠢᠭᠳᠠ ᠰᠢᠭ᠋ ᠴᠢᠨᠳᠠᠮᠤᠨᠢ ᠭᠤᠷᠪᠠᠨ ᠬᠤᠰᠢᠭᠤ | ᠼᠠᠩᠶᠠᠩᠵᠠᠮᠰᠤ ᠶᠢᠨ ᠠᠯᠳᠠᠷ ᠮᠥᠩᠬᠡᠷᠡᠭᠰᠡᠨ ᠮᠡᠷᠭᠡᠳ ᠤᠨ ᠲᠠᠬᠰᠢᠨ ᠣᠷᠣᠨ | ᠬᠥᠮᠥᠨ ᠤ ᠬᠤᠪᠣᠷᠬᠠᠨ ᠵᠠᠶᠠᠭ᠎ᠠ ᠶᠢ ᠳᠠᠭᠤᠤ ᠪᠠᠷ ᠠᠷᠭᠠᠳᠠᠭᠰᠠᠨ ᠨᠤᠲᠤᠭ | ᠭᠦᠭ ᠨᠢ ᠬᠠᠨᠤᠭᠰᠠᠨ ᠬᠤᠭᠤᠷ ᠰᠢᠭ᠋ ᠠᠶᠠᠯᠭᠤ ᠲᠠᠩᠰᠤᠭ ᠠᠯᠠᠱᠠ ᠮᠢᠨᠤ ᠵᠧ | ᠮᠥᠩᠬᠡᠵᠢᠷᠭᠠᠯ ᠳᠡᠭᠦᠦ ᠶᠢᠨ ᠰᠡᠳᠬᠢᠯ ᠠᠴᠠ ᠤᠨᠳᠤᠷᠤᠬᠰᠠᠨ ᠡᠨᠡ ᠰᠠᠶᠢᠬᠠᠨ ᠰᠢᠯᠦᠭ᠂ ᠠᠶᠠᠯᠭᠤ ᠪᠠᠷ | ᠵᠢᠭᠦᠷᠯᠡᠨ ᠳᠠᠭᠤᠤ ᠪᠣᠯᠣᠨ ᠳᠠᠭᠤᠯᠠᠭᠳᠠᠬᠤ ᠶᠢᠨ ᠴᠠᠭ ᠲᠤ ᠪᠢᠳᠠ ᠨᠠᠷᠠ ᠲᠤᠨᠤᠷᠠᠭᠰᠠᠨ ᠮᠣᠩᠭᠤᠯ ᠨᠤᠲᠤᠭ ᠤᠨ ᠠᠯᠢ | ᠨᠢᠭᠡᠨ ᠬᠢᠵᠠᠭᠠᠷ ᠲᠤ ᠠᠬᠢᠭᠠᠳ ᠠᠭᠤᠯᠵᠠᠬᠤ ᠶᠤᠮ᠃ ᠪᠢᠳᠠᠨ ᠤ ᠠᠭᠤᠯᠵᠠᠯᠲᠠ ᠠᠯᠠᠭ ᠠᠭᠤᠯᠠ ᠶᠢᠨ ᠡᠪᠦᠷ ᠲᠤ᠂ | ᠠᠯᠳᠠᠨ ᠲᠠᠪᠰᠢ ᠶᠢᠨ ᠬᠤᠷᠮᠣᠢ ᠳᠤ᠂ ᠠᠯᠳᠠᠨ ᠲᠣᠣᠷᠠᠢ ᠶᠢᠨ ᠭᠦᠨ ᠳᠤ ᠪᠣᠯᠵᠤ ᠥᠩᠭᠡᠷᠡᠭᠰᠡᠨ ᠢ ᠲᠡᠷᠡ ᠦᠶ᠎ᠡ ᠳᠤ | ᠡᠷᠭᠢᠨ ᠰᠠᠨᠠᠬᠤ ᠳᠤ ᠲᠠᠭᠠᠯᠠᠮᠵᠢᠲᠠᠢ᠃ ᠠᠯᠠᠭ ᠠᠭᠤᠯᠠ ᠠᠯᠳᠠᠨ ᠲᠡᠪᠰᠢ ᠶᠢᠨ ᠠᠯᠳᠠᠨ ᠨᠠᠮᠤᠷ ᠠ᠋ ᠭᠡᠵᠦ ᠪᠠᠶᠢᠭᠠᠯᠢ | ᠰᠢᠭ᠋ ᠪᠠᠶᠢᠭᠠᠯᠢ᠂ ᠠᠷᠤ ᠭᠤᠪᠢ ᠳᠠᠭᠠᠨ ᠰᠢᠷᠭᠠᠯᠲᠤᠨ ᠰᠢᠷᠭᠠᠯᠲᠤᠬᠤ ᠠᠯᠳᠠᠨ ᠲᠣᠣᠷᠠᠢ ᠭᠡᠵᠦ ᠮᠣᠳᠣ ᠰᠢᠭ᠋ ᠮᠣᠳᠣ | ᠠ᠋᠃ ᠬᠥᠮᠥᠨ ᠪᠢᠳᠠ ᠴᠣᠬᠤᠮ ᠠᠭᠤᠯᠠ ᠶᠢᠨ ᠴᠢᠨᠡᠭᠡᠨ ᠪᠤᠳᠤᠵᠤ᠂ ᠮᠣᠳᠣᠨ ᠤ ᠴᠢᠨᠡᠭᠡᠨ ᠪᠢᠰᠢᠯᠭᠠᠵᠤ ᠴᠢᠳᠠᠳᠠᠭ | ᠰᠠᠨ ᠪᠢᠯᠡ ᠤᠤ⁉ |