﹇ᠳᠥᠷᠪᠡᠨ ᠣᠶᠢᠷᠠᠳ﹈ ᠠᠯᠠᠱᠠ ᠮᠣᠩᠭᠤᠯᠴᠤᠳ ᠤᠨ ᠭᠠᠯ ᠲᠠᠭᠢᠬᠤ ᠶᠣᠰᠣ ᠤᠴᠢᠷ
ᠨᠡᠶᠢᠲᠡᠯᠡᠭᠰᠡᠨ ᠴᠠᠭ᠄
2025/4/7
                                 ᠮᠣᠩᠭᠤᠯᠴᠤᠳ ᠠᠯᠢ ᠡᠷᠲᠡ ᠠᠴᠠ ᠠᠶᠢᠯ ᠭᠡᠷ ᠤᠨ ᠬᠡᠶᠢᠮᠣᠷᠢ᠂ ᠠᠵᠤ ᠠᠮᠢᠳᠤᠷᠠᠯ ᠤᠨ ᠥᠭᠡᠳᠡ ᠡᠰᠡᠷᠡᠭ ᠢ ᠵᠥᠩᠨᠡᠨ ᠪᠡᠯᠭᠡᠳᠡᠵᠦ᠂ ᠵᠢᠯ ᠪᠣᠯᠭᠠᠨ ᠤ ᠭᠦᠭᠡᠭᠡ ᠰᠠᠷ᠎ᠠ ᠶᠢᠨ ᠬᠤᠷᠢᠨ ᠭᠤᠷᠪᠠᠨ ᠪᠤᠶᠤ ᠬᠤᠷᠢᠨ ᠲᠦᠷᠪᠡᠨ ︵ᠯᠠ ᠰᠠᠷ᠎ᠠ ᠬᠡᠮᠡᠨ ᠪᠠᠰᠠ ᠶᠠᠷᠢᠨ᠎ᠠ᠂ ᠳᠠᠷᠤᠢ ᠪᠢᠯᠢᠭ ᠤᠨ ᠤᠯᠠᠷᠢᠯ ᠤᠨ 12 ᠰᠠᠷ᠎ᠠ ᠶᠢᠨ ᠬᠤᠷᠢᠨ ᠭᠤᠷᠪᠠᠨ ᠪᠤᠶᠤ ᠬᠤᠷᠢᠨ ᠲᠦᠷᠪᠡᠨ︶  ᠤ ᠡᠳᠦᠷ ᠤᠨ ᠣᠷᠣᠢ ᠭᠠᠯ ᠤᠨ ᠪᠤᠷᠬᠠᠨ ᠢᠶᠠᠨ ᠲᠠᠭᠢᠵᠦ᠂ ᠥᠩᠭᠡᠷᠡᠭᠰᠡᠨ ᠵᠢᠯ ᠤᠨ ᠥᠨᠢᠷ ᠵᠢᠷᠭᠠᠯ ᠢ ᠪᠡᠯᠭᠡᠯᠡᠨ᠂ ᠢᠷᠡᠬᠦ ᠵᠢᠯ ᠳᠡᠭᠡᠨ ᠥᠯᠵᠡᠢ ᠮᠥᠷ ᠲᠠᠢ᠂ ᠬᠡᠰᠢᠭ ᠪᠤᠶᠠᠨ ᠲᠠᠢ᠂ ᠥᠭᠡᠳᠡ ᠡᠰᠡᠷᠡᠭ᠂ ᠡᠩᠬᠡ ᠲᠠᠶᠢᠪᠤᠩ ᠪᠠᠶᠢᠬᠤ ᠶᠢ ᠬᠦᠰᠡᠨ ᠳᠠᠭᠠᠳᠬᠠᠳᠠᠭ ᠪᠠᠶᠢᠨ᠎ᠠ᠃          ᠠᠯᠠᠱᠠ ᠮᠣᠩᠭᠤᠯᠴᠤᠳ ᠭᠠᠯ ᠲᠠᠭᠢᠬᠤ ᠳᠠᠭᠠᠨ ᠥᠪᠡᠷ ᠤᠨ ᠥᠪᠡᠷᠮᠢᠴᠡ ᠣᠨᠴᠠᠯᠢᠭ ᠵᠢᠴᠢ ᠶᠣᠰᠣ ᠵᠠᠩᠰᠢᠯ ᠲᠠᠢ ᠤᠴᠢᠷ ᠠᠴᠠ ᠡᠨᠡ ᠬᠦ ᠶᠣᠰᠣ ᠭᠤᠷᠢᠮ ᠢᠶᠠᠨ ᠪᠠᠷᠢᠮᠲᠠᠯᠠᠵᠤ᠂ ᠦᠷ᠎ᠡ ᠬᠤᠶᠢᠴᠢᠰ ᠲᠠᠭᠠᠨ ᠤᠯᠠᠮᠵᠢᠯᠠᠵᠤ ᠡᠷᠬᠢᠮᠯᠡᠭᠰᠡᠭᠡᠷ ᠢᠷᠡᠭᠰᠡᠨ ᠠᠵᠢ᠃ ᠭᠠᠯ ᠲᠠᠭᠢᠬᠤ ᠡᠳᠦᠷ ᠪᠤᠯᠬᠤ ᠳᠤ ᠣᠯᠠᠨ ᠵᠦᠢᠯ ᠤᠨ ᠠᠵᠢᠯ ᠢᠶᠠᠨ ᠱᠠᠯᠠᠪᠳᠠᠨ ᠬᠢᠵᠦ᠂ ᠣᠳᠤ ᠦᠵᠡᠭᠳᠡᠬᠦ ᠠᠴᠠ ᠡᠮᠦᠨ᠎ᠡ ᠠᠯᠢᠪᠠ ᠠᠵᠢᠯ ᠢᠶᠠᠨ ᠳᠠᠭᠤᠰᠬᠠᠬᠤ ᠶᠣᠰᠣ ᠲᠠᠢ ᠶᠤᠮ᠃ ᠡᠨᠡ ᠡᠳᠦᠷ ᠭᠡᠷ ᠳᠣᠲᠣᠷᠠᠬᠢ ᠥᠩᠭᠡᠷᠡᠭᠰᠡᠨ ᠵᠢᠯ ᠤᠨ ᠬᠤᠭ ᠨᠣᠪᠰᠢ ᠣᠳᠤᠭ᠎ᠠ ᠲᠣᠭᠤᠰᠣ ᠪᠠᠨ ᠴᠡᠪᠡᠷᠯᠡᠬᠦ ᠠᠴᠠ ᠭᠠᠳᠠᠨ᠎ᠠ ᠪᠠᠰᠠ ᠬᠠᠰᠢᠶ᠎ᠠ ᠰᠠᠷᠠᠪᠴᠢ ᠪᠠᠨ ᠴᠡᠪᠡᠷᠯᠡᠨ ᠭᠡᠷ ᠤᠨ ᠣᠬᠴᠢᠨ ᠳᠠᠬᠢ ᠬᠤᠭ ᠨᠣᠪᠰᠢ ᠪᠠᠨ ᠬᠤᠯᠠ ᠬᠠᠶᠠᠬᠤ ᠪᠤᠶᠤ ᠪᠤᠯᠠᠳᠠᠭ᠃ ᠡᠨᠡ ᠡᠳᠦᠷ ᠠᠶᠢᠯ ᠪᠣᠯᠭᠠᠨ ᠡᠪᠴᠢᠭᠦᠦ᠂ ᠬᠠ ᠵᠡᠷᠭᠡ ᠶᠢ ᠴᠢᠨᠠᠵᠤ᠂ ᠪᠣᠣᠪᠤ ᠪᠤᠭᠤᠷᠰᠤᠭ ᠰᠢᠷᠠᠵᠤ᠂ ᠡᠪᠴᠢᠭᠦᠨ ᠮᠢᠬ᠎ᠠ᠂ ᠪᠣᠣᠪᠤ᠂ ᠦᠵᠦᠮ᠂ ᠴᠢᠪᠠᠭ᠎ᠠ᠂ ᠥᠷᠥᠮ᠎ᠡ ᠱᠦᠭᠦᠷᠮᠡᠭ᠂ ᠮᠥᠰᠥᠨ ᠰᠢᠬᠢᠷ᠂ ᠴᠠᠰᠤᠨ ᠰᠢᠬᠢᠷ᠂ ᠬᠠᠷ᠎ᠠ ᠰᠢᠬᠢᠷ᠂ ᠪᠠᠯ ᠰᠢᠬᠢᠷ ᠵᠡᠷᠭᠡ ᠶᠢᠨ ᠲᠠᠭᠢᠯᠭ᠎ᠠ ᠶᠢᠨ ᠪᠣᠳᠠᠰ ᠢᠶᠠᠨ ᠤᠷᠢᠳᠴᠢᠯᠠᠨ ᠪᠡᠯᠡᠳᠬᠡᠳᠡᠭ᠃          ᠭᠠᠯ ᠲᠠᠭᠢᠬᠤ ᠡᠳᠦᠷ ᠤᠨ ᠣᠷᠣᠢ ᠠᠶᠢᠯ ᠪᠦᠷᠢ ᠨᠠᠷᠠ ᠰᠢᠩᠭᠡᠭᠰᠡᠨ ᠤ ᠲᠠᠷᠠᠭ᠎ᠠ ᠭᠠᠯ ᠤᠨ ᠪᠤᠷᠬᠠᠨ ᠢᠶᠠᠨ ᠲᠠᠭᠢᠬᠤ ᠵᠠᠩᠰᠢᠯ ᠲᠠᠢ᠃ ᠠᠯᠠᠱᠠ ᠨᠤᠲᠤᠭ ᠤᠨ ᠲᠠᠶᠢᠵᠢ ᠣᠪᠣᠭᠲᠠᠨ᠂ ᠵᠢᠯ ᠪᠦᠷᠢ ᠬᠤᠷᠢᠨ ᠲᠦᠷᠪᠡᠨ ᠳᠤ ᠭᠠᠯ ᠤᠨ ᠪᠤᠷᠬᠠᠨ ᠢᠶᠠᠨ ᠲᠠᠭᠢᠳᠠᠭ᠃ ᠡᠨᠡ ᠨᠢ ᠬᠠᠷᠠᠴᠤ ᠠᠷᠠᠳ ᠤᠨ ᠭᠠᠯ ᠤᠨ ᠪᠤᠷᠬᠠᠨ ᠬᠤᠷᠢᠨ ᠭᠤᠷᠪᠠᠨ ᠳᠤ ᠲᠡᠭᠷᠢ ᠳᠤ ᠪᠤᠴᠠᠵᠤ᠂ ᠲᠠᠶᠢᠵᠢ ᠠᠶᠢᠯ ᠤᠨ ᠭᠠᠯ ᠤᠨ ᠪᠤᠷᠬᠠᠨ ᠬᠤᠷᠢᠨ ᠲᠦᠷᠪᠡᠨ ᠳᠤ ᠲᠡᠭᠷᠢ ᠳᠤ ᠪᠤᠴᠠᠬᠤ ᠲᠤᠮᠤᠭ ᠶᠠᠷᠢᠶ᠎ᠠ ᠠᠴᠠ ᠪᠣᠯᠤᠭᠰᠠᠨ ᠠᠵᠢ᠃ ᠵᠢᠯ ᠪᠦᠷᠢ ᠶᠢᠨ ᠨᠠᠮᠤᠷ ᠪᠤᠷᠬᠠᠨ ᠲᠠᠭᠢᠵᠦ ᠲᠠᠯᠠᠯᠭ᠎ᠠ ᠠᠪᠬᠤ ᠳᠠᠭᠠᠨ ᠯᠠᠮᠠ ᠵᠠᠯᠠᠳᠠᠭ ᠠᠴᠠ ᠭᠠᠯ ᠲᠠᠭᠢᠬᠤ ᠳᠠᠭᠠᠨ ᠯᠠᠮᠠ ᠵᠠᠯᠠᠬᠤ ᠦᠭᠡᠢ᠂ ᠬᠠᠷᠢᠨ ᠥᠪᠡᠷᠰᠡᠳ ᠢᠶᠠᠨ ᠲᠠᠭᠢᠳᠠᠭ ᠪᠠᠶᠢᠨ᠎ᠠ᠃ ︽ᠬᠥᠭᠵᠢ ᠬᠥᠭᠵᠢ ᠬᠥᠬᠡ ᠢᠮᠠᠭᠠᠨ ᠤ ᠡᠪᠴᠢᠭᠦᠦ᠂ ᠠᠰᠠ ᠠᠰᠠ ᠠᠯᠠᠭ ᠢᠮᠠᠭᠠᠨ ᠤ ᠡᠪᠴᠢᠭᠦᠦ︾  ᠪᠠᠷ ᠭᠠᠯ ᠢᠶᠠᠨ ᠲᠡᠭᠢᠶ᠎ᠠ ᠭᠡᠳᠡᠭᠴᠢᠯᠡᠨ ᠶᠡᠷᠦᠳᠡᠭᠡᠨ ᠭᠠᠯ ᠲᠠᠭᠢᠯᠭ᠎ᠠ ᠶᠢᠨ ᠡᠪᠴᠢᠭᠦᠦ ᠨᠢ ᠡᠩ ᠤᠨ ᠡᠪᠴᠢᠭᠦᠦ ᠠᠴᠠ ᠢᠯᠭᠠᠭᠳᠠᠨ᠂ ᠣᠯᠠᠨ ᠵᠦᠢᠯ ᠤᠨ ᠶᠣᠰᠣ ᠪᠠᠶᠢᠳᠠᠭ᠃ ᠴᠢᠨᠠᠭᠰᠠᠨ ᠡᠪᠴᠢᠭᠦᠦ ᠶᠢᠨ ᠢᠶᠠᠨ ᠮᠢᠬ᠎ᠠ ᠶᠢ ᠱᠤᠯᠤᠵᠤ᠂ ᠬᠠᠨᠴᠢᠷ ᠢ ᠨᠢ ᠨᠠᠷᠢᠬᠠᠨ ᠵᠦᠰᠦᠵᠦ᠂ ᠬᠤᠷᠮᠣᠢ ᠶᠢ ᠨᠢ ᠳᠣᠲᠣᠷ᠎ᠠ ᠲᠠᠯ᠎ᠠ ᠠᠴᠠ ᠳᠤᠭᠤᠶᠢᠯᠠᠨ ᠠᠪᠤᠭᠠᠳ ᠬᠤᠶᠠᠷ ᠬᠤᠷᠤᠭᠤ ᠬᠢᠷᠢᠲᠡᠢ ᠨᠠᠷᠢᠨ ᠴᠠᠭᠠᠷᠢᠭ ᠦᠯᠡᠳᠡᠭᠡᠭᠡᠳ ᠪᠦᠳᠦᠷᠬᠡᠢ ᠠᠴᠠ ᠨᠢ ᠡᠯᠭᠦᠵᠦ ᠮᠣᠳᠣ ᠪᠤᠶᠤ ᠭᠠᠤᠯᠢᠨ ᠲᠠᠪᠠᠭ ᠲᠤ ᠳᠡᠭᠡᠭᠰᠢ ᠬᠠᠨᠳᠤᠭᠤᠯᠤᠨ ᠲᠠᠪᠠᠭᠯᠠᠳᠠᠭ᠃ ᠡᠪᠴᠢᠭᠦᠦ ᠪᠠᠨ ᠠᠯᠢ ᠨᠠᠷᠢᠨ ᠣᠯᠠᠨ ᠵᠦᠰᠦᠪᠡᠯ ᠲᠡᠳᠦᠢ ᠰᠠᠶᠢᠨ ᠪᠠᠶᠢᠳᠠᠭ᠃ ᠵᠦᠰᠦᠮ ᠢᠶᠠᠨ ᠳᠥᠷᠪᠡᠯᠵᠢᠨ ᠪᠤᠶᠤ ᠨᠠᠷᠢᠨ ᠣᠷᠳᠦ ᠵᠦᠰᠦᠵᠦ ᠲᠠᠭᠢᠯᠭ᠎ᠠ ᠶᠢᠨ ᠢᠳᠡᠭᠡᠨ ᠲᠠᠢ ᠬᠤᠯᠢᠳᠠᠭ᠃ ᠠᠬᠢᠭᠠᠳ ᠡᠪᠴᠢᠭᠦᠦ ᠪᠠᠨ ᠲᠠᠪᠤᠨ ᠥᠩᠭᠡ ᠶᠢᠨ ᠲᠣᠷᠭ᠎ᠠ ᠲᠤᠷᠳᠤᠩ ᠢᠶᠠᠷ ᠴᠢᠮᠡᠨ ᠬᠥᠪᠥᠩ ᠢᠶᠠᠷ ᠣᠷᠢᠶᠠᠳᠠᠭ᠂ ᠭᠡᠬᠦ ᠳᠡᠭᠡᠨ ᠣᠷᠢᠶᠠᠯᠲᠠ ᠶᠢᠨ ᠲᠤᠭ᠎ᠠ ᠨᠢ ᠭᠤᠷᠪᠠ ᠪᠠᠶᠢᠳᠠᠭ᠃ ᠡᠪᠴᠢᠭᠦᠦ ᠶᠢᠨ ᠬᠤᠩᠬᠤᠷ ᠲᠤ ᠲᠣᠷᠭᠠᠨ ᠤ ᠥᠭᠡᠳᠡᠰᠦ᠂ ᠲᠠᠪᠤᠨ ᠲᠠᠷᠢᠶ᠎ᠠ᠂ ᠰᠢᠷᠠᠭᠰᠠᠨ ᠪᠤᠭᠤᠷᠰᠤᠭ᠂ ᠰᠢᠷ᠎ᠠ ᠲᠣᠰᠣ᠂ ᠴᠠᠭᠠᠨ ᠲᠣᠰᠣ᠂ ᠥᠷᠥᠮ᠎ᠡ᠂ ᠱᠦᠭᠦᠷᠮᠡᠭ᠂ ᠡᠯᠵᠢᠭᠡᠨ ᠴᠢᠬᠢ᠂ ᠴᠢᠪᠠᠭ᠎ᠠ᠂ ᠰᠢᠬᠢᠷ ᠵᠡᠷᠭᠡ ᠲᠠᠭᠢᠯᠭ᠎ᠠ ᠶᠢᠨ ᠪᠣᠳᠠᠰ ᠢᠶᠠᠨ ᠲᠠᠯᠪᠢᠵᠤ᠂ ᠬᠠᠮᠤᠭ ᠳᠡᠭᠡᠷ᠎ᠡ ᠨᠢ ᠬᠠᠳᠠᠭ ᠢᠶᠠᠨ ᠲᠠᠯᠪᠢᠨ ᠭᠠᠯ ᠤᠨ ᠪᠤᠷᠬᠠᠨ ᠳᠠᠭᠠᠨ ᠡᠷᠭᠦᠳᠡᠭ ᠪᠠᠶᠢᠨ᠎ᠠ᠃          ᠭᠡᠷ ᠤᠨ ᠡᠵᠡᠭᠲᠡᠢ ᠲᠤᠯᠭᠠᠨ ᠤ ᠡᠮᠦᠨ᠎ᠡ ᠰᠥᠭᠦᠳᠥᠨ ᠰᠠᠭᠤᠵᠤ ᠡᠪᠴᠢᠭᠦᠦ ᠪᠠᠨ ᠭᠠᠯ ᠳᠤ ᠡᠷᠭᠦᠬᠦ ᠶᠢᠨ ᠬᠠᠮᠲᠤ ᠬᠦᠵᠢ᠂ ᠲᠣᠰᠣ᠂ ᠠᠷᠢᠬᠢ ᠵᠢᠮᠢᠰ ᠮᠡᠲᠦ ᠶᠢᠨ ᠲᠠᠭᠢᠯᠭ᠎ᠠ ᠶᠢᠨ ᠪᠣᠳᠠᠰ ᠠᠴᠠ ᠬᠥᠮᠥᠨ ᠪᠦᠷᠢ ᠪᠠᠭ᠎ᠠ ᠪᠠᠭ᠎ᠠ ᠠᠪᠴᠤ ᠭᠠᠯ ᠤᠨ ᠪᠤᠷᠬᠠᠨ ᠳᠤ ᠡᠷᠭᠦᠵᠦ᠂ ᠭᠡᠷ ᠤᠨ ᠡᠵᠡᠨ ᠠᠴᠠ ᠭᠠᠯ ᠲᠠᠭᠢᠯᠭ᠎ᠠ ᠶᠢᠨ ᠢᠷᠦᠭᠡᠯ ᠤᠩᠰᠢᠨ᠂ ᠭᠤᠯᠣᠮᠲᠠ ᠶᠢᠨ ᠢᠶᠠᠨ ᠡᠮᠦᠨᠡᠭᠦᠷ ᠳᠡᠪᠢᠰᠦᠭᠰᠡᠨ ᠢᠰᠡᠭᠡᠢ ᠪᠤᠶᠤ ᠬᠡᠪᠢᠰ ᠲᠠᠯᠪᠠᠭ ᠳᠡᠭᠡᠷ᠎ᠡ ᠰᠥᠭᠦᠳᠴᠦ᠂ ᠭᠠᠯ ᠳᠠᠭᠠᠨ ᠵᠠᠯᠪᠠᠷᠢᠵᠤ ᠮᠥᠷᠭᠦᠨ᠂ ᠢᠷᠡᠬᠦ ᠵᠢᠯ ᠤᠨ ᠰᠠᠶᠢᠨ ᠰᠠᠶᠢᠬᠠᠨ ᠢ ᠳᠠᠭᠠᠳᠬᠠᠳᠠᠭ᠃ ᠭᠠᠯ ᠢᠶᠠᠨ ᠲᠠᠭᠢᠵᠦ ᠪᠠᠷᠠᠭᠰᠠᠨ ᠤ ᠲᠠᠷᠠᠭ᠎ᠠ ᠪᠠᠷ ᠭᠠᠯ ᠤᠨ ᠳᠠᠬᠢᠯᠭᠠᠨ ᠤ ᠬᠡᠰᠢᠭ ᠠᠴᠠ ᠬᠠᠨ ᠲᠡᠭᠷᠢ ᠳᠡᠭᠡᠨ ᠡᠷᠭᠦᠵᠦ᠂ ᠠᠶᠢᠯ ᠭᠡᠷ ᠤᠨ ᠬᠥᠭᠰᠢᠨ ᠨᠢᠯᠬ᠎ᠠ ᠪᠦᠭᠦᠳᠡᠭᠡᠷ ᠢᠶᠠᠨ ᠰᠠᠭᠤᠵᠠᠭᠠᠵᠤ᠂ ᠭᠠᠯ ᠲᠠᠭᠢᠯᠭ᠎ᠠ ᠶᠢᠨ ᠴᠠᠢ ᠤᠤᠭᠤᠨ᠂ ᠲᠠᠪᠠᠭ ᠳᠦᠭᠦᠷᠡᠩ ᠳᠠᠬᠢᠯᠭᠠᠨ ᠤ ᠪᠣᠳᠠᠰ ᠠᠴᠠ ᠠᠮᠰᠠᠨ ᠢᠳᠡᠵᠦ᠂ ᠦᠷ᠎ᠡ ᠬᠡᠦᠬᠡᠳ ᠤᠳ ᠨᠢ ᠠᠪᠤ ᠡᠵᠢ᠂ ᠠᠬᠠᠰ ᠵᠠᠬᠠᠰ ᠲᠠᠭᠠᠨ ᠭᠠᠯ ᠤᠨ ᠪᠤᠷᠬᠠᠨ ᠤ ᠲᠠᠭᠢᠯᠭ᠎ᠠ ᠶᠢᠨ ᠠᠷᠢᠬᠢ ᠳᠡᠭᠡᠵᠢ ᠵᠠᠰᠠᠵᠤ᠂ ᠠᠪᠤ ᠡᠵᠢ ᠠᠬᠠᠰ ᠵᠠᠬᠠᠰ ᠨᠢ ᠪᠠᠰᠠ ᠬᠡᠦᠬᠡᠳ ᠲᠡᠭᠡᠨ ᠳᠠᠬᠢᠯᠭᠠᠨ ᠤ ᠰᠢᠬᠢᠷ ᠵᠢᠮᠢᠰ ᠠᠴᠠ ᠲᠦᠭᠡᠭᠡᠵᠦ ᠦᠭᠳᠡᠭ ᠶᠤᠮ᠃ ᠭᠠᠯ ᠭᠤᠯᠣᠮᠲᠠ ᠪᠠᠨ ᠠᠷᠢᠭᠤᠨ ᠴᠡᠪᠡᠷ ᠪᠠᠶᠢᠯᠭᠠᠵᠤ᠂ ᠭᠠᠯ ᠤᠨ ᠪᠤᠷᠬᠠᠨ ᠢᠶᠠᠨ ᠰᠠᠶᠢᠨ ᠲᠠᠭᠢᠵᠦ ᠪᠠᠶᠢᠳᠠᠭ ᠠᠶᠢᠯ ᠥᠭᠡᠳᠡᠯᠡᠨ᠎ᠡ ᠭᠡᠵᠦ ᠦᠵᠡᠳᠡᠭ ᠠᠵᠢ᠃          ᠭᠠᠯ ᠲᠠᠭᠢᠬᠤ ᠳᠤ ᠬᠠᠷᠢ ᠣᠪᠣᠭ ᠤᠨ ᠬᠥᠮᠥᠨ ᠢᠷᠡᠭᠰᠡᠨ ᠪᠠᠶᠢᠪᠠᠯ ᠣᠨᠳᠣᠣ ᠭᠡᠷ ᠲᠤ ᠣᠷᠤᠭᠤᠯᠬᠤ ᠶᠤᠮ ᠤᠤ ᠡᠰᠡᠬᠦᠯ᠎ᠡ ᠭᠠᠳᠠᠭᠤᠷ ᠶᠠᠪᠤᠭᠤᠯᠵᠤ ᠪᠠᠶᠢᠭᠠᠳ ᠲᠠᠭᠢᠯᠭ᠎ᠠ ᠳᠠᠭᠤᠰᠤᠭᠰᠠᠨ ᠤ ᠰᠡᠭᠦᠯᠡᠷ ᠣᠷᠣᠵᠤ ᠢᠷᠡᠭᠦᠯᠵᠦ ᠂ ᠳᠠᠬᠢᠯᠭᠠᠨ ᠤ ᠬᠡᠰᠢᠭ ᠠᠴᠠ ᠠᠮᠲᠠᠯᠠᠭᠤᠯᠤᠨ ᠪᠤᠳᠠᠭ᠎ᠠ ᠬᠤᠭᠤᠯᠠ ᠢᠳᠡᠭᠦᠯᠳᠡᠭ᠃ ᠠᠶᠢᠯ ᠳᠤ ᠢᠷᠡᠭᠰᠡᠨ ᠭᠡᠶᠢᠴᠢᠨ ᠵᠣᠴᠢᠨ ᠠᠶᠢᠯ ᠤᠨ ᠭᠠᠯ ᠭᠤᠯᠣᠮᠲᠠ ᠶᠢ ᠭᠦᠨᠳᠡᠭᠦ ᠪᠠ ᠭᠠᠯ ᠭᠤᠯᠣᠮᠲᠠ ᠶᠢᠨ ᠬᠦᠷᠢᠶᠡᠨ ᠳᠣᠲᠣᠷ᠎ᠠ ᠭᠢᠰᠬᠢᠬᠦ ᠶᠢ ᠪᠠᠶᠢᠲᠤᠭᠠᠢ ᠲᠤᠯᠭᠠᠨ ᠤ ᠬᠦᠷᠢᠶᠡᠨ ᠮᠣᠳᠣᠨ ᠳᠡᠭᠡᠷ᠎ᠡ ᠴᠦ ᠭᠢᠰᠬᠢᠳᠡᠭ ᠦᠭᠡᠢ ᠤᠴᠢᠷᠲᠠᠢ᠃ ᠡᠨᠡ ᠨᠢ ᠬᠥᠮᠥᠨ ᠪᠦᠭᠦᠨ ᠤ ᠮᠡᠳᠡᠭᠡᠵᠢ ᠵᠤᠷᠰᠢᠯ ᠪᠤᠯᠬᠤ ᠲᠤᠯᠠ ᠭᠡᠶᠢᠴᠢᠨ ᠵᠣᠴᠢᠨ ᠴᠦ ᠠᠶᠢᠯ ᠤᠨ ᠭᠠᠯ ᠤᠨ ᠵᠤᠤᠬ᠎ᠠ ᠪᠠᠷ ᠬᠤᠶᠢᠰᠢ ᠤᠷᠤᠭᠰᠢ ᠭᠠᠷᠬᠤ ᠳᠠᠭᠠᠨ ᠬᠤᠷᠮᠣᠢ ᠬᠤᠲᠠ ᠪᠠᠨ ᠬᠤᠷᠢᠶᠠᠵᠤ᠂ ᠭᠠᠯ ᠭᠤᠯᠣᠮᠲᠠ ᠳᠡᠭᠡᠭᠦᠷ ᠭᠠᠷᠬᠤ ᠠᠴᠠ ᠪᠣᠯᠭᠤᠮᠵᠢᠯᠠᠳᠠᠭ᠃ ᠬᠡᠷᠪᠡ ᠠᠶᠢᠯ ᠤᠨ ᠭᠠᠯ ᠤᠨ ᠬᠦᠷᠢᠶ᠎ᠡ ᠪᠤᠶᠤ ᠲᠤᠯᠭ᠎ᠠ ᠵᠤᠤᠬ᠎ᠠ ᠶᠢ ᠨᠢ ᠢᠰᠬᠦᠯᠪᠡᠯ ᠭᠤᠯᠣᠮᠲᠠ ᠶᠢ ᠭᠦᠨᠳᠡᠵᠦ ᠪᠠᠶᠢᠭ᠎ᠠ ᠬᠡᠷᠡᠭ ᠪᠤᠯᠬᠤ ᠲᠤᠯᠠ ᠲᠤᠰ ᠠᠶᠢᠯ ᠳᠤ ᠬᠠᠮᠤᠭ ᠶᠡᠭᠡ ᠭᠤᠲᠤᠭᠠᠯ ᠳᠣᠷᠣᠮᠵᠢᠯᠠᠯ ᠪᠤᠯᠳᠠᠭ ᠪᠠᠶᠢᠨ᠎ᠠ᠃ ᠭᠠᠯ ᠤᠨ ᠡᠬᠢ ᠪᠠᠷ ᠭᠠᠲᠤᠯᠪᠠᠯ ᠭᠠᠯ ᠤᠨ ᠪᠤᠷᠬᠠᠨ ᠪᠤᠵᠠᠷᠲᠤᠨ᠎ᠠ ᠭᠡᠵᠦ ᠦᠵᠡᠳᠡᠭ ᠠᠴᠠ ᠪᠦᠰᠡᠭᠦᠶᠢᠴᠦᠳ ᠶᠡᠷᠦ ᠠᠴᠠ ᠭᠠᠯ ᠤᠨ ᠡᠬᠢ ᠪᠠᠷ ᠭᠠᠲᠤᠯᠳᠠᠭ ᠦᠭᠡᠢ ᠵᠤᠷᠰᠢᠯ ᠲᠠᠢ᠃ ᠭᠠᠯ ᠳᠠᠬᠢᠭᠰᠠᠨ ᠠᠶᠢᠯ ᠭᠤᠷᠪᠠᠨ ᠡᠳᠦᠷ ᠤᠨ ᠳᠣᠲᠣᠷ᠎ᠠ ᠦᠨᠡᠰᠦ ᠪᠠᠨ ᠠᠰᠬᠠᠵᠤ ᠭᠠᠯ ᠢᠶᠠᠨ ᠭᠦᠨᠳᠡᠳᠡᠭ ᠦᠭᠡᠢ᠂ ᠭᠠᠳᠠᠭᠰᠢ ᠶᠠᠭᠤᠮ᠎ᠠ ᠪᠠᠨ ᠵᠢᠭᠡᠯᠡᠵᠦ ᠥᠭᠬᠦ ᠪᠤᠶᠤ ᠬᠥᠮᠥᠨ ᠳᠤ ᠶᠠᠭᠤᠮ᠎ᠠ ᠬᠦᠷᠭᠡᠳᠡᠭ ᠦᠭᠡᠢ᠂ ᠭᠠᠯ ᠢᠶᠠᠨ ᠲᠠᠭᠢᠵᠦ ᠪᠠᠶᠢᠬᠤ ᠨᠢ ᠪᠤᠶᠠᠨ ᠬᠡᠰᠢᠭ ᠢᠶᠠᠨ ᠳᠠᠭᠤᠳᠠᠨ ᠬᠤᠷᠤᠶᠢᠯᠠᠵᠤ ᠪᠠᠶᠢᠭ᠎ᠠ ᠪᠣᠯᠬᠤᠷ ᠬᠡᠰᠢᠭ ᠪᠤᠶᠠᠨ ᠢ ᠨᠢ ᠠᠪᠠᠴᠢᠬᠤ ᠠᠴᠠ ᠪᠣᠯᠭᠤᠮᠵᠢᠯᠠᠨ ᠬᠠᠷᠢ ᠣᠪᠣᠭ ᠤᠨ ᠬᠥᠮᠥᠨ ᠢ ᠣᠷᠣᠯᠴᠠᠭᠤᠯᠳᠠᠭ ᠦᠭᠡᠢ᠃          ᠭᠠᠯ ᠲᠠᠭᠢᠬᠤ ᠠᠵᠢᠯ ᠢ ᠭᠤᠣᠯᠳᠠᠭᠤ ᠡᠮᠡᠭᠲᠡᠢ ᠬᠥᠮᠥᠨ ᠬᠢᠳᠡᠭ᠂ ᠡᠨᠡ ᠨᠢ ᠭᠠᠯ ᠤᠨ ᠪᠤᠷᠬᠠᠨ ᠡᠮᠡᠭᠲᠡᠢ ᠪᠠᠶᠢᠳᠠᠭ ᠠᠴᠠ ᠪᠣᠯᠵᠠᠢ᠃ ᠭᠠᠯ ᠤᠨ ᠪᠤᠷᠬᠠᠨ ᠢᠶᠠᠨ ᠰᠠᠶᠢᠨ ᠲᠠᠭᠢᠪᠠᠯ ᠭᠠᠯ ᠤᠨ ᠪᠤᠷᠬᠠᠨ ᠲᠡᠭᠷᠢ ᠳᠤ ᠪᠤᠴᠠᠭᠰᠠᠨ ᠤ ᠲᠠᠷᠠᠭ᠎ᠠ ᠬᠡᠨ ᠬᠡᠨ ᠤ ᠬᠢᠨ ᠨᠠᠮᠠᠶᠢ ᠰᠠᠶᠢᠨ ᠳᠠᠬᠢᠭᠰᠠᠨ ᠭᠡᠳᠡᠭ ᠢ ᠲᠡᠭᠷᠢ ᠪᠤᠷᠬᠠᠨ ᠳᠤ ᠮᠡᠳᠡᠭᠦᠯᠳᠡᠭ ᠭᠡᠵᠦ ᠡᠷᠲᠡᠨ ᠠᠴᠠ ᠤᠯᠠᠮᠵᠢᠯᠠᠭᠳᠠᠵᠤ ᠢᠷᠡᠭᠰᠡᠨ ᠠᠴᠠ ᠠᠶᠢᠯ ᠪᠣᠯᠭᠠᠨ ᠭᠠᠯ ᠲᠠᠭᠢᠬᠤ ᠪᠠᠨ ᠣᠨᠴᠠᠭᠠᠶᠢᠯᠠᠨ ᠭᠦᠨᠳᠦᠳᠭᠡᠵᠦ ᠂ ᠶᠣᠰᠣ ᠵᠠᠩᠰᠢᠯ ᠪᠦᠭᠦᠨ ᠢᠶᠠᠨ ᠭᠦᠢᠴᠡᠳᠬᠡᠳᠡᠭ ᠶᠤᠮ᠃ᠠᠯᠠᠱᠠ ᠮᠣᠩᠭᠤᠯᠴᠤᠳ ᠤᠨ ᠵᠠᠩ ᠤᠶᠢᠯᠡ︾ ᠨᠣᠮ ᠠᠴᠠ ᠠᠪᠤᠪᠠ        
 
ᠢᠷᠡᠯᠲᠡ᠄ ᠠᠯᠠᠱᠠ ᠶᠢᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号