﹇ᠳᠥᠷᠪᠡᠨ ᠣᠶᠢᠷᠠᠳ﹈ ᠠᠯᠠᠱᠠᠴᠤᠳ ᠠᠩᠬ᠎ᠠ ᠰᠠᠩ ᠳᠠᠭᠠᠨ ᠮᠥᠷᠭᠦᠬᠦ ᠪᠣᠯᠤᠭᠰᠠᠨ ᠨᠢ
ᠨᠡᠶᠢᠲᠡᠯᠡᠭᠰᠡᠨ ᠴᠠᠭ᠄
2025/4/7
         ᠴᠠᠭᠠᠨ ᠰᠠᠷ᠎ᠠ ᠶᠢᠨ ᠰᠢᠨ᠎ᠡ ᠶᠢᠨ ᠨᠢᠭᠡᠨ ᠭᠡᠭᠴᠢ ᠠᠩᠬᠠᠨ ᠳᠠᠭᠠᠨ ᠪᠣᠯ ᠶᠡᠭᠡ ᠬᠢᠵᠢᠭ ᠤᠨ ᠡᠵᠡᠨ ᠣᠷᠴᠢᠯᠠᠩ ᠳᠡᠯᠡᠬᠡᠢ ᠶᠢᠨ ᠬᠠᠷ᠎ᠠ ᠲᠡᠷᠢᠭᠦᠲᠡᠨ ᠳᠤ ᠦᠬᠦᠯ ᠤᠨ ᠡᠪᠡᠳᠴᠢᠨ ᠲᠠᠬᠤᠯ᠂ ᠬᠢᠵᠢᠭ ᠲᠣᠮᠣᠭᠤ ᠬᠠᠯᠳᠠᠭᠠᠵᠤ ᠶᠢᠷᠲᠢᠨᠴᠦ ᠶᠢ ᠦᠬᠦᠯ ᠤᠨ ᠲᠠᠯᠠᠢ ᠳᠤ ᠵᠢᠪᠦᠭᠦᠯᠭᠦ ᠭᠡᠰᠡᠨ ᠠᠯᠢ ᠮᠠᠭᠤ ᠢᠷᠸ᠎ᠠ ᠶᠢᠨ ᠥᠯᠵᠡᠢ ᠦᠭᠡᠢ ᠡᠳᠦᠷ ᠪᠠᠶᠢᠵᠠᠢ ᠃ ᠤᠷᠢᠳᠤ ᠡᠳᠦᠷ ᠨᠢ ᠲᠡᠭᠷᠢ ᠶᠢᠨ ᠣᠷᠣᠨ ᠳᠤ ᠪᠤᠷᠬᠠᠨ ᠰᠠᠬᠢᠭᠤᠯᠰᠤᠨ ᠴᠤᠭᠯᠠᠵᠤ ᠰᠠᠭᠤᠭᠠᠳ ᠬᠠᠮᠤᠭ ᠢ ᠡᠵᠡᠮᠰᠢᠭᠴᠢ ᠳᠡᠭᠡᠳᠦ ᠲᠢᠪ᠂ ᠬᠥᠮᠥᠨ ᠤ ᠣᠷᠴᠢᠯᠠᠩ ᠤᠨ ᠲᠤᠮᠳᠠᠳᠤ ᠶᠢᠷᠲᠢᠨᠴᠦ᠂ ᠯᠤᠤᠰ ᠤᠨ ᠣᠷᠣᠨ ᠤ ᠤᠰᠤᠨ ᠶᠢᠷᠲᠢᠨᠴᠦ ᠶᠢᠨ ᠶᠡᠭᠡ ᠦᠢᠯᠡ ᠬᠡᠷᠡᠭ ᠢ ᠵᠥᠪᠳᠡᠵᠦ ᠰᠠᠭᠤᠵᠤ ᠪᠠᠶᠢᠵᠠᠢ᠃ ᠭᠡᠨᠡᠳᠲᠡ ᠨᠢᠭᠡ ᠰᠠᠬᠢᠭᠤᠯᠰᠤᠨ ᠳᠤᠨᠢ ᠮᠠᠭᠤ ᠰᠤᠪᠢᠩ ᠲᠠᠲᠠᠭᠰᠠᠨ ᠳᠤ ᠮᠡᠷᠭᠡ ᠲᠥᠯᠭᠡ ᠪᠠᠨ ᠪᠠᠷᠢᠵᠤ ᠦᠵᠡᠭᠡᠳ ᠬᠥᠮᠥᠨ ᠤ ᠶᠢᠷᠲᠢᠨᠴᠦ ᠳᠤ ᠨᠢᠭᠡ ᠶᠡᠭᠡ ᠠᠶᠤᠯ ᠭᠠᠮᠰᠢᠭ ᠲᠤᠯᠭᠠᠷᠠᠬᠤ ᠪᠣᠯᠴᠢᠬᠠᠭᠰᠠᠨ ᠪᠠᠶᠢᠬᠤ ᠶᠢ ᠮᠡᠳᠡᠵᠡᠢ᠃ ᠡᠨᠡ ᠨᠢ ᠶᠠᠭᠤ ᠪᠣᠯᠤᠭ᠎ᠠ ᠪᠤᠢ︖ ᠭᠡᠪᠡᠯ ᠬᠢᠵᠢᠭ ᠤᠨ ᠡᠵᠡᠳ ᠭᠡᠳᠡᠭ ᠴᠢᠨᠢ ᠨᠢᠰᠤ ᠨᠢᠯᠪᠤᠰᠤ᠂ ᠴᠡᠷ ᠰᠢᠯᠦᠰᠦ ᠶᠢ ᠰᠠᠭᠤᠯᠠᠭ᠎ᠠ ᠰᠠᠭᠤᠯᠠᠭ᠎ᠠ᠂ ᠳᠠᠮᠵᠢᠭᠤᠷ ᠳᠠᠮᠵᠢᠭᠤᠷ ᠢᠶᠠᠷ ᠳᠡᠮᠵᠢᠯᠴᠡᠨ ᠳᠠᠪᠬᠢᠯᠳᠤᠵᠤ ᠡᠪᠡᠳᠴᠢᠨ ᠲᠣᠮᠣᠭᠤ ᠲᠠᠷᠬᠠᠭᠠᠬᠤ ᠪᠠᠷ ᠬᠥᠯ ᠦᠢᠮᠡᠭᠡᠨ ᠪᠣᠯᠵᠤ ᠪᠣᠰᠤᠭ᠎ᠠ ᠨᠢᠰᠬᠡᠭᠡ ᠪᠠᠷ ᠵᠢᠷᠢᠢᠯᠭᠡᠵᠦ ᠶᠠᠪᠤᠨ᠎ᠠ ᠭᠡᠨ᠎ᠡ᠃ ᠪᠦᠭᠦ ᠣᠷᠴᠢᠯᠠᠩ ᠤᠨ ᠤᠯᠠᠨ ᠬᠥᠮᠥᠰ ᠬᠤᠪᠢ ᠬᠤᠪᠢᠨ ᠤ ᠳᠣᠣᠷ᠎ᠠ ᠳᠣᠣᠷ᠎ᠠ ᠶᠢᠨ ᠠᠵᠢᠯ ᠳᠠᠭᠠᠨ ᠪᠦᠯᠢᠳᠡᠭᠰᠡᠨ ᠠᠴᠠ ᠬᠢᠵᠢᠭ ᠤᠨ ᠡᠵᠡᠨ ᠢ ᠴᠢᠯᠦᠭᠡ ᠵᠠᠪ ᠲᠠᠢ ᠪᠣᠯᠭᠠᠵᠠᠢ᠃ ᠲᠡᠭᠡᠭᠡᠳ ᠡᠳᠡᠨᠦᠰ ᠴᠢᠨᠢ ᠮᠠᠨ ᠢ ᠪᠠᠷᠤᠭ ᠮᠡᠳᠡᠬᠦ ᠬᠥᠮᠥᠨ ᠦᠭᠡᠢ ᠪᠣᠯᠣᠯ᠎ᠠ᠂ ᠡᠨᠡ ᠶᠠᠪᠤᠳᠠᠯ ᠰᠠᠭᠠᠷ ᠦᠭᠡᠢ ᠪᠦᠲᠦᠪᠡᠯ ᠴᠤ ᠪᠠᠶᠠᠷ ᠵᠢᠷᠭᠠᠯ ᠢᠷᠡᠬᠦ ᠪᠣᠯᠣᠯ᠎ᠠ ᠭᠡᠵᠦ ᠪᠠᠶᠢᠲᠠᠯ᠎ᠠ ᠰᠠᠬᠢᠭᠤᠯᠰᠤᠨ ᠳᠤ ᠮᠡᠳᠡᠭᠳᠡᠭᠰᠡᠨ ᠨᠢ ᠡᠨᠡ ᠪᠠᠶᠢᠵᠠᠢ          ᠡᠨᠡ ᠬᠦ ᠲᠦᠭᠰᠢᠭᠦᠷᠢ ᠶᠢᠨ ᠡᠮᠦᠨ᠎ᠡ ᠲᠡᠭᠷᠢ ᠶᠢᠨ ᠣᠷᠣᠨ ᠠᠴᠠ ᠪᠠᠴᠢᠮ ᠵᠠᠷᠯᠢᠭ ᠪᠠᠭᠤᠯᠭᠠᠵᠤ᠄ ︽ᠶᠢᠷᠲᠢᠨᠴᠦ ᠶᠢᠨ ᠤᠯᠠᠨ ᠳᠠᠶᠠᠭᠠᠷ ᠰᠠᠶᠢᠨ ᠰᠣᠨᠣᠰ᠂ ᠮᠠᠷᠭᠠᠰᠢ ᠶᠢᠨ ᠴᠠᠭᠠᠨ ᠰᠠᠷ᠎ᠠ ᠶᠢᠨ ᠰᠢᠨ᠎ᠡ ᠶᠢᠨ ᠨᠢᠭᠡᠨ ᠭᠡᠵᠦ ᠪᠠᠶᠢᠬᠤ ᠪᠣᠯᠣᠨ᠎ᠠ᠃ ᠬᠥᠮᠥᠨ ᠪᠣᠯᠭᠠᠨ ᠵᠠᠪᠠᠯ ᠬᠠᠮᠤᠭ ᠤᠨ ᠰᠢᠨ᠎ᠡ ᠲᠡᠪᠡᠯ ᠬᠤᠪᠴᠠᠰᠤ ᠪᠠᠨ ᠭᠠᠷᠭᠠᠵᠤ ᠡᠮᠦᠰᠦᠭᠡᠳ ᠦᠷᠦᠭᠦᠨ ᠬᠠᠷᠠᠩᠭᠤᠢ ᠪᠠᠷ ᠪᠣᠰᠴᠤ ᠠᠶᠢᠯ ᠪᠣᠯᠭᠠᠨ ᠲᠣᠯᠣᠭᠠᠢ ᠶᠢᠨ ᠣᠷᠣᠢ ᠳᠤ ᠭᠠᠷᠴᠤ ᠶᠡᠭᠡ ᠭᠠᠯ ᠥᠷᠳᠡᠵᠦ ᠰᠠᠩ ᠳᠠᠭᠠᠨ ᠮᠥᠷᠭᠦᠭᠲᠦᠨ︕ ᠲᠡᠭᠡᠭᠡᠳ ᠭᠠᠯ ᠪᠤᠷᠬᠠᠨ᠂ ᠲᠡᠭᠷᠢ ᠭᠠᠵᠠᠷ᠂ ᠡᠵᠡᠳ ᠰᠠᠬᠢᠭᠤᠯᠰᠤᠨ ᠳᠠᠭᠠᠨ ᠰᠠᠶᠢᠨ ᠳᠠᠭᠠᠳᠬ᠎ᠠ᠂ ᠠᠯᠢ ᠶᠡᠭᠡ ᠲᠠᠭᠤ ᠴᠢᠮᠡᠭᠡ ᠭᠠᠷᠭᠠᠬᠤ ᠠᠷᠭ᠎ᠠ ᠬᠢᠬᠦ ᠬᠡᠷᠡᠭᠲᠡᠢ᠃ ᠦᠭᠡᠢ ᠪᠣᠯ ᠲᠠᠨᠤᠰ ᠲᠤ ᠳᠠᠭᠠᠭᠠᠵᠤ ᠳᠠᠪᠠᠰᠢ ᠦᠭᠡᠢ ᠬᠠᠷ᠎ᠠ ᠠᠶᠤᠯ ᠪᠠᠭᠤᠨ᠎ᠠ ᠭᠡᠵᠦ ᠮᠡᠳᠡ᠃ ᠢᠩᠭᠢᠪᠡᠯ ᠰᠠᠶ᠋ᠢ ᠡᠨᠡ ᠲᠤᠯᠵᠤ ᠢᠷᠡᠮᠡᠷ ᠪᠠᠶᠢᠬᠤ ᠬᠡᠴᠡᠭᠦᠦ ᠠᠶᠤᠯ ᠢ ᠲᠤᠭᠤᠯᠵᠦ ᠴᠢᠳᠠᠨ᠎ᠠ᠃ ᠮᠠᠷᠭᠠᠰᠢ ᠬᠡᠨ ᠨᠢ ᠴᠤ ᠤᠷᠤᠭᠤ ᠴᠢᠷᠠᠶᠢᠯᠠᠵᠤ ᠤᠬᠳᠤ ᠪᠤᠯᠬᠤ ᠦᠭᠡᠢ᠃ ᠠᠯᠢ ᠪᠠᠶᠠᠷ ᠭᠦᠷ ᠲᠠᠢ ᠪᠠᠶᠢᠪᠠᠯ ᠲᠡᠳᠦᠢ ᠰᠠᠶᠢᠨ︾ ᠭᠡᠰᠡᠨ ᠭᠡᠨ᠎ᠡ᠃          ᠬᠥᠮᠥᠰ ᠡᠨᠡ ᠴᠢᠮᠡᠭᠡ ᠶᠢ ᠣᠯᠣᠮᠠᠭᠴᠠ ᠢᠷᠡᠵᠦ ᠮᠡᠳᠡᠬᠦ ᠬᠡᠴᠡᠭᠦᠦ ᠭᠠᠢ ᠵᠤᠪᠠᠯᠠᠩ ᠠᠴᠠ ᠵᠠᠶᠢᠯᠠᠬᠤ ᠶᠢᠨ ᠲᠥᠯᠥᠭᠡ ᠡᠩ ᠤᠨ ᠡᠳᠦᠷ ᠠᠴᠠ ᠪᠠᠨ ᠪᠠᠶᠠᠷ ᠭᠦᠷ ᠲᠠᠢ ᠪᠠᠶᠢᠬᠤ ᠶᠢ ᠪᠤᠳᠤᠵᠦ᠂ ᠦᠷᠦᠭᠦᠨ ᠡᠷᠲᠡ ᠭᠤᠶᠣᠯᠠᠵᠤ ᠵᠠᠰᠠᠭᠠᠳ ᠰᠠᠩ ᠳᠠᠭᠠᠨ ᠮᠥᠷᠭᠦᠬᠦ ᠪᠠᠷ ᠭᠠᠷᠴᠤ ᠭᠠᠯ ᠢᠶᠠᠨ ᠪᠠᠳᠠᠷᠠᠭᠠᠨ ᠬᠥᠭᠵᠢᠭᠡᠭᠡᠳ ᠠᠪᠠ ᠶᠢᠨ ᠫᠤᠤ ᠪᠠᠨ ᠳᠤᠤᠭᠠᠷᠭᠠᠵᠠᠢ᠃ ᠥᠨᠥᠬᠢ ᠤᠯᠠᠨ ᠨᠢᠰᠤ ᠰᠢᠯᠦᠰᠦ ᠳᠠᠮᠨᠠᠵᠤ ᠭᠦᠶᠦᠯᠳᠦᠭᠰᠡᠨ ᠮᠠᠭᠤ ᠰᠠᠶᠢᠨ ᠠᠮᠢᠲᠠᠰ ᠥᠴᠥᠬᠡᠨ ᠴᠤ ᠰᠠᠨᠠᠭᠠᠨ ᠳᠤ ᠦᠭᠡᠢ ᠶᠠᠪᠤᠵᠤ ᠪᠠᠶᠢᠲᠠᠯ᠎ᠠ ᠲᠡᠭᠷᠢ ᠲᠤᠯᠤᠮ᠎ᠠ ᠭᠠᠯ ᠠᠰᠠᠵᠤ ᠴᠢᠬᠢ ᠳᠦᠯᠡᠶᠢᠷᠡᠮ᠎ᠡ ᠫᠤᠤ ᠶᠢᠨ ᠲᠠᠭᠤ ᠭᠠᠷᠤᠭᠰᠠᠨ ᠳᠤ ᠨᠢᠭᠡᠮᠦᠰᠦᠨ ᠰᠦᠷᠳᠡᠭᠡᠳ ᠣᠷᠣ ᠪᠠᠷ᠎ᠠ ᠦᠭᠡᠢ ᠳᠤᠲᠠᠭᠠᠵᠤ ᠠᠷᠢᠯᠵᠠᠢ᠃ ᠲᠡᠭᠡᠭᠡᠳ ᠬᠥᠮᠥᠨ ᠲᠥᠷᠥᠯᠬᠢᠲᠡᠨ ᠲᠡᠳᠡᠨᠤᠰ ᠤᠨ ᠬᠤᠣᠷᠯᠠᠯ ᠳᠤᠨᠢ ᠲᠤᠰᠤᠯ ᠦᠭᠡᠢ ᠮᠡᠨᠳᠦ ᠭᠡᠳᠦᠯᠵᠦ ᠴᠢᠳᠠᠵᠠᠢ᠃ ᠬᠡᠷᠪᠡ ᠡᠨᠡ ᠡᠳᠦᠷ ᠢ ᠢᠩᠭᠢᠵᠦ ᠥᠩᠭᠡᠷᠡᠭᠦᠯᠦᠭᠰᠡᠨ ᠦᠭᠡᠢ ᠪᠣᠯ ᠲᠤᠮᠳᠠᠳᠦ ᠲᠢᠪ ᠤᠨ ᠬᠥᠮᠥᠰ ᠪᠠᠶᠢᠰᠢ ᠦᠭᠡᠢ ᠶᠡᠭᠡ ᠦᠬᠦᠵᠦ ᠦᠷᠡᠬᠦ ᠭᠠᠢ ᠵᠤᠪᠠᠯᠠᠩ ᠳᠤ ᠤᠨᠠᠵᠤ ᠳᠠᠭᠤᠰᠬᠤ ᠪᠠᠶᠢᠭᠰᠠᠨ ᠭᠡᠨ᠎ᠡ᠃ ᠲᠡᠶᠢᠮᠦ ᠳᠡᠭᠡᠨ ᠰᠢᠨ᠎ᠡ ᠶᠢᠨ ᠨᠢᠭᠡᠨ ᠳᠤ ᠮᠣᠩᠭᠤᠯᠴᠤᠳ ᠵᠠᠪᠠᠯ ᠴᠣ ᠰᠢᠨ᠎ᠡ ᠪᠠᠷ ᠬᠤᠪᠴᠠᠰᠤᠯᠠᠵᠤ ᠭᠤᠶᠣᠯᠠᠭᠠᠳ ᠰᠠᠩ ᠳᠠᠭᠠᠨ ᠮᠥᠷᠭᠦᠬᠦ ᠪᠣᠯᠵᠤ ᠰᠠᠴᠤᠯᠢ ᠳᠡᠭᠡᠵᠢ᠂ ᠰᠡᠷᠴᠢᠮ ᠨᠠᠩᠴᠢᠳ ᠢᠶᠠᠨ ᠡᠷᠭᠦᠵᠦ᠂ ᠰᠠᠩ ᠳᠠᠭᠠᠨ ᠮᠥᠷᠭᠦᠬᠦ ᠳᠡᠭᠡᠨ ᠪᠦᠭᠦ‍ ᠨᠢᠭᠡ ᠵᠢᠯ ᠤᠨ ᠬᠡᠰᠢᠭ ᠪᠤᠶᠠᠨ᠂ ᠥᠯᠵᠡᠢ ᠥᠭᠡᠳᠡ ᠲᠠᠢ ᠶᠠᠪᠤᠬᠤ᠂ ᠪᠠᠶᠠᠨ ᠲᠠᠩᠰᠤᠭ ᠪᠤᠯᠬᠤ ᠵᠡᠷᠭᠡ ᠠᠯᠢ ᠤᠯᠠᠨ ᠰᠠᠶᠢᠨ ᠰᠠᠶᠢᠬᠠᠨ ᠬᠦᠰᠡᠯ ᠮᠥᠷᠥᠭᠡᠳᠦᠯ ᠪᠠ ᠭᠠᠢ ᠪᠠᠷᠴᠢᠳ ᠠᠴᠠ ᠰᠠᠯᠭᠠᠬᠤ᠂ ᠠᠶᠤᠯ ᠭᠠᠮᠰᠢᠭ ᠠᠴᠠ ᠠᠪᠤᠷᠠᠵᠤ ᠥᠷᠥᠰᠢᠶᠡᠬᠦ ᠶᠢ ᠮᠥᠩᠬᠡ ᠬᠥᠬᠡ ᠲᠡᠭᠷᠢ᠂ ᠡᠵᠡᠨ ᠰᠠᠬᠢᠭᠤᠰᠤ᠂ ᠭᠠᠯ ᠤᠨ ᠪᠤᠷᠬᠠᠨ᠂ ᠭᠠᠵᠠᠷ ᠤᠰᠤᠨ ᠤ ᠨᠢᠪᠳᠠᠭ ᠰᠠᠪᠳᠠᠭ ᠲᠠᠭᠠᠨ ᠰᠢᠪᠰᠢᠨ ᠨᠠᠮᠠᠨᠴᠢᠯᠠᠬᠤ ᠪᠣᠯᠵᠠᠢ᠃ ᠬᠢᠵᠢᠭ ᠤᠨ ᠡᠵᠡᠳ ᠢ ᠠᠶᠤᠯᠭᠠᠬᠤ ᠭᠡᠵᠦ ᠫᠤᠤ ᠲᠠᠯᠪᠢᠳᠠᠭ ᠠᠴᠠ ᠪᠠᠨ ᠬᠤᠵᠢᠮ  ᠨᠢ ᠴᠠᠭᠠᠰᠤᠨ ᠫᠤᠤ ᠲᠠᠯᠪᠢᠬᠤ ᠪᠣᠯᠵᠠᠢ᠃ ᠤᠳᠤ ᠠᠯᠠᠱᠠ ᠮᠣᠩᠭᠤᠯᠴᠤᠳ ᠴᠠᠭᠠᠨ ᠰᠠᠷ᠎ᠠ ᠶᠢᠨ ᠰᠢᠨ᠎ᠡ ᠶᠢᠨ ᠨᠢᠭᠡᠨ ᠳᠤ ᠫᠤᠤ ᠶᠢᠨ ᠲᠠᠭᠤ ᠶᠢ ᠶᠡᠭᠡ ᠠᠩᠬᠠᠷᠴᠤ ᠰᠢᠨᠵᠢᠳᠡᠭ ᠪᠣᠯᠵᠤ᠂ ᠫᠤᠤᠵᠢᠩ ᠨᠢ ᠭᠦᠢᠴᠡᠳ ᠮᠥᠷᠲᠡᠭᠡᠨ ᠴᠢᠩᠭ᠎ᠠ ᠳᠤᠤᠭᠠᠷᠴᠤ ᠪᠠᠶᠢᠪᠠᠯ ᠲᠡᠷᠡ ᠨᠢᠭᠡ ᠵᠢᠯ ᠳᠡᠭᠡᠨ ᠡᠷᠡᠭᠦᠯ ᠡᠩᠬᠡ᠂ ᠬᠡᠶᠢᠮᠣᠷᠢ ᠲᠠᠢ ᠠᠵᠢᠭ ᠦᠭᠡᠢ ᠰᠠᠶᠢᠨ ᠶᠠᠪᠤᠬᠤ ᠪᠠᠨ ︽ᠴᠢᠯᠠᠭᠤ ᠪᠠᠷ ᠴᠣᠬᠢᠪᠠᠴᠤ ᠠᠵᠢᠷᠠᠬᠤ ᠪᠠᠷ ᠦᠭᠡᠢ ᠥᠯᠵᠡᠶᠢᠲᠡᠢ ᠰᠠᠶᠢᠨ ᠶᠠᠪᠤᠬᠤ ᠵᠢᠯ ᠪᠠᠶᠢᠨ᠎ᠠ︾ ᠭᠡᠵᠦ ᠪᠡᠯᠭᠡᠰᠢᠶᠡᠵᠦ ᠶᠠᠷᠢᠨ᠎ᠠ᠃ ᠲᠡᠶᠢᠮᠦ ᠳᠡᠭᠡᠨ ᠬᠡᠳᠦᠨ ᠡᠳᠦᠷ ᠤᠨ ᠤᠷᠢᠳ ᠠᠴᠠ ᠴᠠᠭᠠᠰᠤᠨ ᠫᠤᠤ ᠪᠠᠨ ᠴᠢᠭᠲᠠᠭᠠᠨ ᠠᠴᠠ ᠪᠠᠨ ᠤᠶᠠᠵᠤ ᠴᠢᠭᠢᠭ ᠢ ᠨᠢ ᠭᠠᠷᠭᠠᠭᠠᠳ ᠬᠠᠲᠠᠭᠤ ᠳᠤᠤᠭᠠᠷᠭᠠᠬᠤ ᠭᠡᠳᠡᠭ᠃ ᠲᠡᠭᠡᠭᠡᠳ ︽ᠫᠤᠤ ᠶᠢᠨ ᠲᠠᠭᠤ ᠰᠠᠶᠢᠨ᠂ ᠪᠤᠤᠵᠠ ᠶᠢᠨ ᠠᠮᠲᠠ ᠰᠠᠶᠢᠨ︾ ᠭᠡᠵᠦ ᠰᠢᠨ᠎ᠡ ᠶᠢᠨ ᠠᠮᠤᠷ ᠠᠰᠠᠭᠤᠬᠤ ᠳᠠᠭᠠᠨ ᠶᠠᠷᠢᠳᠠᠭ ᠪᠢᠯᠡ᠃          ᠡᠭᠦᠨ ᠠᠴᠠ ᠬᠤᠶᠢᠰᠢ ᠤᠯᠠᠮᠵᠢᠯᠠᠯᠲᠤ ᠴᠠᠭᠠᠨ ᠰᠠᠷ᠎ᠠ ᠶᠢᠨ ᠪᠠᠶᠠᠷ ᠭᠡᠰᠡᠨ ᠪᠠᠰᠠ ᠨᠢᠭᠡ ᠪᠠᠶᠠᠷ ᠳᠤᠷᠠᠰᠬᠠᠯ ᠤᠨ ᠡᠳᠦᠷ ᠲᠠᠢ ᠪᠣᠯᠵᠤ ᠭᠡᠨ᠎ᠡ᠃                             2005 ᠣᠨ ᠤ 2 ᠰᠠᠷ᠎ᠠ ᠶᠢᠨ 3 ᠳᠤ ᠬᠠᠨᠳᠠᠵᠠᠪ ᠭᠠᠨᠢᠶᠠ ᠶᠠᠷᠢᠪᠠ᠃                    ︽ᠠᠯᠠᠱᠠ ᠠᠷᠠᠳ ᠤᠨ ᠠᠮᠠᠨ ᠵᠣᠬᠢᠶᠠᠯ ᠤᠨ ᠴᠣᠮᠤᠭ︾ ︵ᠨᠢᠭᠡ︶  ᠠᠴᠠ ᠠᠪᠤᠪᠠ᠃                  
 
ᠢᠷᠡᠯᠲᠡ᠄ ᠠᠯᠠᠱᠠ ᠶᠢᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号