| | ᠣ · ᠲᠠᠶᠢᠪᠤᠩ ᠴᠤᠭᠯᠠᠭᠤᠯᠤᠨ ᠲᠠᠶᠢᠯᠪᠤᠷᠢᠯᠠᠪᠠ | ᠬᠠᠷ᠎ᠠ ᠮᠥᠷ ᠲᠠᠢ᠄ ᠬᠠᠷ᠎ᠠ ᠬᠠᠭᠠᠯᠭ᠎ᠠ ᠲᠠᠢ᠂ ᠪᠡᠯᠭᠡ ᠳᠡᠮᠪᠡᠷᠢᠯ ᠮᠠᠭᠤᠲᠠᠢ᠃ ︵ᠬᠠᠢ᠂ ᠡᠨᠡ ᠴᠢᠨᠢ | ᠶᠠᠭᠠᠬᠢᠭᠰᠠᠨ ᠡᠶᠢᠮᠦ ᠬᠠᠷ᠎ᠠ ᠮᠥᠷ ᠲᠠᠢ ᠶᠠᠪᠤᠳᠠᠯ ᠪᠣᠯᠵᠤ ᠣᠳᠪᠠ︾ ᠭᠡᠳ ᠰᠠᠨᠠᠭ᠎ᠠ ᠠᠯᠳᠠᠭᠰᠠᠨ ᠡᠯᠪᠡᠭ ᠡᠪᠦᠭᠡᠨ ᠁ | ᠃ - ᠬᠠ᠊ · ᠬᠥᠮᠦᠵᠢᠯ᠄ ︽ᠬᠠᠶᠢᠷᠠᠨ ᠨᠠᠢᠮᠠᠨ ᠡᠳᠦᠷ︾᠂ P.17︶ | ᠬᠠᠷ᠎ᠠ ᠰᠡᠭᠡᠷ᠄ ᠬᠥᠮᠥᠨ ᠤ ᠭᠠᠢ᠂ ᠬᠠᠷ᠎ᠠ ᠰᠠᠨᠠᠭ᠎ᠠ ᠲᠠᠢ ᠬᠥᠮᠥᠨ ᠢ ᠬᠡᠯᠡᠳᠡᠭ ᠦᠭᠡ᠃ | ᠬᠠᠷ᠎ᠠ ᠰᠢᠷ᠎ᠠ ᠦᠭᠡᠢ᠄ ① ᠮᠠᠭᠤ ᠦᠭᠡᠢ᠃ ② ᠯᠠᠮᠠ ᠬᠠᠷ᠎ᠠ ᠪᠦᠭᠦᠳᠡᠭᠡᠷ ᠢᠶᠠᠨ᠂ ᠪᠤᠢ ᠪᠦᠭᠦ | ᠬᠥᠮᠥᠰ᠃ | ᠬᠠᠷ᠎ᠠ ᠳᠠᠷᠤᠬᠤ᠄ ᠮᠠᠭᠤ ᠵᠡᠭᠦᠳᠦ ᠵᠡᠭᠦᠳᠦᠯᠡᠬᠦ᠃ | ᠬᠠᠷ᠎ᠠ ᠲᠣᠯᠣᠭᠠᠢ ᠪᠠᠨ ᠵᠠᠯᠭᠢᠬᠤ᠄ ᠥᠪᠡᠷ ᠤᠨ ᠰᠢᠯᠲᠠᠭᠠᠨ ᠠᠴᠠ ᠪᠣᠯᠵᠤ ᠠᠮᠢ ᠪᠠᠨ ᠠᠯᠳᠠᠬᠤ᠃ ︵ | ᠲᠡᠭᠷᠢ ᠡᠰᠢ ᠲᠠᠢ᠂ ᠲᠡᠮᠦᠷ ᠭᠤᠣᠯ ᠲᠠᠢ᠂ ᠳᠡᠭᠡᠳᠦ ᠨᠣᠶᠠᠨ ᠤ ᠵᠠᠷᠯᠢᠭ ᠢ ᠴᠢ ᠡᠰᠡᠷᠭᠦᠴᠡᠪᠡᠯ ᠬᠠᠷ᠎ᠠ ᠲᠣᠯᠣᠭᠠᠢ ᠪᠠᠨ | ᠵᠠᠯᠭᠢᠳᠠᠭ ᠪᠣᠯᠣᠨ᠎ᠠ ᠰᠢᠤ᠃ - ᠠ᠊ · ᠳᠠᠶᠢᠪᠠᠢ᠄ ︽ᠭᠡᠭᠡᠳᠡᠷᠡᠭᠰᠡᠨ ᠵᠠᠬᠢᠶ᠎ᠠ︾᠂ P.71︶ | ᠬᠠᠷ᠎ᠠ ᠴᠠᠭᠠᠨ ᠢ ᠢᠯᠭᠠᠯ ᠦᠭᠡᠢ᠄ ᠦᠨᠡᠨ ᠬᠤᠳᠠᠯ ᠢ ᠢᠯᠭᠠᠬᠤ ᠦᠭᠡᠢ᠂ ᠵᠥᠪ ᠪᠤᠷᠤᠭᠤ ᠶᠢ ᠢᠯᠭᠠᠬᠤ | ᠦᠭᠡᠢ᠃ | ᠬᠠᠷ᠎ᠠ ᠲᠣᠯᠣᠭᠠᠢ ᠪᠠᠷ ᠴᠢᠨᠢ ᠭᠠᠷᠤᠭ᠄ ᠬᠤᠬᠢᠷᠠᠯ ᠭᠠᠷᠤᠵᠠ ᠴᠢᠮ᠎ᠠ ᠪᠠᠷ ᠭᠠᠷᠲᠤᠭᠠᠢ ᠭᠡᠰᠡᠨ | ᠬᠠᠷᠢᠶᠠᠯ ᠤᠨ ᠦᠭᠡ᠃ | ᠬᠠᠷ᠎ᠠ ᠲᠣᠯᠣᠭᠠᠢ ᠪᠠᠷ ᠴᠢᠨᠢ ᠭᠠᠷᠭᠠᠰᠤ ᠪᠢ᠄ ᠬᠤᠬᠢᠷᠠᠯ ᠭᠠᠷᠤᠵᠠ ᠴᠢᠮ᠎ᠠ ᠪᠠᠷ ᠭᠠᠷᠲᠤᠭᠠᠢ ᠭᠡᠰᠡᠨ | ᠬᠠᠷᠢᠶᠠᠯ ᠤᠨ ᠦᠭᠡ᠃ ︵ᠬᠠᠷᠢᠶᠠᠯ ᠠᠨᠳᠠᠭᠠᠷ ᠢ ᠴᠢᠨᠢ᠂ ᠬᠠᠷ᠎ᠠ ᠲᠣᠯᠣᠭᠠᠢ ᠪᠠᠷ ᠴᠢᠨᠢ ᠭᠠᠷᠭᠠᠰᠤ ᠪᠢ ᠭᠡᠳ | ᠴᠠᠰᠤᠨ ᠠᠴᠠ ᠴᠠᠭᠠᠨ᠂ ᠴᠠᠭᠠᠰᠤᠨ ᠠᠴᠠ ᠨᠢᠮᠭᠡᠨ᠂ ᠴᠠᠶᠢᠪᠤᠷ ᠴᠠᠭᠠᠨ ᠢᠯᠳᠦ ᠪᠠᠨ ᠠᠪᠤᠭᠠᠳ᠃ - ︽ᠵᠠᠩᠭᠠᠷ ᠤᠨ | ᠡᠬᠡ ᠮᠠᠲ᠋ᠧᠷᠢᠶᠠᠯ ︵5︶︾᠂ P.306︶ | ᠬᠠᠷ᠎ᠠ ᠲᠣᠯᠣᠭᠠᠢ ᠪᠠᠨ ᠪᠤᠳᠤᠭᠠᠳ ᠬᠠᠮᠠᠷ ᠤᠨ ᠦᠵᠦᠭᠦᠷ ᠢᠶᠠᠨ ᠱᠠᠭᠠᠶᠢᠬᠤ᠄ ᠬᠤᠪᠢᠨᠴᠢᠷ᠃ | ᠬᠠᠷ᠎ᠠ ᠴᠠᠭᠠᠨ ᠲᠠᠭᠤ ᠦᠭᠡᠢ᠄ ᠦᠭᠡ ᠬᠡᠯᠡᠬᠦ ᠦᠭᠡᠢ᠃ ︵᠁ ᠤᠳᠤ ᠲᠡᠭᠦᠨ ᠤ ᠬᠠᠷ᠎ᠠ ᠴᠠᠭᠠᠨ | ᠲᠠᠭᠤ ᠴᠤ ᠦᠭᠡᠢ ᠤᠭᠢᠯᠠᠨ ᠪᠠᠶᠢᠬᠤ ᠶᠢ ᠦᠵᠡᠵᠦ ᠲᠠᠷᠠ ᠵᠠᠯᠠᠭᠤ ᠤᠶᠠᠷᠠᠭᠠᠳ᠃ - ᠪᠠ᠊᠆ · ᠵᠠᠰᠠᠨ᠎ᠠ᠄ ︽ | ᠲᠠᠭᠢᠯᠭ᠎ᠠ ᠪᠢᠯᠡ︾᠂ P.73︶ | ᠬᠠᠷ᠎ᠠ ᠴᠠᠭᠠᠰᠤ ᠪᠠᠨ ᠠᠪᠬᠤ᠄ ᠤᠷᠤᠭ ᠤᠨ ᠪᠠᠲᠤᠯᠠᠪᠤᠷᠢ ᠪᠠᠨ ᠠᠪᠬᠤ᠃ | ᠬᠠᠷ᠎ᠠ ᠴᠡᠭᠡᠵᠢ᠄ ᠶᠠᠷᠢᠵᠤ ᠪᠤᠷᠠᠬᠤ ᠠᠴᠠ ᠥᠭᠡᠷ᠎ᠡ ᠶᠠᠭᠤ ᠴᠤ ᠮᠡᠳᠡᠬᠦ ᠦᠭᠡᠢ ᠴᠡᠭᠡᠵᠢ ᠰᠠᠶᠢᠨ ᠬᠥᠮᠥᠨ᠃ | | ᠬᠠᠷ᠎ᠠ ᠶᠠᠰᠤ ᠲᠠᠢ᠄ ᠰᠢᠷᠪᠦᠰᠦᠯᠢᠭ᠃ | ᠬᠠᠷᠠᠮ ᠰᠡᠳᠬᠢᠯ᠄ ᠰᠠᠨᠠᠭ᠎ᠠ ᠣᠷᠭᠢᠬᠰᠠᠨ᠂ ᠬᠠᠯᠠᠮᠵᠢᠯᠠᠵᠤ ᠳᠣᠲᠣᠨᠣᠴᠢᠯᠠᠭᠰᠠᠨ ᠰᠡᠳᠬᠢᠯ᠃ ︵ | ᠬᠤᠲᠠ ᠪᠠᠨ ᠢᠳᠡᠭᠰᠡᠨ ᠪᠣᠯᠪᠠᠤ᠂ ᠪᠢᠲᠡᠭᠡᠢ ᠬᠤᠭᠤᠰᠤᠨ ᠬᠤᠨᠣᠲᠤᠭᠠᠢ ᠭᠡᠵᠦ ᠪᠤᠳᠣᠭᠠᠳ ᠰᠤᠷᠠᠭᠰᠠᠨ ᠬᠠᠷᠠᠮ | ᠰᠡᠳᠬᠢᠯ ᠪᠣᠯᠵᠤ ᠪᠠᠶᠢᠨ᠎ᠠ︶ | ᠬᠠᠷᠠᠮᠴᠢ ᠶᠢᠨ ᠲᠤᠯᠤᠮ ᠬᠠᠭᠠᠷᠬᠠᠢ᠄ ᠬᠠᠷᠠᠮᠴᠢ ᠬᠥᠮᠥᠨ ᠬᠡᠵᠢᠶᠡᠳᠡ ᠬᠤᠭᠤᠰᠤᠨ᠃ | ᠬᠠᠷᠠᠮᠴᠢ ᠠᠪᠤᠭᠠᠢ ᠬᠠᠭᠠᠨ ᠤ ᠬᠤᠷᠢᠮ ᠬᠠᠷᠠᠮᠨᠠᠬᠤ᠄ ᠬᠡᠵᠢᠶᠡᠳᠡ ᠬᠤᠪᠢᠷᠠᠬᠤ ᠦᠭᠡᠢ ᠬᠠᠷᠠᠮᠴᠢ | ᠬᠤᠪᠠᠭ᠋ᠠᠢ ᠵᠠᠩ᠃ | ᠬᠠᠷ᠎ᠠ ᠭᠠᠵᠠᠷ ᠤᠨ ᠠᠩ᠄ ᠬᠤᠯᠨ ᠭᠠᠵᠠᠷ᠃ | ᠬᠠᠷᠢᠶᠠᠯ ᠢᠷᠦᠭᠡᠯ ᠲᠠᠯᠪᠢᠬᠤ᠄ ᠬᠠᠨᠤᠮᠵᠢ ᠦᠭᠡᠢ ᠰᠡᠳᠬᠢᠯ ᠢᠶᠠᠨ ᠦᠭᠡ ᠴᠤᠪᠤᠷᠠᠭᠤᠯᠤᠨ ᠢᠯᠡᠳᠬᠡᠬᠦ᠃ | ︵ᠪᠢ ᠬᠠᠷᠢᠶᠠᠯ ᠢᠷᠦᠭᠡᠯ ᠲᠠᠯᠪᠢᠵᠤ ᠶᠠᠪᠤᠭᠰᠠᠭᠠᠷ ᠦᠬᠡᠷ ᠳᠣᠷᠵᠢ ᠶᠢᠨ ᠳᠤ ᠤᠳᠤᠯ᠎ᠠ᠃ - ᠪᠠ᠊᠆ · ᠵᠠᠰᠠᠨ᠎ᠠ᠄ ︽ | ᠬᠦᠢᠲᠡᠨ ᠬᠠᠷ᠎ᠠ ᠰᠢᠷᠣᠢ︾᠂ P.402︶ | ᠬᠠᠷᠢᠶᠠᠯ ᠨᠢ ᠬᠠᠷᠢᠭᠤ ᠪᠡᠶ᠎ᠡ ᠪᠠᠷ ᠨᠢ ᠭᠠᠷᠤᠭ᠄ ᠬᠥᠮᠥᠨ ᠳᠤ ᠪᠠᠷᠠᠨ᠎ᠠ ᠭᠡᠳ ᠥᠪᠡᠷ ᠤᠨ ᠪᠡᠶ᠎ᠡ ᠪᠠᠨ | ᠪᠠᠷᠠᠬᠤ᠃ ᠬᠠᠷᠢᠶᠠᠵᠤ ᠵᠦᠬᠡᠭᠰᠡᠨ ᠦᠭᠡᠰ ᠨᠢ ᠪᠡᠶ᠎ᠡ ᠳᠤᠨᠢ ᠪᠡᠶᠡᠯᠡᠯ ᠢᠶᠠᠨ ᠣᠯᠲᠤᠭᠠᠢ ᠭᠡᠰᠡᠨ ᠤᠳᠬ᠎ᠠ ᠲᠠᠢ᠃ | ᠬᠠᠷᠢᠶᠠᠯ ᠨᠢ ᠢᠷᠦᠭᠡᠯ ᠪᠣᠯᠤᠭ᠄ ᠬᠥᠮᠥᠨ ᠳᠤ ᠪᠠᠷᠠᠨ᠎ᠠ ᠭᠡᠳ ᠪᠠᠷᠠᠵᠤ ᠴᠢᠳᠠᠬᠤ ᠦᠭᠡᠢ᠃ ᠬᠠᠷᠢᠶᠠᠯ ᠤᠨ | ᠮᠠᠭᠤ ᠰᠡᠳᠬᠢᠯ ᠨᠢ ᠪᠢᠳᠡᠨ ᠤ ᠦᠢᠯᠡ ᠬᠡᠷᠡᠭ ᠢᠶᠠᠨ ᠠᠮᠵᠢᠯᠲᠠ ᠲᠠᠢ ᠪᠡᠶᠡᠯᠡᠭᠦᠯᠬᠦ ᠶᠢᠨ ᠵᠣᠷᠢᠭᠵᠢᠭᠤᠯᠤᠯ ᠪᠣᠯᠲᠤᠭᠠᠢ | ᠭᠡᠰᠡᠨ ᠤᠳᠬ᠎ᠠ ᠲᠠᠢ᠃ | ᠬᠠᠷᠠᠭᠠᠨ ᠪᠠᠷᠠᠭᠠᠨ ᠦᠭᠡᠢ᠄ ᠴᠢᠭ ᠴᠢᠮᠡᠭᠡ ᠦᠭᠡᠢ ᠪᠤᠯᠬᠤ᠂ ᠣᠷᠣ ᠰᠤᠷᠠᠭ ᠦᠭᠡᠢ᠃ | ᠬᠠᠷᠢ ᠠᠴᠠ ᠬᠠᠪᠢᠰᠤ ᠬᠤᠭᠤᠯᠬᠤ᠄ ᠬᠠᠷᠢ ᠭᠠᠵᠠᠷ ᠲᠠᠭᠠᠨ ᠤᠷᠤᠭ ᠭᠤᠶᠤᠬᠤ᠃ ︵ᠬᠠᠭᠠᠨ ᠨᠣᠶᠠᠨ | ᠪᠣᠭᠳᠠ ᠵᠠᠩᠭᠠᠷ ᠮᠢᠨᠢ᠂ ᠬᠠᠨᠴᠤᠨ ᠪᠣᠯᠤᠭᠰᠠᠨ ᠪᠤᠭᠤᠷᠤᠯ ᠲᠠᠢ᠂ ᠬᠠᠭᠠᠨ ᠰᠠᠭᠤᠷᠢ ᠬᠥᠪᠡᠭᠦᠨ ᠲᠠᠨᠢ᠂ ᠬᠠᠷᠢ ᠠᠴᠠ | ᠬᠠᠪᠢᠰᠤ ᠬᠤᠭᠤᠯᠵᠤ᠂ ᠴᠠᠯᠭᠢᠶ᠎ᠠ ᠴᠠᠪᠢᠳᠠᠷ ᠮᠣᠷᠢᠨ ᠳᠤ᠂ ᠵᠠᠭᠤᠪᠴᠢ ᠶᠢᠨ ᠴᠠᠭᠠᠨ ᠬᠠᠭᠠᠨ ᠤ᠂ ᠵᠢᠷᠤᠮᠠᠯ ᠴᠠᠭᠠᠨ | ᠪᠢᠯᠢᠭ ᠭᠡᠳᠡᠭ ᠬᠡᠦᠬᠡᠨ ᠢ ᠤᠨᠤᠭᠤᠯᠤᠭᠠᠳ᠂ ᠬᠠᠷᠢ ᠬᠤᠯᠠ ᠠᠴᠠ ᠠᠭᠠᠰᠢᠵᠤ ᠶᠠᠪᠤᠨ᠎ᠠ᠃ - ︽ᠵᠠᠩᠭᠠᠷ ᠤᠨ ᠡᠬᠡ | ᠮᠠᠲ᠋ᠧᠷᠢᠶᠠᠯ ︵7︶︾᠂ P.145-146︶ | ᠬᠠᠷᠢ ᠳᠤ ᠤᠳᠬᠤ᠄ ᠬᠤᠯᠨ ᠭᠠᠵᠠᠷ ᠬᠤᠷᠢᠮᠯᠠᠬᠤ᠃ | ᠬᠠᠷᠢ ᠳᠤ ᠭᠠᠷᠬᠤ᠄ ᠬᠤᠯᠨ ᠭᠠᠵᠠᠷ ᠬᠤᠷᠢᠮᠯᠠᠬᠤ᠃ | ᠬᠠᠷ ᠬᠤᠷ ᠬᠢᠬᠦ᠄① ᠢᠯᠡᠭᠦᠦ ᠳᠤᠲᠠᠭᠤ ᠪᠤᠯᠴᠠᠬᠤ᠃ ② ᠪᠦᠳᠦᠭᠦᠯᠢᠭ ᠭᠦᠳᠡᠯᠴᠡ ᠪᠠᠷ ᠠᠨᠢᠷ | ᠴᠢᠮᠡᠭᠡ ᠭᠠᠷᠭᠠᠬᠤ᠃ ︵ᠪᠢ ᠠᠭᠠᠭᠢ ᠳᠤ ᠠᠩᠬᠠᠷᠠᠭᠤᠯᠬᠤ ᠳᠤ ᠵᠥᠪᠲᠡᠢ ᠭᠡᠰᠡᠨ ᠶᠤᠮ ᠭᠡᠳ ᠭᠡᠷ ᠤᠨ ᠡᠭᠦᠳᠡ ᠶᠢ | ᠬᠠᠷ ᠬᠤᠷ ᠭᠡᠲᠡᠯ᠎ᠡ ᠳᠤᠤᠭᠠᠷᠭᠠᠭᠠᠳ ᠭᠠᠷᠤᠭᠠᠳ ᠶᠠᠪᠤᠵᠤ ᠣᠳᠪᠠ᠃ - ᠬᠤ · ᠪᠠᠳᠠᠢ᠄ ︽ᠠᠮᠠ ᠲᠠᠢ ᠪᠣᠷᠣ︾᠂ | P.23︶ | ᠬᠠᠷᠲ ᠬᠤᠷᠲ ᠬᠢᠬᠦ᠄ ᠢᠯᠡᠭᠦᠦ ᠳᠤᠲᠠᠭᠤ ᠪᠤᠯᠴᠠᠬᠤ ② ᠱᠦᠭᠦᠢ ᠬᠤᠷᠭᠤ ᠠᠭᠤᠳᠠᠯᠬᠤ ᠵᠡᠷᠭᠡ | ᠬᠥᠳᠡᠯᠦᠯ ᠳᠤ ᠭᠠᠷᠬᠤ ᠠᠨᠢᠷ ᠴᠢᠮᠡᠭᠡ᠃ | ᠬᠠᠷᠠᠩᠭᠤᠢ ᠬᠥᠮᠥᠨ᠄ ᠰᠣᠶᠣᠯ ᠦᠭᠡᠢ ᠬᠥᠮᠥᠨ᠃ | ᠬᠠᠷᠪᠤᠭᠰᠠᠨ ᠫᠤᠤ ᠶᠢᠨ ᠰᠤᠮᠤᠨ ᠰᠢᠩᠭᠢ᠄ ᠰᠢᠭᠤᠳ ᠰᠢᠯᠤᠭᠤᠨ᠂ ᠲᠦᠷᠭᠡᠨ᠃ | ᠬᠠᠷᠢᠭ ᠲᠠᠲᠠᠭ ᠭᠡᠭᠰᠡᠭᠡᠷ᠄ ᠢᠴᠢᠵᠦ ᠡᠮᠢᠶᠡᠬᠦ᠂ ᠡᠷᠡᠭᠡᠯᠵᠡᠨ ᠲᠠᠲᠠᠭᠠᠯᠵᠠᠬᠤ᠃ ︵ᠬᠡᠦᠬᠡᠨ ᠰᠢᠩᠭᠢ | ᠬᠠᠷᠢᠭ ᠲᠠᠲᠠᠭ ᠭᠡᠭᠰᠡᠭᠡᠷ ᠠᠯᠬᠤᠯᠠᠨ ᠬᠠᠵᠠᠭᠤ ᠶᠢᠨ ᠠᠶᠢᠯ ᠳᠠᠭᠠᠨ ᠣᠷᠣᠯ᠎ᠠ᠃ - ᠮ᠊ · ᠵᠠᠯᠰᠠᠷᠠᠢ᠂ ︽ᠶᠠᠰᠤ | ᠮᠢᠬᠠᠨ ᠤ ᠲᠠᠰᠤᠷᠬᠠᠢ︾᠂ ︽ᠨᠤᠲᠤᠭ ᠤᠨ ᠴᠡᠩᠬᠡᠷ ᠤᠳᠤᠭᠠᠨ︾᠂ P.102︶ | ᠬᠠᠷᠢᠭ ᠵᠠᠩ ᠲᠠᠢ᠄ ᠢᠴᠢᠵᠦ ᠡᠮᠢᠶᠡᠳᠡᠭ᠂ ᠨᠢᠮᠭᠡᠨ ᠨᠢᠭᠤᠷ ᠲᠠᠢ᠃ ︵ᠭᠡᠭᠡᠨ ᠴᠠᠭᠠᠨ ᠡᠳᠦᠷ ᠢᠶᠠᠷ ᠴᠤ | ᠬᠡᠦᠬᠡᠨ ᠬᠥᠮᠥᠨ ᠤ ᠬᠠᠵᠠᠭᠤ ᠳᠤ ᠢᠷᠡᠪᠡᠯ ᠭᠠᠵᠠᠷ ᠲᠤ ᠣᠷᠣᠵᠤ ᠣᠴᠢᠮᠠᠷ ᠢᠴᠢᠮᠡᠳᠤᠭᠡᠢ ᠬᠠᠷᠢᠭ ᠵᠠᠩ ᠲᠠᠢ ᠬᠥᠮᠥᠨ | ᠪᠢ᠃ - ᠫᠥ᠌᠊ · ᠯᠠᠬᠪᠠ᠄ ︽ᠪᠥᠷᠲᠥᠯᠵᠡᠨ ᠬᠠᠷᠠᠭᠳᠠᠬᠤ ᠬᠠᠨ ᠠᠭᠤᠯᠠ ᠶᠢᠨ ᠪᠠᠷ᠎ᠠ︾᠂ ︽ᠰᠡᠬᠡᠭᠡᠷᠡᠭᠰᠡᠨ ᠲᠠᠯ᠎ᠠ | - ᠰᠢᠨ᠎ᠡ ᠵᠠᠭᠤᠨ ᠤ ᠰᠢᠨᠵᠢᠶᠠᠩ ᠤᠨ ᠮᠣᠩᠭᠤᠯ ᠥᠭᠦᠯᠡᠯᠭᠡ ᠶᠢᠨ ᠰᠣᠩᠭᠤᠮᠠᠯ︾᠂ P.394︶ | ᠭᠡ᠊᠆ | ᠬᠡᠢ ᠡᠵᠡᠯᠡᠬᠦ᠄ ᠬᠤᠭᠤᠰᠤᠨ ᠪᠠᠶᠢᠬᠤ᠃ | ᠬᠡᠢ ᠣᠭᠤᠴᠢᠯᠠᠬᠤ᠄① ᠰᠠᠨᠠᠭᠠᠨ ᠠᠴᠠ ᠭᠠᠳᠠᠭᠤᠷ ᠵᠦᠢᠯ ᠬᠠᠷᠠᠭᠠᠳ ᠭᠠᠶᠢᠬᠠᠬᠤ᠃② ᠨᠢᠭᠡ ᠵᠦᠢᠯ | ᠭᠡᠨᠡᠳᠲᠡ ᠰᠠᠨᠠᠭᠳᠠᠬᠤ᠃ | ᠬᠡᠢ ᠭᠶᠢᠯᠡᠭᠦ᠄ ᠬᠤᠭᠤᠰᠤᠨ ᠪᠠᠶᠢᠬᠤ᠃ | ᠬᠡᠶᠢᠮᠣᠷᠢ ᠶᠢ ᠨᠢ ᠦᠬᠡᠷ ᠭᠡᠪᠭᠰᠡᠨ᠄ ᠠᠵᠢᠯ ᠦᠢᠯᠡᠰ ᠨᠢ ᠪᠦᠲᠦᠮᠵᠢ ᠦᠭᠡᠢ᠃ | ᠬᠡᠢ ᠬᠠᠪᠯᠠᠭᠠᠳ ᠦᠯᠡᠳᠡᠬᠦ᠄ ᠬᠤᠭᠤᠰᠤᠨ ᠬᠤᠴᠣᠷᠬᠤ᠃ | ᠬᠡᠢ ᠭᠠᠢ ᠳᠤ ᠣᠳ᠄ ᠮᠠᠭᠤ ᠳᠤ ᠣᠴᠢᠲᠤᠭᠠᠢ᠃ | ᠬᠡᠢ ᠨᠢ ᠨᠢᠭᠡ᠄ ᠬᠡᠯᠡᠯᠴᠡᠵᠦ ᠲᠣᠬᠢᠷᠠᠬᠤ᠃ ︵ᠠᠮᠪᠠᠨ ᠯᠤᠭ᠎ᠠ ᠬᠡᠢ ᠨᠢ ᠨᠢᠭᠡ᠃ - ᠡ᠊ · ᠭᠡᠨᠵᠡᠢ᠄ ︽ | ᠦᠷ ᠤᠨ ᠡᠮᠦᠨ᠎ᠡ︾᠂ P.328︶ | ᠬᠡᠢ ᠪᠠᠨ ᠨᠢᠭᠡᠳᠬᠡᠬᠦ᠄ ᠬᠡᠯᠡᠯᠴᠡᠵᠦ ᠲᠣᠬᠢᠷᠠᠬᠤ᠃ ︵ᠭᠡᠪᠰᠢ ᠯᠠᠮᠠ ᠯᠤᠭ᠎ᠠ ᠬᠡᠢ ᠪᠠᠨ ᠨᠢᠭᠡᠳᠬᠡᠵᠦ᠂ | ᠬᠦᠢᠰᠦ ᠪᠠᠨ ᠬᠤᠯᠪᠣᠵᠤ ᠠᠪᠤᠭᠠᠳ ᠶᠠᠭᠠᠭᠢᠰᠤ ᠭᠡᠵᠦ ᠪᠠᠶᠢᠨ᠎ᠠ ᠴᠢ᠃ - ᠡ᠊ · ᠭᠡᠨᠵᠡᠢ᠄ ︽ᠦᠷ ᠤᠨ ᠡᠮᠦᠨ᠎ᠡ︾ | ᠂ P.122︶ | ᠬᠡᠢ ᠳᠤᠨᠢ ᠲᠠᠭᠠᠷᠠᠬᠤ᠄ ᠪᠤᠳᠤᠯ ᠰᠡᠳᠬᠢᠯ ᠳᠤᠨᠢ ᠨᠡᠶᠢᠴᠡᠬᠦ᠃ ︵ᠲᠡᠭᠦᠨ ᠤ ᠬᠡᠯᠡᠭᠰᠡᠨ ᠦᠭᠡ ᠬᠡᠢ ᠳᠤᠨᠢ | ᠲᠠᠭᠠᠷᠠᠬᠰᠠᠨ ᠰᠢᠭ᠋ ᠠᠮᠤᠷᠪᠠᠶᠠᠷ ᠬᠡᠯᠡᠬᠦ ᠳᠤ ᠁᠃ - ᠬᠠ᠊ · ᠬᠥᠮᠦᠵᠢᠯ᠄ ︽ᠰᠣᠶᠣᠯ ᠤᠨ ᠪᠠᠳᠢᠷᠴᠢ︾᠂ P. | 106︶ | ᠬᠡᠢ ᠪᠠᠨ ᠲᠠᠰᠤᠯᠬᠤ ᠦᠭᠡᠢ᠄ ᠦᠭᠡ ᠶᠠᠷᠢᠶ᠎ᠠ ᠶᠡᠭᠡ ᠲᠠᠢ᠃ ︵ᠪᠦᠰᠡ ᠶᠢᠨ ᠢᠶᠠᠨ ᠦᠵᠦᠭᠦᠷ ᠢᠶᠠᠷ | ᠴᠢᠷᠠᠢ ᠪᠠᠨ ᠠᠷᠴᠢᠬᠤ ᠶᠢᠨ ᠵᠠᠭᠤᠷ᠎ᠠ ᠬᠡᠢ ᠪᠠᠨ ᠲᠠᠰᠤᠯᠤᠯ ᠦᠭᠡᠢ ᠪᠤᠷᠠᠵᠤ ᠶᠠᠪᠤᠨ᠎ᠠ᠃ - ᠡ᠊ · ᠭᠡᠨᠵᠡᠢ᠄ ︽ | ᠦᠷ ᠤᠨ ᠡᠮᠦᠨ᠎ᠡ︾᠂ P.363︶ | ᠬᠡᠢ ᠨᠢ ᠭᠠᠷᠬᠤ᠄ ᠬᠦᠴᠦᠨ ᠴᠢᠳᠠᠯ ᠦᠭᠡᠢ ᠪᠤᠯᠬᠤ᠂ ᠲᠠᠭᠤᠨ ᠦᠭᠡᠢ ᠪᠤᠯᠬᠤ᠃ | ᠬᠡᠢ ᠨᠢ ᠭᠠᠷᠤᠭᠰᠠᠨ ᠪᠥᠮᠪᠦᠭᠡ ᠬᠡᠪᠲᠡᠢ᠄ ᠦᠭᠡ ᠲᠠᠭᠤᠨ ᠦᠭᠡᠢ ᠪᠤᠯᠬᠤ᠃ ︵᠁ ᠪᠢ ᠠᠭᠠᠵᠢᠮ | ᠠᠭᠠᠵᠢᠮ ᠢᠶᠠᠷ ᠨᠣᠮᠣᠬᠠᠷᠠᠨ᠂ ᠣᠳᠣᠬᠠᠨ ᠰᠢᠭ᠋ ᠳᠣᠭᠰᠢᠷᠠᠨ ᠠᠭᠤᠷᠯᠠᠬᠤ ᠦᠭᠡᠢ ᠪᠣᠯᠵᠤ᠂ ᠬᠡᠢ ᠨᠢ ᠭᠠᠷᠤᠭᠰᠠᠨ | ᠪᠥᠮᠪᠦᠭᠡ ᠰᠢᠭ ᠲᠡᠭᠦᠨ ᠤ ᠡᠮᠦᠨ᠎ᠡ ᠵᠣᠭᠰᠣᠯ᠎ᠠ᠃ - ᠳᠤ · ᠨᠠᠶᠢᠳᠠᠢ᠄ ︽ᠠᠮᠢᠯᠠᠭᠰᠠᠨ ᠭᠤᠪᠢ︾᠂ P.147︶ | | ᠬᠡᠢ ᠭᠠᠷᠭᠠᠬᠤ ᠦᠭᠡᠢ᠄ ① ᠪᠢᠴᠢᠬᠠᠨ ᠴᠤ ᠮᠠᠭᠤ ᠪᠠᠨ ᠮᠡᠳᠡᠭᠦᠯᠬᠦ ᠦᠭᠡᠢ᠂ ᠨᠢᠭᠤᠴᠠ ᠪᠠᠨ ᠪᠠᠲᠤ | ᠰᠠᠬᠢᠵᠤ ᠴᠢᠳᠠᠳᠠᠭ᠃② ᠵᠠᠬᠢᠷᠤᠨ ᠵᠠᠩᠳᠤᠷᠴᠤ ᠦᠭᠡ ᠶᠠᠷᠢᠭᠤᠯᠬᠤ ᠦᠭᠡᠢ᠃ ︵ᠲᠡᠷᠡ ᠳᠣᠬᠰᠢᠨ ᠡᠮᠡᠭᠡᠨ | ᠪᠡᠷᠢ ᠪᠠᠨ ᠬᠡᠢ ᠭᠠᠷᠭᠠᠭᠤᠯᠬᠤ ᠦᠭᠡᠢ︶ | ᠬᠡᠢ ᠨᠢ ᠬᠥᠳᠡᠯᠬᠦ᠄ ① ᠠᠭᠤᠷᠯᠠᠵᠤ ᠪᠠᠴᠢᠮᠳᠠᠨ ᠲᠣᠭᠲᠠᠪᠤᠷᠢ ᠠᠯᠳᠠᠵᠤ ᠠᠭᠠᠰᠢ ᠵᠠᠩ ᠨᠢ ᠮᠠᠭᠤᠳᠠᠬᠤ᠃ | ② ᠮᠢᠬ᠎ᠠ ᠱᠥᠯᠥ ᠳᠤᠲᠠᠭᠰᠠᠨ ᠠᠴᠠ ᠪᠣᠯᠵᠤ ᠪᠡᠶ᠎ᠡ ᠮᠠᠭᠤᠳᠠᠬᠤ᠃ ︵ᠡᠨᠡ ᠬᠥᠬᠡ ᠠᠪᠠᠭᠠᠢ ᠶᠢᠨ ᠬᠡᠢ ᠨᠢ | ᠬᠥᠳᠡᠯᠦᠭᠰᠡᠨ ᠰᠡᠨᠵᠢ ᠰᠢᠤ᠃ - ᠡ᠊ · ᠭᠡᠨᠵᠡᠢ᠄ ︽ᠦᠷ ᠤᠨ ᠡᠮᠦᠨ᠎ᠡ︾᠂ P.103︶ | ︵ᠦᠷᠭᠦᠯᠵᠢᠯᠡᠯ ᠪᠤᠢ︶ | |