| | ᠪᠠᠶᠠᠷ ᠳᠤᠷᠠᠰᠬᠠᠯ ᠤᠨ ᠡᠳᠦᠷ ᠪᠠ ᠨᠠᠶᠢᠷ ᠴᠤᠭᠯᠠᠭᠠᠨ ᠵᠡᠷᠭᠡ ᠳᠤ ᠠᠷᠢᠬᠢ ᠤᠤᠭᠤᠬᠤ ᠨᠢ ᠨᠢᠭᠡᠨ | ᠵᠠᠩᠰᠢᠯ ᠪᠣᠯᠤᠭᠰᠠᠨ ᠪᠠᠶᠢᠨ᠎ᠠ᠃ ᠮᠠᠨ ᠤ ᠤᠯᠤᠰ ᠤᠨ ᠠᠷᠠᠳ ᠢᠷᠭᠡᠳ ᠤᠨ ᠲᠠᠪᠤᠨ ᠤ ᠨᠢᠭᠡ ᠶᠢᠨ ᠬᠥᠮᠥᠰ | ᠦᠷᠭᠦᠯᠵᠢ ᠠᠷᠢᠬᠢ ᠤᠤᠭᠤᠳᠠᠭ ᠪᠥᠭᠡᠳ ᠣᠨᠴᠠᠭᠠᠶᠢᠯᠠᠨ 40% ᠣᠷᠴᠢᠮ ᠤᠨ ᠡᠷᠡᠭᠲᠡᠶᠢᠴᠦᠳ ᠦᠷᠭᠦᠯᠵᠢ | ᠠᠷᠢᠬᠢ ᠤᠤᠭᠤᠳᠠᠭ᠃ ᠮᠠᠨ ᠤ ᠤᠯᠤᠰ ᠤᠨ ᠤᠤᠭᠤᠬᠤ ᠠᠷᠢᠬᠢ ᠶᠢᠨ ᠭᠤᠣᠯ ᠲᠦᠷᠤᠯ ᠨᠢ ᠬᠠᠷ᠎ᠠ ᠠᠷᠢᠬᠢ᠂ ᠫᠢᠸᠤ᠋᠂ | ᠦᠵᠦᠮ ᠤᠨ ᠠᠷᠢᠬᠢ ᠪᠣᠯᠣᠨ ᠪᠤᠰᠤᠳ ᠰᠫᠢᠷᠲ ᠤᠨ ᠠᠭᠤᠯᠬᠤᠨ ᠲᠠᠢ ᠤᠮᠳᠠᠭᠠᠨ ᠪᠣᠯᠣᠨ᠎ᠠ᠃ | ᠠᠷᠢᠬᠢᠨ ᠤ ᠭᠷᠡᠳᠦ᠋ᠰ ᠪᠣᠯ ᠠᠷᠢᠬᠢᠨ ᠤᠮᠳᠠᠭᠠᠨ ᠳᠠᠬᠢ ᠰᠫᠢᠷᠲ ᠤᠨ ᠠᠭᠤᠯᠬᠤᠨ ᠤ ᠬᠡᠮᠵᠢᠶ᠎ᠡ ᠪᠥᠭᠡᠳ | ᠶᠡᠷᠦ ᠳᠡᠭᠡᠨ 100 ᠮᠢᠯᠢᠯᠢᠲᠷ ᠠᠷᠢᠬᠢᠨ ᠳᠠᠬᠢ ᠴᠡᠪᠡᠷ ᠰᠫᠢᠷᠲ ᠤᠨ ᠠᠭᠤᠯᠬᠤ ᠮᠢᠯᠢᠯᠢᠲᠷ ᠤᠨ ᠲᠤᠭ᠎ᠠ ᠶᠢ | ᠢᠯᠡᠷᠬᠡᠶᠢᠯᠡᠵᠦ ᠪᠠᠶᠢᠳᠠᠭ᠃ ᠰᠫᠢᠷᠲ ᠤᠨ ᠠᠭᠤᠯᠬᠤᠨ ᠢᠶᠠᠷ ᠨᠢ ᠠᠷᠢᠬᠢ ᠶᠢ ᠥᠨᠳᠥᠷ ᠭᠷᠡᠳᠦ᠋ᠰ ᠲᠠᠢ ᠠᠷᠢᠬᠢ ︵40 | ᠭᠷᠡᠳᠦ᠋ᠰ ᠠᠴᠠ ᠳᠡᠭᠡᠭᠰᠢ︶᠂ ᠳᠤᠮᠳᠠ ᠭᠷᠡᠳᠦ᠋ᠰ ᠲᠠᠢ ᠠᠷᠢᠬᠢ ︵20 - 40 ᠭᠷᠡᠳᠦ᠋ᠰ ᠤᠨ ᠬᠤᠭᠤᠷᠣᠨᠳᠤ︶ ᠪᠠ | ᠳᠣᠣᠷ᠎ᠠ ᠭᠷᠡᠳᠦ᠋ᠰ ᠲᠠᠢ ᠠᠷᠢᠬᠢ ᠭᠡᠵᠦ ᠬᠤᠪᠢᠶᠠᠳᠠᠭ᠃ | ᠦᠵᠦᠮ ᠤᠨ ᠠᠷᠢᠬᠢ ᠳᠤ ᠤᠯᠠᠨ ᠵᠦᠢᠯ ᠤᠨ ᠢᠳᠡᠪᠬᠢ ᠪᠣᠳᠠᠰ ᠢ ᠰᠤᠳᠤᠯᠭᠠᠨ ᠢᠶᠠᠷ ᠣᠯᠵᠤ ᠮᠡᠳᠡᠭᠰᠡᠨ | ᠶᠤᠮ᠂ ᠵᠢᠱᠢᠶᠡᠯᠡᠪᠡᠯ ᠠᠭᠰᠢᠷᠠᠭ᠎ᠠ ᠶᠢᠨ ᠠᠯᠺᠤᠤᠯ᠂ ᠢᠵᠠᠭᠤᠷ ᠴᠡᠴᠡᠭ ᠤᠨ ᠪᠤᠳᠤᠭ ᠡᠭᠦᠰᠬᠡᠭᠴᠢ ᠵᠡᠷᠭᠡ ᠰᠢᠷ᠎ᠠ | ᠺᠸᠲ᠋ᠤᠨ ᠲᠦᠷᠤᠯ ᠤᠨ ᠪᠣᠳᠠᠰ ᠵᠢᠴᠢ ᠲᠡᠨᠨᠢᠨ ᠬᠦᠴᠢᠯ ᠵᠡᠷᠭᠡ ᠨᠢ ᠢᠰᠦᠯᠳᠦᠬᠦ ᠶᠢ ᠡᠰᠡᠷᠭᠦᠴᠡᠬᠦ ᠦᠢᠯᠡᠳᠦᠯ ᠲᠠᠢ | ᠪᠠᠶᠢᠳᠠᠭ᠃ ᠤᠯᠠᠨ ᠹᠧᠨᠤᠯ ᠨᠢ ᠴᠢᠰᠤᠨ ᠢᠯᠲᠠᠰᠤ ᠶᠢᠨ ᠠᠭᠰᠢᠨ ᠪᠥᠭᠡᠮᠨᠡᠷᠡᠬᠦ ᠶᠢ ᠡᠰᠡᠷᠭᠦᠴᠡᠵᠦ᠂ ᠴᠢᠰᠤᠨ | ᠲᠦᠭᠵᠢᠷᠡᠯ ᠪᠦᠷᠢᠯᠳᠦᠬᠦ ᠶᠢ ᠰᠡᠷᠭᠡᠶᠢᠯᠡᠵᠦ ᠴᠢᠳᠠᠬᠤ ᠪᠣᠯᠬᠤᠷ ᠲᠣᠬᠢᠷᠠᠮᠵᠢᠲᠠᠢ ᠤᠤᠭᠤᠬᠤ ᠨᠢ ᠥᠲᠡᠯᠬᠦ ᠶᠢ | ᠤᠳᠠᠭᠠᠰᠢᠷᠠᠭᠤᠯᠬᠤ ᠪᠠ ᠵᠢᠷᠦᠬᠡᠨ ᠤ ᠴᠢᠰᠤᠨ ᠰᠤᠳᠠᠯ ᠤᠨ ᠡᠪᠡᠳᠴᠢᠨ ᠢ ᠰᠡᠷᠭᠡᠶᠢᠯᠡᠬᠦ ᠳᠤ ᠵᠣᠬᠢᠬᠤ ᠦᠢᠯᠡᠳᠦᠯ ᠲᠠᠢ | ᠪᠠᠶᠢᠳᠠᠭ᠃ ᠭᠡᠪᠡᠴᠦ ᠤᠳᠤ ᠪᠤᠯᠳᠠᠯ᠎ᠠ᠂ ᠲᠣᠬᠢᠷᠠᠮᠵᠢᠲᠠᠢ ᠠᠷᠢᠬᠢ ᠤᠤᠭᠤᠬᠤ ᠨᠢ ᠵᠢᠷᠦᠬᠡᠨ ᠤ ᠴᠢᠰᠤᠨ ᠰᠤᠳᠠᠯ ᠤᠨ | ᠰᠢᠰᠲ᠋ᠧᠮ ᠢ ᠬᠠᠮᠠᠭᠠᠯᠠᠬᠤ ᠦᠢᠯᠡᠳᠦᠯ ᠢ ᠪᠠᠰᠠ ᠴᠢᠨᠠᠭᠰᠢᠳᠠ ᠭᠡᠷᠡᠴᠢᠯᠡᠬᠦ ᠴᠢᠬᠤᠯᠠ ᠲᠠᠢ ᠪᠠᠶᠢᠳᠠᠭ᠂ ᠬᠡᠲᠦᠷᠡᠲᠡᠯ᠎ᠡ | ᠠᠷᠢᠬᠢ ᠤᠤᠭᠤᠭᠰᠠᠨ ᠤ ᠳᠠᠷᠠᠭᠠᠬᠢ ᠡᠯ᠎ᠡ ᠵᠦᠢᠯ ᠤᠨ ᠭᠠᠵᠢᠭᠤ ᠦᠢᠯᠡᠳᠦᠯ ᠢ ᠪᠣᠳᠣᠯᠬᠢᠯᠠᠵᠤ᠂ ᠶᠠᠮᠠᠷ ᠬᠥᠮᠥᠨ ᠭᠡᠳ | ᠵᠢᠷᠦᠬᠡᠨ ᠡᠪᠡᠳᠴᠢᠨ ᠢ ᠰᠡᠷᠭᠡᠶᠢᠯᠡᠬᠦ ᠶᠢᠨ ᠲᠤᠯᠠᠳᠠ ᠠᠩᠬ᠎ᠠ ᠡᠬᠢᠯᠡᠵᠦ ᠠᠷᠢᠬᠢ ᠤᠤᠭᠤᠬᠤ ᠪᠤᠶᠤ ᠵᠠᠯᠭᠠᠭ᠎ᠠ ᠪᠠᠷ | ᠠᠷᠢᠬᠢ ᠤᠤᠭᠤᠬᠤ ᠶᠢ ᠰᠠᠨᠠᠭᠠᠴᠢᠯᠠᠬᠤ ᠬᠡᠷᠡᠭ ᠦᠭᠡᠢ᠃ | ᠦᠷᠭᠦᠯᠵᠢ ᠬᠡᠲᠦᠷᠡᠲᠡᠯ᠎ᠡ ᠠᠷᠢᠬᠢ ᠤᠤᠭᠤᠬᠤ ᠨᠢ ᠡᠷᠡᠭᠦᠯ ᠮᠠᠨᠳᠤ ᠶᠢ ᠤᠯᠠᠨ ᠲᠠᠯ᠎ᠠ ᠪᠠᠷ | ᠬᠤᠬᠢᠷᠠᠭᠤᠯᠬᠤ ᠪᠣᠯᠣᠮᠵᠢ ᠲᠠᠢ᠄ | 1. ᠤᠷᠳᠤ ᠬᠤᠭᠤᠴᠠᠭ᠎ᠠ ᠪᠠᠷ ᠬᠡᠲᠦᠷᠡᠲᠡᠯ᠎ᠡ ᠠᠷᠢᠬᠢ ᠤᠤᠭᠤᠪᠠᠯ ᠨᠡᠭᠦᠷᠡᠰᠦ ᠤᠰᠤᠨ ᠤ ᠨᠢᠭᠡᠳᠪᠦᠷᠢ᠂ | ᠤᠭᠤᠷᠠᠭ ᠵᠢᠴᠢ ᠥᠭᠡᠬᠦ ᠶᠢᠨ ᠰᠢᠩᠭᠡᠭᠡᠯᠲᠡ ᠶᠢᠨ ᠬᠡᠮᠵᠢᠶ᠎ᠡ ᠶᠢ ᠪᠠᠭᠠᠰᠬᠠᠵᠤ᠂ ᠸᠢᠲ᠋ᠠᠮᠢᠨ ᠪᠠ ᠡᠷᠦᠳᠡᠰᠦᠨ ᠪᠣᠳᠠᠰ ᠢ | ᠰᠢᠩᠭᠡᠭᠡᠬᠦ ᠬᠡᠮᠵᠢᠶ᠎ᠡ ᠨᠢ ᠬᠡᠷᠡᠭᠴᠡᠭᠡ ᠶᠢ ᠬᠠᠩᠭᠠᠵᠤ ᠴᠢᠳᠠᠬᠤ ᠦᠭᠡᠢ ᠪᠤᠯᠳᠠᠭ᠃ | 2. ᠬᠡᠲᠦᠷᠡᠲᠡᠯ᠎ᠡ ᠠᠷᠢᠬᠢ ᠤᠤᠭᠤᠪᠠᠯ ᠭᠡᠳᠡᠰᠦᠨ ᠤ ᠰᠠᠯᠢᠰᠤᠯᠢᠭ ᠢ ᠭᠡᠮᠲᠦᠭᠡᠬᠦ ᠪᠥᠭᠡᠳ ᠡᠯᠢᠭᠡᠨ ᠤ | ᠴᠢᠳᠠᠪᠤᠷᠢ ᠶᠢ ᠭᠡᠮᠲᠦᠭᠡᠭᠡᠳ ᠪᠠᠷᠤᠭ ᠪᠦᠭᠦ ᠰᠢᠮ᠎ᠡ ᠲᠡᠵᠢᠭᠡᠯᠲᠦ ᠪᠣᠳᠠᠰ ᠢ ᠰᠢᠩᠭᠡᠭᠡᠬᠦ ᠪᠠ ᠰᠢᠯᠵᠢᠭᠦᠯᠬᠦ ᠶᠢ | ᠨᠥᠯᠥᠭᠡᠯᠡᠳᠡᠭ᠃ | 3. ᠲᠦᠷᠭᠡᠨ ᠴᠢᠨᠠᠷᠲᠠᠢ ᠰᠫᠢᠷᠲ ᠲᠤ ᠬᠤᠣᠷᠳᠠᠭᠳᠠᠬᠤ ᠨᠢ ᠨᠣᠶᠢᠷ ᠤᠨ ᠪᠤᠯᠴᠢᠷᠬᠠᠢ ᠶᠢᠨ | ᠦᠷᠪᠢᠰᠦᠯ ᠢ ᠡᠭᠦᠰᠬᠡᠵᠦ᠂ ᠨᠣᠶᠢᠷ ᠤᠨ ᠪᠤᠯᠴᠢᠷᠬᠠᠢ ᠶᠢᠨ ᠰᠢᠭᠦᠷᠡᠯᠲᠡ ᠶᠢ ᠭᠦᠢᠴᠡᠳ ᠪᠤᠰᠤ ᠪᠤᠯᠭᠠᠵᠤ᠂ ᠤᠭᠤᠷᠠᠭ᠂ | ᠥᠭᠡᠬᠦ ᠪᠠ ᠳᠤᠰᠤᠨ ᠳᠤ ᠠᠭᠤᠰᠬᠤ ᠸᠢᠲ᠋ᠠᠮᠢᠨ ᠢ ᠰᠢᠩᠭᠡᠭᠡᠵᠦ ᠠᠰᠢᠭᠯᠠᠬᠤ ᠶᠢ ᠨᠥᠯᠥᠭᠡᠯᠡᠭᠡᠳ᠂ ᠬᠦᠨᠳᠦᠷᠡᠪᠡᠯ | ᠰᠫᠢᠷᠲ ᠤᠨ ᠴᠢᠨᠠᠷᠲᠠᠢ ᠰᠢᠮ᠎ᠡ ᠲᠡᠵᠢᠭᠡᠯ ᠳᠤᠲᠠᠬᠤ ᠡᠮᠭᠡᠭ ᠡᠭᠦᠰᠬᠡᠨ᠎ᠡ᠃ | 4.ᠰᠫᠢᠷᠲ ᠨᠢ ᠡᠯᠢᠭᠡ ᠶᠢ ᠰᠢᠭᠤᠳ ᠬᠤᠣᠷᠳᠠᠭᠤᠯᠬᠤ ᠦᠢᠯᠡᠳᠦᠯ ᠲᠠᠢ᠂ ᠥᠭᠡᠬᠦ ᠶᠢᠨ ᠲᠦᠷᠤᠯ᠂ | ᠰᠢᠬᠢᠷ ᠤᠨ ᠵᠦᠢᠯ ᠪᠠ ᠤᠭᠤᠷᠠᠭ ᠵᠡᠷᠭᠡ ᠰᠢᠮ᠎ᠡ ᠲᠡᠵᠢᠭᠡᠯᠲᠦ ᠪᠣᠳᠠᠰ ᠤᠨ ᠬᠡᠪ ᠤᠨ ᠰᠣᠯᠢᠯᠴᠠᠭ᠎ᠠ ᠶᠢ ᠬᠠᠷᠰᠢᠯᠠᠬᠤ | ᠶᠢᠨ ᠬᠠᠮᠲᠤ ᠡᠯᠢᠭᠡᠨ ᠤ ᠬᠡᠪ ᠤᠨ ᠬᠤᠣᠷ ᠲᠠᠶᠢᠯᠬᠤ ᠴᠢᠳᠠᠪᠤᠷᠢ ᠶᠢ ᠴᠤ ᠨᠥᠯᠥᠭᠡᠯᠡᠬᠦ ᠪᠣᠯᠣᠨ᠎ᠠ᠃ | 5. ᠤᠳᠠᠭᠠᠨ ᠬᠤᠭᠤᠴᠠᠭ᠎ᠠ ᠬᠡᠲᠦᠷᠡᠲᠡᠯ᠎ᠡ ᠠᠷᠢᠬᠢ ᠤᠤᠭᠤᠬᠤ ᠨᠢ ᠥᠭᠡᠬᠦᠯᠡᠬᠦ ᠡᠯᠢᠭᠡ᠂ ᠡᠯᠢᠭᠡᠨ ᠤ | ᠨᠠᠮᠵᠢᠭᠤᠨ ᠰᠤᠳᠠᠯ ᠤᠨ ᠲᠣᠭᠤᠷᠢᠨ ᠤ ᠰᠢᠷᠬᠡᠭᠵᠢᠯ᠂ ᠰᠫᠢᠷᠲ ᠤᠨ ᠴᠢᠨᠠᠷᠲᠠᠢ ᠡᠯᠢᠭᠡᠨ ᠤ ᠦᠷᠪᠢᠰᠦᠯ ᠵᠢᠴᠢ | ᠡᠯᠢᠭᠡᠨ ᠤ ᠬᠠᠲᠠᠭᠤᠷᠠᠯ ᠲᠠᠢ ᠨᠢᠭᠲᠠ ᠬᠤᠯᠪᠤᠭ᠎ᠠ ᠲᠠᠢ ᠪᠣᠯᠬᠤᠷ ᠡᠯᠢᠭᠡᠨ ᠤ ᠬᠠᠲᠠᠭᠤᠷᠠᠯ ᠢᠶᠠᠷ ᠦᠬᠦᠭᠰᠡᠳ ᠤᠨ | 40% ᠨᠢ ᠰᠫᠢᠷᠲ ᠲᠤ ᠬᠤᠣᠷᠳᠠᠭᠳᠠᠭᠰᠠᠨ ᠠᠴᠠ ᠪᠤᠯᠳᠠᠭ᠃ | 6. ᠬᠡᠲᠦᠷᠡᠲᠡᠯ᠎ᠡ ᠠᠷᠢᠬᠢ ᠤᠤᠭᠤᠬᠤ ᠨᠢ ᠴᠢᠰᠤᠨ ᠳᠠᠷᠤᠯᠲᠠ ᠥᠨᠳᠥᠷ᠂ ᠰᠠ ᠪᠤᠯᠬᠤ ᠵᠡᠷᠭᠡ | ᠡᠪᠡᠳᠴᠢᠨ ᠡᠮᠭᠡᠭ ᠤᠨ ᠠᠶᠤᠯ ᠢ ᠨᠡᠮᠡᠭᠳᠡᠭᠦᠯᠬᠦ ᠪᠣᠯᠣᠨ᠎ᠠ᠃ | 7. ᠬᠡᠲᠦᠷᠡᠲᠡᠯ᠎ᠡ ᠠᠷᠢᠬᠢ ᠤᠤᠭᠤᠬᠤ ᠨᠢ ᠵᠠᠮ ᠬᠠᠷᠢᠯᠴᠠᠭ᠎ᠠ ᠵᠡᠷᠭᠡ ᠶᠢᠨ ᠣᠰᠣᠯ ᠡ᠊ᠨᠳᠡᠯ ᠵᠢᠴᠢ | ᠬᠦᠴᠦᠷᠬᠡᠭᠯᠡᠯ ᠢ ᠣᠯᠠᠰᠢᠷᠠᠭᠤᠯᠵᠤ᠂ ᠬᠤᠪᠢ ᠪᠡᠶ᠎ᠡ ᠶᠢᠨ ᠡᠷᠡᠭᠦᠯ ᠮᠠᠨᠳᠤ ᠪᠠ ᠨᠡᠶᠢᠭᠡᠮ ᠤᠨ ᠠᠮᠤᠷ ᠲᠦᠪᠰᠢᠨ ᠳᠤ | ᠴᠥᠮ ᠬᠤᠣᠷ ᠬᠥᠨᠥᠭᠡᠯ ᠲᠠᠢ ᠶᠤᠮ᠃ | 8. ᠠᠷᠢᠬᠢ ᠤᠤᠭᠤᠬᠤ ᠨᠢ ᠰᠫᠢᠷᠲ ᠲᠤ ᠨᠠᠶᠢᠳᠠᠮᠠᠳᠠᠭᠠᠢ ᠭᠡᠮ᠂ ᠰᠢᠨᠤᠯ ᠲᠠᠢ ᠪᠤᠯᠬᠤ ᠪᠠ ᠪᠤᠰᠤᠳ | ᠬᠦᠨᠳᠦ ᠨᠣᠴᠢᠲᠠᠢ ᠡᠷᠡᠭᠦᠯ ᠮᠠᠨᠳᠤ ᠶᠢᠨ ᠠᠰᠠᠭᠤᠳᠠᠯ ᠴᠤ ᠡᠭᠦᠰᠬᠡᠬᠦ ᠶᠤᠮ᠃ | ᠬᠡᠲᠦᠷᠡᠲᠡᠯ᠎ᠡ ᠠᠷᠢᠬᠢ ᠤᠤᠭᠤᠬᠤ ᠨᠢ ᠡᠷᠡᠭᠦᠯ ᠮᠠᠨᠳᠤ ᠶᠢ ᠬᠤᠬᠢᠷᠠᠭᠤᠯᠬᠤ ᠦᠢᠯᠡᠳᠦᠯ ᠪᠠ | ᠲᠣᠬᠢᠷᠠᠮᠵᠢᠲᠠᠢ ᠠᠷᠢᠬᠢ ᠤᠤᠭᠤᠬᠤ ᠨᠢ ᠡᠷᠡᠭᠦᠯ ᠮᠠᠨᠳᠤ ᠳᠤ ᠣᠯᠭᠤᠵᠤ ᠮᠡᠳᠡᠬᠦ ᠠᠰᠢᠭᠲᠠᠢ ᠲᠠᠯ᠎ᠠ ᠶᠢ ᠶᠡᠷᠦᠩᠬᠡᠶᠢᠯᠡᠨ | ᠪᠣᠳᠣᠯᠬᠢᠯᠠᠭᠰᠠᠨ ᠤ ᠳ᠋ᠦᠩ ᠳᠤ᠂ ᠠᠷᠢᠬᠢᠨ ᠳᠤ ᠳᠤᠷᠠᠲᠠᠢ ᠬᠥᠮᠥᠨ᠂ ᠣᠨᠴᠠᠭᠠᠶᠢᠯᠠᠨ ᠥᠨᠳᠥᠷ ᠭᠷᠡᠳᠦ᠋ᠰ ᠲᠠᠢ ᠬᠠᠷ᠎ᠠ | ᠠᠷᠢᠬᠢ ᠤᠤᠭᠤᠬᠤ ᠳᠤᠷᠠᠲᠠᠢ ᠬᠥᠮᠥᠨ᠂ ᠡᠷᠡᠭᠦᠯ ᠮᠠᠨᠳᠤ ᠪᠠᠨ ᠬᠠᠮᠠᠭᠠᠯᠠᠬᠤ ᠶᠢᠨ ᠡᠭᠦᠳᠡᠨ ᠠᠴᠠ ᠮᠡᠷᠭᠡᠨ | ᠰᠣᠩᠭᠤᠯᠲᠠ ᠬᠢᠵᠦ᠂ ᠤᠬᠠᠮᠰᠠᠷ ᠠᠴᠠ ᠪᠠᠨ ᠠᠷᠢᠬᠢ ᠶᠢ ᠬᠡᠮᠵᠢᠶ᠎ᠡ ᠲᠠᠢ ᠤᠤᠭᠤᠬᠤ ᠬᠡᠷᠡᠭᠲᠡᠢ᠃ ᠡᠭᠦᠨ ᠳᠤ᠄ 1. | ᠳᠣᠣᠷ᠎ᠠ ᠭᠷᠡᠳᠦ᠋ᠰ ᠲᠠᠢ ᠠᠷᠢᠬᠢ ᠶᠢ ᠰᠣᠩᠭᠤᠵᠤ ᠤᠤᠭᠤᠬᠤ ᠨᠢ ᠬᠠᠮᠤᠭ ᠤᠨ ᠰᠠᠶᠢᠨ᠂ ᠵᠢᠱᠢᠶᠡᠯᠡᠪᠡᠯ ᠫᠢᠸᠤ᠋᠂ | ᠦᠵᠦᠮ ᠤᠨ ᠠᠷᠢᠬᠢ ᠪᠤᠶᠤ ᠲᠠᠷᠠᠰᠤ ᠵᠡᠷᠭᠡ;2.ᠠᠷᠢᠬᠢ ᠤᠤᠭᠤᠬᠤ ᠳᠠᠭᠠᠨ ᠠᠯᠢ ᠴᠢᠳᠠᠬᠤ ᠪᠠᠷ ᠪᠠᠭ᠎ᠠ ᠤᠤᠭᠤᠨ᠎ᠠ; | 3.ᠥᠯᠥᠨ ᠢᠶᠠᠷ ᠠᠷᠢᠬᠢ ᠤᠤᠭᠤᠬᠤ ᠦᠭᠡᠢ᠂ ᠵᠣᠬᠢᠬᠤ ᠢᠳᠡᠭᠡᠨ ᠢᠳᠡᠬᠦ ᠨᠢ ᠰᠫᠢᠷᠲ ᠤᠨ ᠰᠢᠩᠭᠡᠭᠡᠯᠲᠡ ᠶᠢ | ᠪᠠᠭᠠᠰᠬᠠᠵᠤ ᠪᠤᠯᠤᠨ᠎ᠠ;4.ᠥᠷᠥᠭᠡᠯ ᠢ ᠱᠠᠯᠠᠵᠤ ᠤᠤᠭᠤᠯᠭᠠᠬᠤ ᠦᠭᠡᠢ;5.ᠠᠷᠢᠬᠢ ᠤᠤᠭᠤᠬᠤ ᠳᠠᠭᠠᠨ | ᠨᠡᠭᠦᠷᠡᠰᠦᠨ ᠬᠦᠴᠢᠯ ᠤᠨ ᠤᠮᠳᠠᠭᠠᠨ ᠲᠠᠢ ᠬᠠᠮᠲᠤ ᠤᠤᠭᠤᠵᠤ ᠪᠤᠯᠬᠤ ᠦᠭᠡᠢ᠂ ᠨᠡᠭᠦᠷᠡᠰᠦᠨ ᠬᠦᠴᠢᠯ ᠤᠨ ᠤᠮᠳᠠᠭᠠᠨ | ᠨᠢ ᠰᠫᠢᠷᠲ ᠤᠨ ᠰᠢᠩᠭᠡᠭᠡᠯᠲᠡ ᠶᠢ ᠲᠦᠷᠭᠡᠳᠭᠡᠨ᠎ᠠ;6.ᠴᠢᠰᠤᠨ ᠤ ᠥᠭᠡᠬᠦ ᠥᠨᠳᠥᠷ᠂ ᠴᠢᠰᠤᠨ ᠳᠠᠷᠤᠯᠲᠠ | ᠥᠨᠳᠥᠷ᠂ ᠵᠢᠷᠦᠬᠡᠨ ᠲᠢᠲᠢᠮ ᠤᠨ ᠡᠪᠡᠳᠴᠢᠨ ᠵᠡᠷᠭᠡ ᠡᠪᠡᠳᠴᠢᠲᠡᠨ ᠠᠷᠢᠬᠢ ᠠᠴᠠ ᠭᠠᠷᠬᠤ ᠭᠡᠷᠡᠭᠳᠡᠢ;7.ᠮᠠᠨᠠᠷᠠᠵᠤ | ᠲᠦᠨᠡᠷᠡᠲᠡᠯᠡ ᠤᠤᠭᠤᠬᠤ ᠪᠤᠶᠤ ᠤᠶᠢᠳᠬᠠᠷ ᠲᠠᠶᠢᠯᠬᠤ ᠪᠠᠷ ᠰᠢᠯᠲᠠᠭᠯᠠᠨ ᠠᠷᠢᠬᠢ ᠤᠤᠭᠤᠬᠤ ᠮᠠᠭᠤ ᠳᠠᠳᠬᠠᠯ ᠢ ᠪᠤᠢ | ᠪᠤᠯᠭᠠᠵᠤ ᠪᠤᠯᠬᠤ ᠦᠭᠡᠢ᠃ | ᠡᠭᠦᠨ ᠠᠴᠠ ᠭᠠᠳᠠᠨ᠎ᠠ᠂ ᠠᠷᠢᠬᠢᠨ ᠤ ᠲᠠᠷᠠᠭ᠎ᠠ ᠮᠠᠰᠢᠨ ᠵᠢᠯᠣᠭᠤᠳᠤᠭᠠᠳ ᠭᠠᠷᠭᠠᠭᠰᠠᠨ ᠣᠰᠣᠯ ᠡ᠊ᠨᠳᠡᠯ | ᠨᠢ ᠮᠠᠨ ᠤ ᠤᠯᠤᠰ ᠤᠨ ᠵᠠᠮ ᠬᠠᠷᠢᠯᠴᠠᠭᠠᠨ ᠤ ᠡ᠊ᠨᠳᠡᠯ ᠤᠨ ᠰᠢᠯᠲᠠᠭᠠᠨ ᠳᠤ ᠬᠤᠶᠠᠳᠤᠭᠠᠷ ᠪᠠᠶᠢᠷᠢ ᠳᠤ ᠣᠷᠣᠵᠤ | ᠪᠠᠶᠢᠳᠠᠭ᠃ ᠮᠠᠰᠢᠨ ᠤ ᠵᠢᠯᠣᠭᠤᠴᠢᠳ ᠵᠠᠮ ᠳᠤ ᠭᠠᠷᠬᠤ ᠠᠴᠠ ᠡᠮᠦᠨ᠎ᠡ ᠶᠠᠭᠠᠬᠢᠭᠰᠠᠨ ᠴᠤ ᠠᠷᠢᠬᠢ ᠤᠤᠭᠤᠵᠤ | ᠪᠤᠯᠬᠤ ᠦᠭᠡᠢ᠃ | | ︵︽ᠡᠷᠡᠭᠦᠯ ᠮᠠᠨᠳᠤ ᠶᠢᠨ 66 ᠵᠤᠷᠪᠤᠰ︾ ᠨᠣᠮ ᠠᠴᠠ ︶ |