﹇ᠤᠷᠠᠨ ᠵᠣᠬᠢᠶᠠᠯ﹈ ᠴᠣᠬᠤᠮ ᠬᠤᠯᠠ ᠶᠠᠪᠤᠭᠰᠠᠨ ᠁ ᠭᠦᠢᠴᠡᠭᠳᠡᠰᠢ ᠦᠭᠡᠢ ᠁
ᠨᠡᠶᠢᠲᠡᠯᠡᠭᠰᠡᠨ ᠴᠠᠭ᠄
2025/5/20
 ᠮ᠊ · ᠰᠢᠮᠨᠤ                                  - ᠽᠠᠨᠳᠠᠷ᠎ᠠ ᠠᠬ᠎ᠠ ᠪᠠᠨ ᠳᠤᠷᠠᠰᠬᠤᠢ                                        ᠠᠮᠢ ᠨᠠᠰᠤᠨ ᠤ ᠠᠯᠲᠠᠨ ᠬᠤᠷᠸ᠎ᠠ ᠠ᠋ ᠭᠡᠵᠢ︕ ᠠᠢ ᠳ᠋ᠠ ᠨᠢᠭᠡ ᠰᠣᠨᠣᠰᠬᠠᠯ᠂ ᠠᠤᠭ᠎ᠠ ᠲᠣᠮᠣ ᠬᠥᠮᠥᠨ ᠽᠠᠨᠳᠠᠷ᠎ᠠ ᠪᠠᠭᠰᠢ ᠮᠢᠨᠢ ᠲᠠᠭᠠᠯᠠᠯ ᠲᠡᠭᠦᠰᠦᠭᠰᠡᠨ ᠭᠡᠨ᠎ᠡ᠃ ᠠᠪᠤᠷᠠᠯ ᠦᠭᠡᠢ ᠬᠤᠷᠸ᠎ᠠ ᠶᠢ ᠲᠡᠭᠡᠭᠦ ᠳᠤ ᠪᠢ ᠶᠣᠰᠣᠲᠠᠢ ᠵᠠᠨᠤᠭᠰᠠᠨ︕ ᠲᠡᠭᠡᠪᠡᠴᠦ ᠳᠡᠭᠡᠷ᠎ᠡ ᠁ ᠲᠡᠭᠷᠢ ᠳᠤ ᠪᠠᠶᠢᠨ᠎ᠠ ᠭᠡᠬᠦᠯᠡᠷ ᠪᠢ ᠵᠢᠭᠠᠬᠠᠨ ᠠᠭᠤᠵᠢᠷᠠᠭᠰᠠᠨ᠃          ᠵᠣᠬᠢᠶᠠᠯᠴᠢ ᠪᠤᠶᠠᠨᠪᠠᠲᠤ᠂ ᠽᠠᠨᠳᠠᠷ᠎ᠠ ᠪᠠᠭᠰᠢ ᠶᠢᠨ ᠲᠤᠬᠠᠢ ︽ᠵᠠᠭ ᠲᠠᠢ ᠭᠤᠪᠢ ᠪᠦᠦᠳᠡᠶᠢᠵᠦ᠂ ᠵᠠᠩᠵᠤᠨ ᠲᠤᠭ ᠪᠥᠬᠦᠶᠢᠪᠡ︾ ᠭᠡᠰᠡᠨ ᠳᠤᠷᠠᠳᠬᠠᠯ ᠦᠭᠡᠨ ᠳᠡᠭᠡᠨ ︽ᠬᠥᠮᠥᠨ ᠴᠢᠨᠠᠷ ᠤᠨ ᠳᠡᠭᠡᠵᠢ᠂ ᠰᠠᠶᠢᠨ ᠬᠥᠮᠥᠨ ᠪᠠᠶᠢᠯ᠎ᠠ︾ ᠭᠡᠵᠦ ᠦᠨᠡᠯᠡᠭᠰᠡᠨ ᠨᠢ ᠽᠠᠨᠳᠠᠷ᠎ᠠ ᠪᠠᠭᠰᠢ ᠶᠢᠨ ᠲᠤᠬᠠᠢ ᠬᠠᠮᠤᠭ ᠤᠨ ᠰᠠᠶᠢᠬᠠᠨ ᠦᠨᠡᠯᠡᠯᠲᠡ᠂ ᠠᠷᠠᠳ ᠤᠨ ᠰᠡᠳᠬᠢᠯ ᠳᠤ ᠬᠤᠨᠤᠭᠰᠢᠭᠰᠠᠨ ᠨᠢ ᠯᠠᠪᠲᠠᠢ᠃          ᠶᠠᠭᠤ ᠨᠢᠭᠡ ᠶᠢ ᠶᠠᠷᠢᠶ᠎ᠠ᠂ ᠶᠠᠮᠠᠷ ᠶᠠᠭᠤᠮ᠎ᠠ ᠬᠡᠯᠡᠶ᠎ᠡ ᠭᠡᠭᠰᠡᠭᠡᠷ ᠁ ᠯᠣᠩᠬᠤᠲᠤ ᠶᠢᠨ ᠠᠭᠤᠯᠠ ᠶᠢᠨ ᠬᠤᠷᠮᠣᠢ᠂ ᠲᠠᠩᠰᠤᠭ ᠬᠠᠶᠢᠷᠬᠠᠨ ᠤ ᠡ᠊ᠩᠭᠡᠷ ᠲᠤ ᠲᠦᠷᠦᠭᠰᠡᠨ ᠶᠡᠭᠡ ᠬᠥᠮᠥᠨ ᠽᠠᠨᠳᠠᠷ᠎ᠠ ᠲᠠᠨ ᠢ ᠪᠠᠨ ᠳᠤᠷᠠᠰᠤᠨ ᠳᠤᠷᠠᠰᠤᠨ ᠰᠠᠨᠠᠯ᠎ᠠ᠁          ᠬᠥᠮᠥᠨ ᠤ ᠰᠠᠶᠢᠬᠠᠨ ᠳᠤ ᠪᠠᠶᠠᠰᠤᠶ᠎ᠠ ᠭᠡᠪᠡᠯ᠂ ᠠᠮᠢᠳᠤᠷᠠᠯ ᠤᠨ ᠰᠠᠶᠢᠬᠠᠨ ᠳᠤ ᠵᠢᠷᠭᠠᠶ᠎ᠠ ᠭᠡᠪᠡᠯ᠂ ᠬᠥᠮᠥᠨ ᠠᠷᠠᠳ ᠲᠠᠭᠠᠨ ᠬᠦᠨᠳᠦᠳᠬᠡᠭᠳᠡᠶ᠎ᠡ ᠭᠡᠪᠡᠯ᠂ ᠰᠠᠨᠠᠬᠤ ᠶᠢᠨ ᠰᠠᠶᠢᠬᠠᠨ ᠢ ᠦᠯᠡᠳᠡᠭᠡᠶ᠎ᠡ ᠭᠡᠪᠡᠯ᠂ ᠵᠠᠶᠠᠭᠠᠨ ᠲᠡᠭᠷᠢ ᠶᠢᠨ ᠠᠤᠭ᠎ᠠ ᠬᠥᠮᠥᠨ ᠽᠠᠨᠳᠠᠷ᠎ᠠ ᠪᠠᠭᠰᠢᠲᠠᠨ ᠰᠢᠭ᠋ ᠠᠮᠢᠳᠤᠷᠠᠭᠠᠷᠠᠢ︕          ᠰᠡᠳᠬᠢᠯ ᠤᠨ ᠲᠡᠭᠷᠢ ᠳᠠᠬᠢ ᠪᠠᠭᠰᠢᠲᠠᠨ ᠮᠢᠨᠢ︕ᠰᠡᠷᠡᠬᠦ ᠪᠤᠰᠬᠤ ᠶᠢᠨ ᠤᠬᠠᠭᠠᠷᠠᠯ ᠮᠢᠨᠢ︕ ᠰᠠᠨᠠᠭᠠᠨ ᠳᠤ ᠦᠯᠡᠳᠡᠬᠦ ᠲᠠ ᠮᠢᠨᠢ᠂  ᠶᠠᠭᠤ ᠨᠢᠭᠡ ᠶᠢ ᠰᠠᠨᠠᠭᠳᠠᠭᠤᠯᠵᠤ᠂  ᠶᠡᠷᠦ ᠪᠤᠰᠤ ᠶᠢ ᠰᠠᠨᠠᠭᠤᠯᠬᠤ ᠶᠤᠮ ᠳ᠋ᠠ︕          
 
ᠢᠷᠡᠯᠲᠡ᠄ ᠠᠯᠠᠱᠠ ᠶᠢᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号