ᠵᠠᠮᠢᠶᠠᠨ ᠬᠠᠶᠢᠰᠠᠩ | | - ᠽᠠᠨᠳᠠᠷ᠎ᠠ ᠪᠠᠭᠰᠢᠲᠠᠨ ᠤ ᠭᠡᠭᠡᠨ ᠳᠤᠷᠠᠰᠬᠠᠯ ᠳᠤ | ᠠᠷᠭᠠᠯᠢᠩᠲᠠᠢ ᠶᠢᠨ ᠴᠢᠯᠠᠭᠤ ᠱᠠᠷᠬᠢᠪᠠ | ᠠᠷᠭᠠᠯᠢ ᠴᠤᠪᠤᠭᠰᠠᠨ ᠤ ᠬᠢ | ᠠᠷᠠᠳ ᠤᠨ ᠰᠡᠳᠬᠢᠯ ᠳᠤᠯᠭᠢᠰᠭᠢᠪᠡ | ᠣᠳᠣ ᠬᠠᠷᠪᠤᠭᠰᠠᠨ ᠤ ᠬᠢ | | ᠯᠤᠩᠬᠤᠲᠤ ᠶᠢᠨ ᠠᠭᠤᠯᠠ ᠨᠡᠮᠡᠰᠬᠢᠪᠡ | ᠮᠠᠨᠠᠨ ᠪᠣᠰᠣᠭᠰᠠᠨ ᠤ ᠬᠢ | ᠡᠭᠡᠯ ᠲᠦᠮᠡᠨ ᠬᠠᠯᠬᠠᠯᠠᠵᠠᠭᠠᠪᠠ | ᠡᠭᠦᠯᠡ ᠳᠠᠯᠳᠠᠯᠠᠭᠰᠠᠨ ᠤ ᠬᠢ | | ᠢᠩᠭᠡᠨ ᠰᠠᠭᠠᠯᠢ ᠶᠢᠨ ᠵᠤᠰᠠᠯᠠᠩ ᠠᠴᠠ | ᠬᠥᠲᠥᠯᠥᠭᠡ ᠣᠨᠤᠭ᠎ᠠ ᠲᠠᠢ ᠮᠣᠷᠳᠠᠵᠤ | ᠸᠠᠰᠢᠩᠲ᠋ᠣᠨ ᠤ ᠦᠳᠡᠰᠢ ᠶᠢᠨ ᠪᠣᠷᠣᠭᠠᠨ ᠳᠤ | ᠭᠡᠭᠡᠯᠵᠡᠵᠦ ᠶᠠᠪᠤᠭᠰᠠᠨ ᠪᠠᠭᠰᠢᠲᠠᠨ ᠮᠢᠨᠢ | | ᠤᠷᠳᠤ ᠶᠢᠨ ᠳᠠᠭᠤᠤ ᠲᠠᠢ ᠨᠤᠲᠤᠭ ᠢᠶᠠᠨ | ᠤᠬᠠᠭᠠᠨ ᠳᠤ ᠰᠠᠭᠤᠭᠳᠠᠲᠠᠯᠠ ᠳᠦᠷᠰᠦᠯᠡᠵᠦ | ᠤᠨᠠᠭᠠᠨ ᠵᠠᠩ ᠲᠥᠷᠬᠦ ᠶᠢ ᠨᠢ | ᠮᠣᠳᠣᠨ ᠳᠤ ᠰᠡᠶᠢᠯᠦᠭᠰᠡᠨ ᠰᠢᠭ ᠵᠢᠷᠤᠭᠯᠠᠭᠰᠠᠨ | | ᠪᠤᠷᠬᠠᠨ ᠬᠠᠯᠲᠤᠨ ᠠᠭᠤᠯᠠᠨ ᠳᠤ | ᠪᠤᠳᠤᠯ ᠪᠣᠯᠵᠤ ᠠᠯᠬᠤᠭᠰᠠᠨ ᠶᠤᠮ ᠲᠠ | ᠪᠠᠷᠰ ᠴᠢᠨ᠋ᠸ᠎ᠠ ᠰᠢᠭ᠋ ᠪᠢᠳᠠᠨ ᠲᠠᠢ | ᠪᠠᠴᠢᠮᠳᠠᠬᠤ ᠦᠭᠡᠢ ᠰᠠᠶᠢᠬᠠᠨ ᠠᠶᠠᠯᠠᠭᠰᠠᠨ ᠶᠤᠮ ᠲᠠ | | ᠤᠩᠭᠤᠨ ᠲᠣᠣᠷᠠᠢ ᠶᠢᠨ ᠡ᠊ᠩᠭᠡᠷ ᠲᠤ | ᠮᠥᠩᠬᠡ ᠨᠣᠶᠢᠷᠰᠤᠬᠤ ᠪᠠᠷ ᠶᠠᠪᠤᠭ᠎ᠠ ᠦᠦ ᠲᠠ | ᠣᠷᠣᠢ ᠶᠢᠨ ᠤᠰᠤᠨ ᠳᠤ ᠡᠪᠦᠯ ᠢᠶᠠᠷ | ᠯᠢᠩᠬᠤ᠎ᠠ ᠳᠡᠯᠭᠡᠷᠡᠪᠡ ᠬᠡᠮᠡᠨ ᠵᠡᠭᠦᠳᠦᠯᠡᠯᠦᠭᠡ | | ᠰᠢᠷᠭ᠎ᠠ ᠶᠢᠨ ᠰᠦᠮ᠎ᠡ ᠶᠢᠨ ᠬᠤᠩᠬ᠎ᠠ | ᠰᠠᠯᠬᠢᠨ ᠳᠤ ᠵᠢᠩᠭᠢᠨᠡᠵᠦ ᠳᠤᠤᠭᠠᠷᠤᠯ᠎ᠠ ᠳ᠋ᠠ | ᠳ᠋ᠤᠩᠴᠢᠳ ᠡᠷᠭᠦᠬᠦ ᠲᠦᠮᠡᠨ ᠣᠯᠠᠨ | ᠳᠠᠪᠠ ᠪᠠᠷ ᠳᠦᠭᠦᠷᠦᠭᠡᠳ ᠪᠤᠵᠢᠭᠢᠨᠠᠨ᠎ᠠ ᠳ᠋ᠠ | | ᠮᠥᠩᠬᠡ ᠪᠤᠰᠤ ᠶᠢᠨ ᠣᠷᠴᠢᠯᠠᠩ ᠳᠤ | ᠦᠯᠢᠭᠡᠷ ᠵᠢᠷᠭᠠᠳᠠᠭ ᠢᠶᠠᠷ ᠢᠶᠠᠨ ᠵᠢᠷᠭᠠᠪᠠᠢ | ᠮᠥᠩᠬᠡ ᠵᠤᠯᠠ ᠴᠥᠭᠦᠴᠡᠨ ᠳᠤ ᠪᠤᠰᠤ | ᠦᠵᠦᠭ ᠤᠨ ᠦᠵᠦᠭᠦᠷ ᠲᠤ ᠠᠰᠠᠳᠠᠭ ᠠᠮᠣᠢ | |