﹇ᠨᠡᠶᠢᠭᠡᠮ ᠠᠮᠢᠳᠤᠷᠠᠯ﹈ ︽ᠠᠷᠠᠳ ᠤᠨ ᠵᠣᠭᠤᠰ ︾ ᠎ ᠤᠨ ᠲᠣᠪᠴᠢ ᠨᠠᠮᠲᠠᠷ
ᠨᠡᠶᠢᠲᠡᠯᠡᠭᠰᠡᠨ ᠴᠠᠭ᠄
2025/5/20
                             - ᠠᠷᠠᠳ ᠤᠨ ᠵᠣᠭᠤᠰ ᠤᠨ ᠮᠡᠨᠳᠦᠯᠡᠭᠰᠡᠨ 77 ᠵᠢᠯ ᠤᠨ ᠤᠢ ᠳᠤ                               ᠤᠷᠤᠰ ᠪᠠᠲᠤᠸ᠋ᠴᠢᠷ          ᠰᠢᠨ᠎ᠡ ᠲᠤᠮᠳᠠᠳᠤ ᠤᠯᠤᠰ ᠤᠨ ᠠᠷᠠᠳ ᠤᠨ ᠵᠣᠭᠤᠰ ᠨᠢ ᠮᠠᠨ ᠤ ᠡᠬᠡ ᠤᠯᠤᠰ ᠤᠨ ︽ᠤᠯᠤᠰ ᠤᠨ ᠨᠡᠷ᠎ᠡ ᠶᠢᠨ ᠬᠠᠭᠤᠳᠠᠰᠤ︾ ︵︽国家名片︾︶ ᠭᠡᠭᠳᠡᠳᠡᠭ ᠪᠥᠭᠡᠳ ᠴᠤᠷ ᠤᠨ ᠭᠠᠭᠴᠠ ᠬᠠᠤᠯᠢ ᠶᠣᠰᠣᠨ ᠤ ᠵᠣᠭᠤᠰ ︵法定货币︶ ᠪᠣᠯᠣᠨ᠎ᠠ᠃ ᠡᠨᠡ ᠨᠢ ᠪᠦᠭᠦ ᠳᠡᠯᠡᠬᠡᠢ ᠶᠢᠨ ᠬᠥᠮᠥᠨ ᠠᠮᠠ ᠶᠢᠨ ᠲᠠᠪᠤᠨ ᠤ ᠨᠢᠭᠡ ᠠᠴᠠ ᠳᠠᠪᠠᠭᠰᠠᠨ ᠮᠠᠨ ᠤ ᠤᠯᠤᠰ ᠤᠨ ᠠᠷᠠᠳ ᠲᠦᠮᠡᠨ ᠤ ᠡᠳᠦᠷ ᠲᠤᠳᠤᠮ ᠤᠨ ᠬᠡᠷᠡᠭᠯᠡᠭᠡᠨ ᠤ ᠳᠤᠲᠠᠭᠳᠠᠰᠢ ᠦᠭᠡᠢ ᠴᠤᠷ ᠤᠨ ᠭᠠᠭᠴᠠ ᠲᠣᠭᠲᠠᠭᠤᠨ ᠦᠨᠡᠲᠦ ᠵᠣᠭᠤᠰ ᠢᠶᠠᠷ ᠬᠡᠷᠡᠭᠯᠡᠭᠳᠡᠭᠡᠳ 77 ᠵᠢᠯ ᠤᠨ ᠲᠡᠦᠬᠡ ᠲᠠᠢ ᠪᠣᠯᠤᠭᠰᠠᠨ ᠪᠠᠶᠢᠨ᠎ᠠ᠃                    ᠨᠢᠭᠡ᠂ ︽ᠠᠷᠠᠳ ᠤᠨ ᠵᠣᠭᠤᠰ︾ ︵人民币︶ ᠬᠡᠮᠡᠬᠦ ᠨᠡᠷᠡᠶᠢᠳᠦᠯ ᠤᠨ ᠡᠭᠦᠰᠦᠯ          ᠳᠡᠭᠡᠳᠦ ᠵᠠᠭᠤᠨ ᠤ ᠳᠥᠴᠢᠭᠡᠳ ᠣᠨ ᠤ ᠰᠡᠭᠦᠯᠴᠢ ᠪᠠᠷ ᠴᠢᠯᠦᠭᠡᠯᠡᠬᠦ ᠲᠠᠶᠢᠨ ᠵᠠᠯᠭᠠᠭ᠎ᠠ ᠪᠠᠷ ᠢᠯᠠᠯᠲᠠ ᠣᠯᠵᠤ᠂ ᠡᠬᠡ ᠤᠯᠤᠰ ᠤᠨ ᠶᠡᠬᠡᠩᠬᠢ ᠭᠠᠵᠠᠷ ᠣᠷᠣᠨ ᠴᠢᠯᠦᠭᠡᠯᠡᠭᠳᠡᠵᠦ ᠪᠠᠶᠢᠬᠤ ᠦᠶ᠎ᠡ ᠳᠤ ᠡᠯ᠎ᠡ ᠭᠠᠵᠠᠷ ᠣᠷᠣᠨ ᠤ ᠭᠦᠢᠯᠭᠡᠭᠡ ᠶᠢᠨ ᠵᠣᠭᠤᠰ ᠤᠨ ᠨᠡᠷᠡᠶᠢᠳᠦᠯ ᠨᠢ ᠣᠨᠳᠣᠣ᠂ ᠵᠣᠭᠤᠰ ᠤᠨ ᠦᠷᠳᠡᠭ ᠨᠢ ᠴᠦ ᠲᠣᠭᠲᠠᠪᠤᠷᠢ ᠦᠭᠡᠢ ᠪᠠᠶᠢᠭᠰᠠᠨ ᠪᠣᠯᠬᠤᠷ ᠠᠵᠤ ᠠᠬᠤᠢ ᠨᠡᠶᠢᠭᠡᠮ ᠤᠨ ᠲᠢᠭ ᠳᠢᠭᠯᠢᠮ ᠪᠣᠯᠣᠨ ᠵᠠᠬ᠎ᠠ ᠳᠡᠯᠭᠡᠭᠦᠷ ᠤᠨ ᠲᠣᠭᠲᠠᠭᠤᠨ ᠢ ᠰᠢᠭᠤᠳ ᠨᠥᠯᠥᠭᠡᠯᠡᠳᠡᠭ ᠪᠠᠶᠢᠵᠠᠢ᠃ ᠡᠶᠢᠨ ᠬᠦ ᠲᠥᠪ ᠤᠨ ᠪᠠᠩᠬᠢ ᠪᠠᠶᠢᠭᠤᠯᠵᠤ᠂ ᠵᠣᠭᠤᠰ ᠮᠥᠩᠭᠦ ᠶᠢ ᠨᠢᠭᠡᠳᠦᠮᠡᠯ ᠲᠠᠢ ᠪᠤᠯᠭᠠᠬᠤ ᠠᠵᠢᠯ ᠪᠠᠴᠢᠮ ᠱᠠᠭᠠᠷᠳᠠᠭᠳᠠᠵᠤ ᠢᠷᠡᠭᠰᠡᠨ ᠪᠠᠶᠢᠨ᠎ᠠ᠂ ᠲᠡᠭᠡᠭᠡᠳ ᠴᠢᠯᠦᠭᠡᠯᠡᠭᠳᠡᠭᠰᠡᠨ ᠣᠷᠣᠨ ᠤ ᠡᠳ᠋ ᠤᠨ ᠵᠠᠰᠠᠭ ᠢ ᠨᠢᠭᠡᠳᠦᠮᠡᠯ ᠲᠠᠢ ᠬᠠᠮᠢᠶᠠᠷᠬᠤ ᠶᠢᠨ ᠲᠥᠯᠥᠭᠡ 1947 ᠣᠨ ᠤ 4 ᠰᠠᠷ᠎ᠠ ᠳᠤ ︽ᠡᠳ᠋ ᠤᠨ ᠵᠠᠰᠠᠭ ᠠᠵᠤ ᠠᠬᠤᠢ ᠶᠢᠨ ᠬᠡᠷᠡᠭ ᠡᠷᠭᠢᠯᠡᠭᠦ ᠭᠠᠵᠠᠷ︾ ᠎ ᠢ ᠾᠧᠪᠧᠢ ᠮᠤᠵᠢ ᠶᠢᠨ ᠫᠢᠩ ᠱᠠᠨ ︵平山 ︶ ᠎ ᠳᠤ ᠪᠠᠶᠢᠭᠤᠯᠬᠤ ᠳᠤ ᠲᠤᠬᠠᠢ ᠶᠢᠨ ᠦᠶ᠎ᠡ ᠳᠤ ᠤᠮᠠᠷᠠᠲᠤ ᠣᠷᠣᠨ ᠤ ᠠᠷᠠᠳ ᠤᠨ ᠵᠠᠰᠠᠭ ᠤᠨ ᠣᠷᠳᠣᠨ ᠤ ᠲᠡᠷᠢᠭᠦᠯᠡᠭᠴᠢ ᠪᠥᠭᠡᠳ ︽ᠡᠳ᠋ ᠤᠨ ᠵᠠᠰᠠᠭ ᠠᠵᠤ ᠠᠬᠤᠢ ᠶᠢᠨ ᠬᠡᠷᠡᠭ ᠡᠷᠭᠢᠯᠡᠭᠦ ᠭᠠᠵᠠᠷ︾ ᠎ ᠤᠨ ᠡᠷᠭᠢᠯᠡᠭᠴᠢ ᠪᠠᠶᠢᠭᠰᠠᠨ ᠳ᠋ᠦᠩ ᠪᠢ ᠦ᠋ ︵董必武︶ ︽ᠲᠥᠪ ᠤᠨ ᠡᠳ᠋ ᠤᠨ ᠵᠠᠰᠠᠭ ᠪᠣᠯᠣᠨ ᠮᠥᠩᠭᠦᠨ ᠪᠠᠩᠬᠢ ᠶᠢ ᠪᠡᠯᠡᠳᠬᠡᠨ ᠪᠠᠶᠢᠭᠤᠯᠬᠤ ᠲᠤᠬᠠᠢ ᠮᠡᠳᠡᠭᠦᠯᠦᠯᠲᠡ︾ ᠲᠤᠭᠤᠷᠪᠢᠵᠤ ᠲᠥᠪ ᠲᠤ ᠮᠡᠳᠡᠭᠦᠯᠵᠡᠢ᠃ ᠪᠠᠩᠬᠢ ᠶᠢᠨ ᠨᠡᠷᠡᠶᠢᠳᠦᠯ ᠪᠣᠯᠣᠨ ᠵᠣᠭᠤᠰᠤᠨ ᠤ ᠨᠡᠷᠡᠶᠢᠳᠦᠯ ᠤᠨ ᠲᠤᠬᠠᠢ ᠰᠠᠨᠠᠯ ᠵᠥᠪᠯᠡᠯᠭᠡ ᠬᠤᠷᠢᠶᠠᠬᠤ ᠳᠤᠮᠳᠠ ᠵᠠᠷᠢᠮ ᠬᠥᠮᠥᠨ ᠠᠴᠠ ᠪᠠᠩᠬᠢ ᠶᠢᠨ ᠨᠡᠷᠡᠶᠢᠳᠦᠯ ᠢ ︽ᠴᠢᠯᠦᠭᠡᠯᠡᠯᠲᠡ ᠶᠢᠨ ᠪᠠᠩᠬᠢ︾ ︵︽解放银行︾︶ ᠪᠤᠶᠤ ︽ᠬᠤᠯᠪᠣᠭᠠᠲᠤ ᠪᠠᠩᠬᠢ︾ ︵联合银行︶ ᠭᠡᠵᠦ ᠵᠣᠭᠤᠰ ᠤᠨ ᠨᠡᠷᠡᠶᠢᠳᠦᠯ ᠢ ᠮᠥᠨ ︽ᠴᠢᠯᠦᠭᠡᠯᠡᠯᠲᠡ ᠶᠢᠨ ᠵᠣᠭᠤᠰ︾ ︵︽解放币︾︶ ᠪᠤᠶᠤ ︽ᠬᠤᠯᠪᠣᠭᠠᠯᠠᠭᠰᠠᠨ ᠵᠣᠭᠤᠰ︾ ︵︽联合币︾︶ ᠭᠡᠵᠦ ᠬᠤᠪᠢᠰᠬᠠᠯ ᠤᠨ ᠨᠢᠭᠡᠳᠦᠮᠡᠯ ᠹᠷᠤᠠᠲ ᠤᠨ ᠬᠥᠭᠵᠢᠯᠲᠡ ᠪᠠ ᠴᠢᠯᠦᠭᠡᠯᠡᠬᠦ ᠲᠠᠶᠢᠨ ᠤ ᠢᠯᠠᠯᠲᠠ ᠳᠤ ᠵᠣᠬᠢᠴᠠᠭᠤᠯᠬᠤ ᠰᠠᠨᠠᠭᠤᠯᠭ᠎ᠠ ᠳᠤᠷᠠᠳᠴᠠᠢ᠃ ᠭᠡᠲᠡᠯ᠎ᠡ ᠵᠠᠷᠢᠮ ᠬᠥᠮᠥᠨ ᠠᠴᠠ ᠲᠤᠮᠳᠠᠳᠤ ᠤᠯᠤᠰ ᠤᠨ ᠡᠪ ᠬᠠᠮᠲᠤ ᠨᠠᠮ ᠤᠨ ᠦᠨᠳᠦᠰᠦᠨ ᠵᠣᠷᠢᠯᠲᠠ ᠨᠢ ᠥᠨᠢ ᠡᠭᠦᠷᠢᠳᠡ ᠠᠷᠠᠳ ᠲᠦᠮᠡᠨ ᠤ ᠲᠥᠯᠥᠭᠡ ᠦᠢᠯᠡᠴᠢᠯᠡᠬᠦ ᠲᠤᠯᠠ ᠪᠠᠩᠬᠢ ᠶᠢᠨ ᠨᠡᠷᠡᠶᠢᠳᠦᠯ ᠢ ︽ᠲᠤᠮᠳᠠᠳᠤ ᠤᠯᠤᠰ ᠤᠨ ᠠᠷᠠᠳ ᠤᠨ ᠪᠠᠩᠬᠢ︾ ᠬᠡᠮᠡᠭᠡᠳ ᠰᠦᠷ ᠳᠠᠯᠠᠶᠢᠴᠠ ᠲᠠᠢ᠂ ᠲᠥᠪ ᠶᠡᠬᠡᠮᠰᠦᠭ ᠪᠤᠯᠭᠠᠬᠤ ᠪᠠᠷ ᠵᠣᠷᠢᠵᠠᠢ᠃          ᠲᠡᠭᠡᠭᠡᠳ ᠳ᠋ᠦᠩ ᠪᠢ ᠦ᠋ ᠪᠠᠰᠠ ︽ᠠᠷᠠᠳ ᠤᠨ ᠪᠠᠩᠬᠢ︾ ᠬᠡᠮᠡᠬᠦ ᠳᠤᠷᠠᠳᠤᠯᠭ᠎ᠠ ᠶᠢ ᠵᠥᠪᠰᠢᠶᠡᠷᠡᠬᠦ ᠰᠠᠨᠠᠭ᠎ᠠ ᠪᠠᠨ ᠢᠯᠡᠳᠬᠡᠵᠦ᠂ ᠪᠠᠩᠬᠢ ᠶᠢᠨ ᠨᠡᠷᠡᠶᠢᠳᠦᠯ ᠢ ︽ᠲᠤᠮᠳᠠᠳᠤ ᠤᠯᠤᠰ ᠤᠨ ᠠᠷᠠᠳ ᠤᠨ ᠪᠠᠩᠬᠢ︾ ᠬᠡᠮᠡᠬᠦ ᠪᠠᠷ ᠲᠥᠰᠥᠭᠡᠯᠡᠭᠰᠡᠨ ᠢᠶᠠᠨ ᠴᠠᠭᠢᠯᠭᠠᠨ ᠢᠶᠠᠷ ᠲᠥᠪ ᠲᠤ ᠮᠡᠳᠡᠭᠦᠯᠵᠦ᠂ ᠬᠠᠷᠢᠭᠤ ᠵᠢᠭᠠᠪᠤᠷᠢ ᠭᠤᠶᠤᠴᠢᠯᠠᠵᠤ ︽ᠪᠠᠩᠬᠢ ᠶᠢᠨ ᠨᠡᠷᠡᠶᠢᠳᠦᠯ ᠢ ᠡᠷᠲᠡᠬᠡᠨ ᠲᠣᠭᠲᠠᠭᠠᠵᠤ ᠵᠣᠭᠤᠰ ᠳᠠᠷᠤᠮᠠᠯᠯᠠᠬᠤ ᠳᠤ ᠬᠡᠷᠡᠭᠯᠡᠨ᠎ᠡ︾ ᠭᠡᠵᠡᠢ᠃ ᠲᠥᠪ ᠤᠨ ᠠᠯᠪᠠᠨ ᠪᠠᠶᠢᠭᠤᠯᠭ᠎ᠠ ᠴᠠᠭᠢᠯᠭᠠᠨ ᠮᠡᠳᠡᠭᠦᠯᠦᠯᠲᠡ ᠶᠢ ᠣᠯᠣᠭᠰᠠᠨ ᠤ ᠲᠠᠷᠠᠭ᠎ᠠ ᠲᠥᠪ ᠤᠨ ᠤᠳᠤᠷᠢᠳᠤᠭᠴᠢ ᠮᠠᠤ ᠽᠧ ᠳ᠋ᠦᠩ᠂ ᠵᠧᠦ ᠧᠨ ᠯᠠᠢ᠂ ᠿᠢᠨ ᠪᠢ ᠱᠢ ᠨᠠᠷ ᠨᠠᠷᠢᠨ ᠬᠢᠨᠠᠵᠤ ᠵᠥᠪᠳᠡᠯᠴᠡᠭᠡᠳ ᠨᠡᠯᠢᠶᠡᠳ ᠰᠡᠭᠦᠯᠡᠷ ᠰᠢᠭ ᠬᠠᠷᠢᠭᠤ ᠴᠠᠭᠢᠯᠭᠠᠨ ᠮᠡᠳᠡᠭᠡ ᠢᠷᠡᠭᠦᠯᠵᠦ ︽ᠠᠷᠠᠳ ᠤᠨ ᠪᠠᠩᠬᠢ︾ ᠬᠡᠮᠡᠬᠦ ᠨᠡᠷᠡᠶᠢᠳᠦᠯ ᠢ ᠵᠥᠪᠰᠢᠶᠡᠷᠡᠭᠰᠡᠨ ᠢᠶᠠᠨ ᠮᠡᠳᠡᠭᠳᠡᠭᠰᠡᠨ ᠶᠤᠮ᠃          ᠲᠠᠷᠠ ᠦᠶ᠎ᠡ ᠨᠢ ᠶᠠᠭ ᠴᠢᠯᠦᠭᠡᠯᠡᠬᠦ ᠲᠠᠶᠢᠨ ᠤ ᠮᠠᠰᠢ ᠪᠠᠴᠢᠮ ᠶᠠᠭᠠᠷᠠᠤ ᠴᠠᠭ ᠪᠠᠶᠢᠭᠰᠠᠨ ᠪᠣᠯᠬᠤᠷ ᠠᠷᠠᠳ ᠤᠨ ᠪᠠᠩᠬᠢ ᠪᠠᠶᠢᠭᠤᠯᠵᠤ᠂ ᠠᠷᠠᠳ ᠤᠨ ᠵᠣᠭᠤᠰ ᠳᠠᠷᠤᠮᠠᠯᠯᠠᠬᠤ ᠪᠡᠯᠡᠳᠬᠡᠯ ᠠᠵᠢᠯ ᠨᠢ 1948 ᠣᠨ ᠤ 12 ᠰᠠᠷ᠎ᠠ ᠪᠤᠯᠳᠠᠯ᠎ᠠ ᠦᠷᠭᠦᠯᠵᠢᠯᠡᠭᠰᠡᠨ ᠪᠠᠶᠢᠵᠠᠢ᠃ ᠡᠶᠢᠨ ᠬᠦ ︽ᠠᠷᠠᠳ ᠤᠨ ᠪᠠᠩᠬᠢ︾ ᠬᠡᠮᠡᠬᠦ ᠨᠡᠷᠡᠶᠢᠳᠦᠯ ᠢ ᠲᠣᠭᠲᠠᠭᠠᠬᠤ ᠶᠢ ᠳᠠᠭᠠᠯᠳᠤᠭᠠᠳ ᠵᠣᠭᠤᠰ ᠤᠨ ᠨᠡᠷᠡᠶᠢᠳᠦᠯ ᠨᠢ ︽ᠠᠷᠠᠳ ᠤᠨ ᠵᠣᠭᠤᠰ︾ ︵人民币︶ ᠪᠣᠯᠤᠭᠰᠠᠨ ᠶᠤᠮ᠃                    ᠬᠤᠶᠠᠷ᠂ ᠲᠠᠪᠤᠨ ᠢᠵᠢ ︵套︶ ᠠᠷᠠᠳ ᠤᠨ ᠵᠣᠭᠤᠰ ᠤᠨ ᠤᠷᠢᠳ ᠬᠤᠵᠢᠳ ᠲᠠᠷᠬᠠᠭᠠᠭᠳᠠᠭᠰᠠᠨ ᠎ ᠨᠢ          1948 ᠣᠨ ᠤ 12 ᠰᠠᠷ᠎ᠠ ᠶᠢᠨ 1᠎ ᠤ ᠡᠳᠦᠷ ᠲᠤᠮᠳᠠᠳᠤ ᠤᠯᠤᠰ ᠤᠨ ᠠᠷᠠᠳ ᠤᠨ ᠪᠠᠩᠬᠢ ᠾᠧᠪᠧᠢ ᠮᠤᠵᠢ ᠶᠢᠨ ᠱᠢ ᠵᠢᠶᠠ ᠵᠤᠸᠠᠩ ᠬᠤᠳᠠ ᠳᠤ ᠪᠠᠶᠢᠭᠤᠯᠤᠭᠳᠠᠵᠤ᠂ ᠮᠥᠨ ᠡᠳᠦᠷ ᠨᠢ ᠤᠮᠠᠷᠠᠲᠤ ᠣᠷᠣᠨ ᠤ ᠠᠷᠠᠳ ᠤᠨ ᠵᠠᠰᠠᠭ ᠤᠨ ᠣᠷᠳᠣᠨ ᠵᠠᠷ ᠨᠡᠶᠢᠲᠡᠯᠡᠵᠦ ︽ᠲᠤᠮᠳᠠᠳᠤ ᠤᠯᠤᠰ ᠤᠨ ᠠᠷᠠᠳ ᠤᠨ ᠪᠠᠩᠬᠢ ᠠᠴᠠ ᠳᠠᠷᠤᠮᠠᠯᠯᠠᠵᠤ ᠲᠠᠷᠬᠠᠭᠠᠭᠰᠠᠨ ᠠᠷᠠᠳ ᠤᠨ ᠵᠣᠭᠤᠰ ᠢ ᠤᠮᠠᠷᠠᠲᠤ ᠣᠷᠣᠨ᠂ ᠳᠣᠷᠣᠨᠠᠲᠤ ᠣᠷᠣᠨ᠂ ᠪᠠᠷᠠᠭᠤᠨ ᠬᠤᠶᠢᠲᠤ ᠣᠷᠣᠨ ᠭᠤᠷᠪᠠᠨ ᠣᠷᠣᠨ ᠳᠤ ᠨᠢᠭᠡᠳᠦᠮᠡᠯ ᠲᠠᠢ ᠭᠦᠢᠯᠭᠡᠭᠡᠵᠤ  ᠪᠤᠢ ᠪᠦᠬᠦᠢ ᠠᠯᠪᠠ᠂ ᠬᠤᠪᠢ ᠶᠢᠨ ᠵᠣᠭᠤᠰᠤᠨ ᠤ ᠤᠷᠤᠯᠭ᠎ᠠ ᠭᠠᠷᠤᠯᠭ᠎ᠠ ᠵᠢᠴᠢ ᠠᠯᠢᠪᠠ ᠠᠷᠠᠯᠵᠢᠶ᠎ᠠ ᠰᠣᠯᠢᠯᠴᠠᠭ᠎ᠠ ᠳᠤ ᠪᠦᠷ ᠠᠷᠠᠳ ᠤᠨ ᠵᠣᠭᠤᠰ ᠢᠶᠠᠷ ᠳᠡᠪᠢᠰᠬᠡᠷᠲᠦ ᠵᠣᠭᠤᠰ ︵本币︶ ᠪᠣᠯᠭᠠᠨ᠎ᠠ︾ ᠬᠡᠮᠡᠨ ᠵᠠᠷᠯᠠᠵᠠᠢ᠃ ᠲᠡᠭᠦᠨ ᠠᠴᠠ ᠡᠬᠢᠯᠡᠭᠡᠳ ᠡᠳᠦᠭᠡ ᠪᠤᠯᠳᠠᠯ᠎ᠠ ᠮᠠᠨ ᠤ ᠤᠯᠤᠰ ᠤᠨ ᠠᠷᠠᠳ ᠤᠨ ᠵᠣᠭᠤᠰ ᠤᠷᠢᠳ ᠬᠤᠵᠢᠳ ᠲᠠᠪᠤᠨ ᠢᠵᠢ ᠲᠠᠷᠬᠠᠭᠠᠭᠳᠠᠭᠰᠠᠨ ᠪᠠᠶᠢᠨ᠎ᠠ᠃          ᠨᠢᠭᠡᠳᠦᠭᠡᠷ ᠢᠵᠢ ᠨᠢ 1948 ᠣᠨ ᠤ 12 ᠰᠠᠷ᠎ᠠ ᠠᠴᠠ᠂ ᠬᠤᠶᠠᠳᠤᠭᠠᠷ ᠢᠵᠢ ᠨᠢ 1953 ᠣᠨ ᠠᠴᠠ᠂ ᠭᠤᠷᠪᠠᠳᠤᠭᠠᠷ ᠢᠵᠢ ᠨᠢ 1962 ᠣᠨ ᠠᠴᠠ᠂ ᠳᠥᠷᠪᠡᠳᠦᠭᠡᠷ ᠢᠵᠢ ᠨᠢ 1987 ᠣᠨ ᠠᠴᠠ᠂ ᠲᠠᠪᠤᠳᠤᠭᠠᠷ ᠢᠵᠢ ᠨᠢ 1999 ᠣᠨ ᠠᠴᠠ ᠲᠤᠰ ᠲᠤᠰ ᠡᠬᠢᠯᠡᠵᠦ ᠲᠠᠷᠬᠠᠭᠠᠭᠳᠠᠭᠰᠠᠨ  ᠪᠠᠶᠢᠨ᠎ᠠ᠃ ᠡᠭᠦᠨ ᠳᠤ ᠡᠯ᠎ᠡ ᠢᠵᠢ ᠶᠢᠨ ᠬᠢᠨ ᠤ ᠬᠡᠪᠯᠡᠭᠰᠡᠨ ᠣᠨ ᠪᠣᠯᠣᠨ ᠲᠠᠷᠬᠠᠭᠠᠭᠰᠠᠨ ᠣᠨ ᠨᠢ ᠠᠳᠠᠯᠢ ᠦᠭᠡᠢ ᠪᠠᠶᠢᠳᠠᠭ᠃ ᠵᠢᠱᠢᠶᠡᠯᠡᠪᠡᠯ ᠬᠤᠶᠠᠳᠤᠭᠠᠷ ᠢᠵᠢ ᠶᠢᠨ ᠵᠣᠭᠤᠰ 1953 ᠣᠨ ᠳᠤ ᠬᠡᠪᠯᠡᠭᠳᠡᠵᠦ1955 ᠣᠨ ᠳᠤ ᠲᠠᠷᠬᠠᠭᠠᠭᠳᠠᠭᠰᠠᠨ ᠪᠠ ᠭᠤᠷᠪᠠᠳᠤᠭᠠᠷ ᠢᠵᠢ ᠶᠢᠨ ᠵᠣᠭᠤᠰ ᠨᠢ 1956 -1960 ᠣᠨ ᠳᠤ ᠤᠷᠢᠳ ᠬᠤᠵᠢᠳ ᠬᠡᠪᠯᠡᠭᠳᠡᠭᠡᠳ 1962 ᠣᠨ ᠳᠤ ᠲᠠᠷᠬᠠᠭᠠᠭᠳᠠᠵᠠᠢ᠃ ᠡᠭᠦᠨ ᠳᠤ ᠵᠠᠷᠢᠮ ᠨᠢ ᠰᠣᠯᠢᠭᠳᠠᠵᠤ ᠰᠢᠨᠡᠳᠬᠡᠭᠳᠡᠵᠦ᠂ ᠵᠠᠷᠢᠮ ᠬᠠᠭᠤᠴᠢᠨ ᠰᠢᠨ᠎ᠡ ᠬᠡᠪ ᠨᠢ ᠤᠯᠠᠨ ᠵᠢᠯ ᠵᠡᠷᠭᠡ ᠪᠠᠷ ᠬᠡᠷᠡᠭᠯᠡᠭᠳᠡᠵᠦ ᠢᠷᠡᠭᠰᠡᠨ ᠪᠠᠶᠢᠳᠠᠭ᠃          ᠡᠭᠦᠨ ᠤ ᠳᠣᠲᠣᠷ᠎ᠠ ᠭᠤᠷᠪᠠᠳᠤᠭᠠᠷ ᠢᠵᠢ ᠶᠢᠨ ᠵᠣᠭᠤᠰᠤᠨ ᠤ ᠣᠯᠠᠩᠬᠢ ᠵᠦᠢᠯ ᠨᠢ 1962 ᠣᠨ ᠠᠴᠠ 1990 ᠣᠨ ᠪᠤᠯᠳᠠᠯ᠎ᠠ ᠪᠠᠷᠤᠭ 30 ᠵᠢᠯ ᠦᠷᠭᠦᠯᠵᠢᠯᠡᠨ ᠬᠡᠷᠡᠭᠯᠡᠭᠳᠡᠭᠰᠡᠨ ᠶᠤᠮ᠃ ᠡᠨᠡ ᠨᠢ ᠮᠥᠨ ᠴᠤ ᠲᠤᠬᠠᠢ ᠶᠢᠨ ᠵᠢᠯ ᠤᠳ ᠲᠤ ᠠᠷᠠᠳ ᠤᠨ ᠵᠣᠭᠤᠰᠤᠨ ᠤ ᠦᠨ᠎ᠡ ᠬᠠᠩᠰᠢ ᠬᠠᠷᠢᠴᠠᠩᠭᠤᠢ ᠪᠠᠷ ᠨᠡᠯᠢᠶᠡᠳ ᠲᠣᠭᠲᠠᠪᠤᠷᠢᠲᠠᠢ ᠪᠠᠶᠢᠭᠰᠠᠨ ᠢ ᠬᠠᠷᠠᠭᠤᠯᠵᠤ ᠪᠠᠶᠢᠵᠠᠢ᠃ ᠲᠡᠭᠡᠭᠡᠳ ᠨᠡᠶᠢᠳᠡᠮ ᠤᠨ ᠬᠡᠯᠡᠯᠭᠡ ᠪᠠᠷ ᠳᠡᠭᠡᠷ᠎ᠡ ᠵᠠᠭᠤᠨ ᠤ ᠵᠢᠷᠠᠭᠠᠳ ᠣᠨ ᠠᠴᠠ ᠨᠠᠶᠠᠭᠠᠳ ᠣᠨ ᠤ ᠡᠬᠢ ᠪᠤᠯᠳᠠᠯᠠᠭᠢ ᠲᠤᠮᠳᠠᠳᠤ ᠤᠯᠤᠰ ᠤᠨ ᠠᠷᠠᠳ ᠤᠨ ᠵᠣᠭᠤᠰ ᠬᠡᠳᠦᠢ ᠪᠠᠶᠢᠳᠠᠭ ᠪᠤᠢ︖ ᠭᠡᠪᠡᠯ ︽18.88 ᠲᠥᠭᠦᠷᠢᠭ︾ ᠭᠡᠵᠦ ᠬᠡᠯᠡᠳᠡᠭ ᠪᠠᠶᠢᠭᠰᠠᠨ᠃ ᠲᠠᠷᠠ ᠨᠢ ᠳᠠᠷᠤᠢ ᠲᠤᠬᠠᠢ ᠶᠢᠨ ᠵᠢᠯ ᠤᠳ ᠤᠨ ᠨᠢᠭᠡᠴᠢ ᠵᠣᠭᠤᠰ ︵主币︶ ᠎ ᠤᠨ ᠠᠷᠪᠠᠲᠤ᠂ ᠲᠠᠪᠤᠲᠤ᠂ ᠬᠤᠶᠠᠷᠲᠤ᠂ ᠨᠢᠭᠡᠲᠦ ᠪᠠ ᠵᠢᠵᠢᠭ ᠵᠣᠭᠤᠰ ︵辅币︶ ᠎ ᠤᠨ ᠲᠠᠪᠢᠨ ᠮᠥᠩᠭᠦ ︵五角︶᠂ ᠬᠤᠷᠢᠨ ᠮᠥᠩᠭᠦ ︵贰角︶᠂ ᠠᠷᠪᠠᠨ ᠮᠥᠩᠭᠦ ︵壹角︶ ᠪᠣᠯᠣᠨ ᠲᠠᠪᠤᠨ ᠮᠥᠩᠭᠦ ︵五 分︶᠂ ᠬᠤᠶᠠᠷ ᠮᠥᠩᠭᠦ ︵贰分︶᠂ ᠨᠢᠭᠡ ᠮᠥᠩᠭᠦ ︵壹分︶ ᠵᠡᠷᠭᠡ 11 ᠳᠡᠪᠢᠰᠬᠡᠷ ᠤᠨ ᠨᠢᠭᠤᠷᠳᠠᠬᠤ ᠦᠨ᠎ᠡ ︵面值︶ ᠎ ᠶᠢᠨ ᠨᠡᠶᠢᠯᠡᠪᠦᠷᠢ ᠪᠠᠶᠢᠭᠰᠠᠨ ᠶᠤᠮ᠃ ᠲᠠᠷᠠ ᠦᠶ᠎ᠡ ᠳᠤ ᠲᠠᠪᠢᠲᠤ᠂ ᠵᠠᠭᠤᠲᠤ ᠶᠢᠨ ᠵᠣᠭᠤᠰ ᠪᠠᠶᠢᠭ᠎ᠠ ᠦᠭᠡᠢ ᠶᠤᠮ᠃ ᠳᠥᠷᠪᠡᠳᠦᠭᠡᠷ ᠢᠵᠢ ᠶᠢᠨ ᠴᠠᠭᠠᠰᠤᠨ ᠵᠣᠭᠤᠰ ᠪᠠᠰᠠ 1987 ᠣᠨ ᠠᠴᠠ 2018 ᠣᠨ ᠪᠤᠯᠳᠠᠯ᠎ᠠ 31 ᠵᠢᠯ ᠬᠡᠪᠯᠡᠭᠳᠡᠭᠰᠡᠨ ᠪᠠᠶᠢᠳᠠᠭ᠃ ᠡᠭᠦᠨ ᠤ ᠳᠣᠲᠣᠷ᠎ᠠ ᠬᠤᠶᠠᠷ᠂ ᠭᠤᠷᠪᠠᠳᠤᠭᠠᠷ ᠢᠵᠢ ᠶᠢᠨ ᠰᠠᠭᠤᠷᠢᠨ ᠳᠡᠭᠡᠷ᠎ᠡ ᠤᠷᠢᠳ ᠬᠤᠵᠢᠳ ᠨᠡᠮᠡᠭᠳᠡᠭᠰᠡᠨ ᠲᠠᠪᠢᠲᠤ ᠪᠣᠯᠣᠨ ᠵᠠᠭᠤᠲᠤ ᠵᠡᠷᠭᠡ ᠬᠤᠶᠠᠷ ᠵᠦᠢᠯ ᠪᠠᠶᠢᠪᠠ᠃                    ᠭᠤᠷᠪᠠ᠂ ᠠᠷᠠᠳ ᠤᠨ ᠵᠣᠭᠤᠰ ᠤᠨ ᠰᠢᠨᠡᠳᠬᠡᠯ᠂ ᠳᠦᠷᠢᠮᠵᠢᠯ          ᠰᠢᠨ᠎ᠡ ᠲᠤᠮᠳᠠᠳᠤ ᠤᠯᠤᠰ ᠪᠠᠶᠢᠭᠤᠯᠤᠭᠳᠠᠭᠰᠠᠨ ᠠᠴᠠ ᠨᠠᠭᠠᠰᠢᠬᠢ 75 ᠵᠢᠯ ᠤᠨ ᠬᠤᠭᠤᠴᠠᠭᠠᠨ ᠳᠤ ᠴᠠᠭᠠᠰᠤᠨ ᠵᠣᠭᠤᠰ ᠤᠨ ᠨᠢᠭᠤᠷᠳᠠᠬᠤ ᠦᠨ᠎ᠡ ︵面值︶᠂ ᠵᠢᠷᠤᠭ ᠴᠢᠮᠡᠭᠯᠡᠯ᠂ ᠥᠩᠭᠡ ᠪᠤᠳᠤᠭ ᠪᠠ ᠤᠨᠴᠠᠭᠠᠢ ᠲᠡᠮᠳᠡᠭ ᠢᠯᠡᠷᠬᠡᠶᠢᠯᠡᠯ ᠵᠡᠷᠭᠡ ᠤᠯᠠᠨ ᠲᠠᠯ᠎ᠠ ᠪᠠᠷ ᠣᠯᠠᠨᠲᠠ ᠰᠢᠨᠡᠳᠬᠡᠭᠳᠡᠵᠦ ᠳᠦᠷᠢᠮᠵᠢᠵᠦ ᠢᠷᠡᠭᠰᠡᠨ  ᠶᠤᠮ᠃          ᠡ᠊ᠨᠳᠡ ᠵᠦᠪᠭᠡᠨ ᠵᠠᠷᠢᠮ ᠴᠠᠭᠠᠰᠤᠨ ᠵᠣᠭᠤᠰ ᠤᠨ ᠰᠣᠯᠢᠭᠳᠠᠯ ᠪᠠ ᠤᠨᠴᠠᠭᠠᠢ ᠲᠡᠮᠳᠡᠭ ᠢᠯᠡᠷᠬᠡᠶᠢᠯᠡᠯ ᠤᠨ ᠬᠤᠪᠢᠷᠠᠯ᠂ ᠰᠢᠨᠡᠳᠬᠡᠯ ᠤᠨ ᠬᠡᠳᠦᠨ ᠵᠢᠱᠢᠶ᠎ᠡ ᠶᠢ ᠲᠡᠮᠳᠡᠭᠯᠡᠪᠡᠯ᠄          ᠬᠤᠶᠠᠳᠤᠭᠠᠷ ᠢᠵᠢ ᠶᠢᠨ ᠭᠤᠷᠪᠠᠲᠤ ︵ᠭᠤᠷᠪᠠᠨ ᠲᠥᠭᠦᠷᠢᠭ︶ ᠎ ᠶᠢᠨ ᠴᠠᠭᠠᠰᠤᠨ ᠵᠣᠭᠤᠰ ᠢ 1964 ᠣᠨ ᠳᠤ ᠬᠡᠷᠡᠭᠯᠡᠬᠦ ᠪᠠᠨ ᠪᠣᠯᠢᠭᠰᠠᠨ ᠠᠴᠠ ᠬᠤᠶᠢᠰᠢ ᠲᠠᠭᠢᠵᠤ ᠬᠡᠪᠯᠡᠭᠰᠡᠨ ᠦᠭᠡᠢ ᠶᠤᠮ᠃ ᠡᠭᠦᠨ ᠳᠤ ᠬᠤᠶᠠᠷ ᠵᠦᠢᠯ ᠤᠨ ᠰᠢᠯᠲᠠᠭᠠᠨ ᠪᠠᠶᠢᠳᠠᠭ᠄ ᠨᠢᠭᠡ ᠨᠢ ᠮᠠᠨ ᠤ ᠤᠯᠤᠰ ᠤᠨ ᠪᠣᠳᠠᠲᠤ ᠪᠠᠶᠢᠳᠠᠯ ᠢᠶᠠᠷ ᠪᠣᠯ ᠨᠢᠭᠡᠲᠦ ᠪᠣᠯᠣᠨ ᠬᠤᠶᠠᠷᠲᠤ ᠶᠢᠨ ᠵᠣᠭᠤᠰ ᠪᠠᠶᠢᠬᠤ ᠲᠤᠯᠠ ᠭᠤᠷᠪᠠᠲᠤ ᠶᠢᠨ ᠵᠣᠭᠤᠰ ᠳᠡᠮᠡᠢ ᠴᠢᠬᠤᠯᠠ ᠬᠡᠷᠡᠭᠴᠡᠭᠡ ᠦᠭᠡᠢ ᠪᠤᠯᠬᠤ ᠨᠢ ᠵᠥᠩᠳᠡᠭᠡᠨ ᠤᠴᠢᠷ ᠪᠣᠯᠵᠠᠢ᠃ ᠬᠤᠶᠠᠷ ᠲᠤ ᠬᠤᠶᠠᠳᠤᠭᠠᠷ ᠢᠵᠢ ᠶᠢᠨ ᠭᠤᠷᠪᠠᠲᠤ ᠶᠢᠨ ᠴᠠᠭᠠᠰᠤᠨ ᠵᠣᠭᠤᠰ ᠢ ᠪᠠᠭᠲᠠᠭᠠᠭᠰᠠᠨ ᠴᠠᠭᠠᠰᠤᠨ ᠵᠣᠭᠤᠰᠤᠨ ᠤ ᠣᠯᠠᠩᠬᠢ ᠶᠢ ᠨᠢ ᠳᠡᠭᠡᠳᠦ ᠵᠠᠭᠤᠨ ᠤ ᠲᠠᠪᠢᠭᠠᠳ ᠣᠨ ᠤ ᠡᠬᠢ ᠪᠠᠷ ᠲᠤᠬᠠᠢ ᠶᠢᠨ ᠦᠶ᠎ᠡ ᠶᠢᠨ ᠵᠥᠪᠯᠡᠯᠲᠦ ᠬᠤᠯᠪᠣᠭᠠᠲᠤ  ᠤᠯᠤᠰ ︵ᠤᠳᠤ ᠶᠢᠨ ᠤᠷᠤᠰ ᠤᠨ ᠬᠤᠯᠪᠤᠭ᠎ᠠ︶ ᠎ ᠳᠤ ᠨᠠᠶᠢᠳᠠᠵᠤ ᠳᠠᠷᠤᠮᠠᠯᠯᠠᠭᠤᠯᠤᠭᠰᠠᠨ ᠪᠠᠶᠢᠵᠠᠢ᠃ ᠰᠡᠭᠦᠯᠡᠷ ᠨᠢ ᠵᠢᠷᠠᠭᠠᠳ ᠣᠨ ᠠᠴᠠ ᠡᠬᠢᠯᠡᠭᠡᠳ ᠲᠤᠮᠳᠠᠳᠤ ᠵᠥᠪᠯᠡᠯᠲᠦ ᠶᠢᠨ ᠬᠠᠷᠢᠴᠠᠭ᠎ᠠ ᠮᠠᠭᠤᠳᠠᠭᠰᠠᠨ ᠤᠯᠤᠰ ᠲᠦᠷᠦ ᠶᠢᠨ ᠰᠢᠯᠲᠠᠭᠠᠨ ᠠᠴᠠ ᠪᠣᠯᠣᠭᠠᠳ ᠲᠠᠷᠠ ᠪᠦᠯᠦᠭ ᠵᠣᠭᠤᠰ ᠢ 1964 ᠣᠨ ᠤ ᠳᠡᠭᠡᠳᠦ ᠬᠠᠭᠠᠰ ᠵᠢᠯ ᠳᠤ ᠪᠦᠭᠦᠨ ᠢᠶᠠᠷ ᠨᠢ ᠬᠡᠷᠡᠭᠯᠡᠬᠦ ᠪᠠᠨ ᠵᠣᠭᠰᠣᠭᠠᠭᠠᠳ ᠤᠯᠤᠰ ᠤᠨ ᠳᠣᠲᠣᠭᠠᠳᠤ ᠳᠤ ᠥᠪᠡᠷ ᠢᠶᠠᠨ 1956 -1960 ᠣᠨ ᠳᠤ ᠬᠡᠪᠯᠡᠵᠦ᠂ 1962 ᠣᠨ ᠳᠤ ᠲᠠᠷᠬᠠᠭᠠᠭᠰᠠᠨ ᠭᠤᠷᠪᠠᠳᠤᠭᠠᠷ ᠢᠵᠢ ᠶᠢᠨ ᠵᠣᠭᠤᠰ ᠢᠶᠠᠷ ᠰᠣᠯᠢᠭᠰᠠᠨ ᠶᠤᠮ᠃ ︵ᠪᠢ ᠠᠯᠠᠱᠠ ᠪᠠᠷᠠᠭᠤᠨ ᠬᠤᠰᠢᠭᠤᠨ ᠤ ᠬᠤᠶᠢᠲᠤ ᠬᠡᠰᠡᠭ ᠤᠨ ᠨᠢᠭᠡᠳᠦᠯ ᠤᠳ ᠢᠶᠠᠷ ᠶᠠᠪᠤᠵᠤ ᠰᠣᠯᠢᠵᠤ ᠪᠠᠶᠢᠪᠠ︶᠃ ᠲᠡᠭᠡᠭᠡᠳ ᠭᠤᠷᠪᠠᠲᠤ ᠶᠢᠨ ᠴᠠᠭᠠᠰᠤᠨ ᠵᠣᠭᠤᠰ ᠨᠢᠭᠡᠯᠬᠡᠨ ᠤᠳᠠᠭ᠎ᠠ ᠬᠡᠪᠯᠡᠭᠳᠡᠭᠡᠳ᠂ ᠲᠠᠷᠬᠠᠭᠠᠵᠤ ᠬᠡᠷᠡᠭᠯᠡᠭᠰᠡᠨ ᠴᠠᠭ ᠨᠢ ᠠᠷᠪᠠᠨ ᠵᠢᠯ ᠴᠦ ᠪᠣᠯᠤᠭᠰᠠᠨ ᠦᠭᠡᠢ ᠥᠩᠭᠡᠷᠡᠭᠰᠡᠨ ᠪᠠᠶᠢᠨ᠎ᠠ᠃ ︵1953 ᠣᠨ ᠳᠤ ᠬᠡᠪᠯᠡᠵᠦ᠂ 1955 ᠣᠨ ᠳᠤ ᠡᠬᠢᠯᠡᠵᠦ ᠲᠠᠷᠬᠠᠭᠠᠭᠰᠠᠨ ᠪᠠᠶᠢᠭᠰᠠᠨ︶᠃          ᠵᠠᠭᠤᠲᠤ ᠶᠢᠨ ᠴᠠᠭᠠᠰᠤᠨ ᠵᠣᠭᠤᠰ ᠪᠣᠯ ᠳᠥᠷᠪᠡᠳᠦᠭᠡᠷ ᠢᠵᠢ ᠠᠴᠠ ᠡᠬᠢᠯᠡᠵᠦ ᠰᠢᠨ᠎ᠡ ᠪᠠᠷ ᠨᠡᠮᠡᠭᠳᠡᠭᠰᠡᠨ ᠵᠦᠢᠯ ᠪᠣᠯᠣᠨ᠎ᠠ᠃ 1980 ᠣᠨ ᠤ ᠠᠩᠬᠠᠨ ᠤ ᠬᠡᠪᠯᠡᠯ ᠤᠨ ᠨᠢᠭᠤᠷ ᠤᠨ ᠭᠤᠣᠯ ᠵᠢᠷᠤᠭ ᠨᠢ ᠮᠠᠤ ᠽᠧ ᠳ᠋ᠦᠩ᠂ ᠵᠧᠦ ᠧᠨ ᠯᠠᠢ᠂ ᠯᠢᠦ ᠱᠤᠤ ᠴᠢ᠂ ᠵᠦ ᠳ᠋ᠧ ᠲᠦᠷᠪᠡᠨ ᠤᠳᠤᠷᠢᠳᠤᠭᠴᠢ ᠶᠢᠨ ᠲᠥᠪ ᠵᠢᠷᠤᠭ ᠪᠠᠶᠢᠭᠰᠠᠨ᠃ ᠰᠡᠭᠦᠯᠡᠷ ᠎ ᠨᠢ 2005 ᠣᠨ ᠤ ᠬᠡᠪᠯᠡᠯ ᠠᠴᠠ ᠡᠬᠢᠯᠡᠭᠡᠳ ᠨᠢᠭᠡᠲᠦ᠂ ᠲᠠᠪᠤᠲᠤ᠂ ᠠᠷᠪᠠᠲᠤ ᠶᠢᠨ ᠴᠠᠭᠠᠰᠤᠨ ᠵᠣᠭᠤᠰ ᠲᠠᠢ ᠠᠳᠠᠯᠢ᠂ ᠭᠠᠭᠴᠠ ᠮᠠᠤ ᠽᠧ ᠳ᠋ᠦᠩ ᠲᠡᠷᠢᠭᠦᠯᠡᠭᠴᠢ ᠶᠢᠨ ᠵᠢᠷᠤᠭ ᠲᠠᠢ ᠪᠤᠯᠭᠠᠬᠰᠠᠨ ᠪᠠᠶᠢᠨ᠎ᠠ᠃ ᠡᠶᠢᠨ ᠬᠦ ᠭᠠᠭᠴᠠ ᠬᠥᠮᠥᠨ ᠤ ᠵᠢᠷᠤᠭ ᠲᠠᠢ ᠪᠠᠶᠢᠳᠠᠭ ᠨᠢ ᠳᠡᠯᠡᠬᠡᠢ ᠶᠢᠨ ᠤᠯᠠᠨ ᠤᠯᠤᠰ ᠤᠨ ᠨᠠᠶᠢᠳᠠ ᠶᠢᠨ ᠵᠠᠩᠰᠢᠯ ᠠᠴᠠ ᠪᠣᠯᠤᠭᠰᠠᠨ ᠭᠡᠰᠡᠨ ᠶᠠᠷᠢᠶ᠎ᠠ ᠬᠡᠯᠡᠯᠭᠡ ᠪᠠᠶᠢᠳᠠᠭ᠃          ᠲᠠᠪᠢᠲᠤ ᠶᠢᠨ ᠴᠠᠭᠠᠰᠤᠨ ᠵᠣᠭᠤᠰ ᠢ ᠳᠥᠷᠪᠡᠳᠦᠭᠡᠷ ᠢᠵᠢ ᠶᠢᠨ 1990 ᠣᠨ ᠤ ᠬᠡᠪᠯᠡᠯ ᠠᠴᠠ ᠡᠬᠢᠯᠡᠵᠦ ᠲᠠᠪᠤᠳᠤᠭᠠᠷ ᠢᠵᠢ ᠶᠢᠨ 2005 ᠣᠨ ᠪᠣᠯᠣᠨ 2019 ᠣᠨ ᠤ ᠬᠡᠪᠯᠡᠯ ᠪᠤᠯᠳᠠᠯ᠎ᠠ ᠨᠠᠶᠢᠳᠠ ᠭᠤᠷᠪᠠᠨ ᠤᠳᠠᠭ᠎ᠠ ᠲᠠᠷᠬᠠᠭᠠᠭᠰᠠᠨ ᠪᠠᠶᠢᠳᠠᠭ᠃ ᠨᠢᠭᠤᠷ ᠤᠨ ᠵᠢᠷᠤᠭ ᠨᠢ 1990 ᠣᠨ ᠤ ᠬᠡᠪᠯᠡᠯ ᠳᠤ ᠠᠵᠢᠯᠴᠢᠨ ᠲᠠᠷᠢᠶᠠᠴᠢᠨ ᠰᠡᠬᠡᠭᠡᠲᠡᠨ ᠤ ᠵᠢᠷᠤᠭ ᠲᠠᠢ ᠪᠠᠶᠢᠵᠤ᠂ 2005 ᠣᠨ ᠠᠴᠠ ᠬᠤᠶᠢᠰᠢ ᠮᠠᠤ ᠲᠡᠷᠢᠭᠦᠯᠡᠭᠴᠢ ᠶᠢᠨ ᠲᠥᠪ ᠵᠢᠷᠤᠭ ᠲᠠᠢ ᠪᠤᠯᠭᠠᠵᠤ ᠳᠦᠷᠢᠮᠵᠢᠭᠦᠯᠵᠡᠢ᠃          ᠬᠤᠷᠢᠳᠤ ᠶᠢᠨ ᠴᠠᠭᠠᠰᠤᠨ ᠵᠣᠭᠤᠰ ᠲᠦᠷᠦᠭᠦᠤ ᠲᠦᠷᠪᠡᠨ ᠢᠵᠢ ᠳᠤ ᠪᠠᠶᠢᠭ᠎ᠠ ᠦᠭᠡᠢ᠃ 1999 ᠣᠨ ᠤ ᠲᠠᠪᠤᠳᠤᠭᠠᠷ ᠢᠵᠢ ᠳᠤ ᠨᠡᠮᠡᠭᠳᠡᠭᠰᠡᠨ ᠵᠦᠢᠯ ᠪᠣᠯᠣᠨ᠎ᠠ᠃ ᠤᠳᠤ 2005 ᠣᠨ ᠤ ᠬᠡᠪᠯᠡᠯ ᠪᠣᠯᠣᠨ 2019 ᠣᠨ ᠤ ᠬᠡᠪᠯᠡᠯ ᠭᠡᠵᠦ ᠬᠤᠶᠠᠷ ᠬᠡᠪ ᠨᠡᠮᠡᠭᠳᠡᠭᠰᠡᠨ ᠪᠠᠶᠢᠳᠠᠭ᠃          ᠠᠷᠪᠠᠲᠤ᠂ ᠲᠠᠪᠤᠲᠤ᠂ ᠬᠤᠶᠠᠷᠲᠤ ᠪᠠ ᠨᠢᠭᠡᠲᠦ ᠶᠢᠨ ᠴᠠᠭᠠᠰᠤᠨ ᠵᠣᠭᠤᠰ ᠪᠠᠷᠤᠭ ᠢᠵᠢ ᠪᠦᠷᠢ ᠳᠤ ᠪᠠᠶᠢᠭᠰᠠᠨ ᠶᠤᠮ᠃ ᠡᠭᠦᠨ ᠤ ᠳᠣᠲᠣᠷ᠎ᠠ ᠳᠡᠭᠡᠳᠦ ᠵᠠᠭᠤᠨ ᠤ ᠦᠶ᠎ᠡ ᠶᠢᠨ ᠰᠢᠨ᠎ᠡ ᠠᠷᠪᠠᠲᠤ ᠶᠢᠨ ᠴᠠᠭᠠᠰᠤᠨ ᠵᠣᠭᠤᠰ1957 ᠣᠨ ᠤ 12 ᠰᠠᠷ᠎ᠠ ᠶᠢᠨ 1᠎ ᠳᠤ ᠲᠠᠷᠬᠠᠭᠠᠭᠰᠠᠨ  ᠶᠤᠮ᠃ ᠲᠠᠪᠤᠲᠤ ᠶᠢᠨ ᠴᠠᠭᠠᠰᠤᠨ ᠵᠣᠭᠤᠰ ᠨᠢ ᠤᠯᠠᠨ ᠵᠢᠯ ᠴᠥᠮ ᠲᠣᠮᠣ ᠰᠢᠭ᠋ ᠡᠩ ᠲᠠᠢ᠂ ᠪᠣᠷᠣ ᠥᠩᠭᠡ ᠲᠠᠢ ᠪᠠᠶᠢᠭᠰᠠᠨ ᠠᠴᠠ ᠪᠠᠨ 2018 ᠣᠨ ᠤ 5 ᠰᠠᠷ᠎ᠠ ᠠᠴᠠ ᠬᠤᠶᠢᠰᠢ ᠰᠣᠯᠢᠭᠳᠠᠭᠠᠳ ᠪᠠᠭ᠎ᠠ ᠰᠢᠭ᠋ ᠡᠩ ᠲᠠᠢ᠂ ᠥᠭᠡᠷ᠎ᠡ ᠥᠩᠭᠡ ᠲᠠᠢ ᠪᠣᠯᠤᠭᠰᠠᠨ ᠪᠥᠭᠡᠳ ᠨᠢᠭᠤᠷ ᠤᠨ ᠭᠤᠣᠯ ᠵᠢᠷᠤᠭ ᠢ ᠨᠢ ᠮᠠᠤ ᠽᠧ ᠳ᠋ᠦᠩ ᠲᠡᠷᠢᠭᠦᠯᠡᠭᠴᠢ ᠶᠢᠨ ᠲᠥᠪ ᠵᠢᠷᠤᠭ ᠪᠤᠯᠭᠠᠵᠤ ᠰᠢᠨᠡᠳᠬᠡᠭᠰᠡᠨ ᠪᠠᠶᠢᠨ᠎ᠠ᠃ ︵ᠤᠭ ᠲᠠᠭᠠᠨ ᠬᠤᠶᠠᠷ ᠴᠥᠭᠡᠨ ᠲᠣᠭᠠᠲᠤ ᠦᠨᠳᠦᠰᠦᠲᠡᠨ ᠤ ᠬᠥᠮᠥᠨ ᠤ ᠵᠢᠷᠤᠭ ᠪᠠᠶᠢᠭᠰᠠᠨ ᠶᠤᠮ︶᠃          ᠬᠤᠶᠠᠷᠲᠤ ᠶᠢᠨ ᠴᠠᠭᠠᠰᠤᠨ ᠵᠣᠭᠤᠰ ᠪᠠᠰᠠ ᠬᠡᠳᠦᠨ ᠤᠳᠠᠭ᠎ᠠ ᠰᠢᠨᠡᠳᠬᠡᠭᠳᠡᠭᠰᠡᠨ ᠪᠥᠭᠡᠳ 1999 ᠣᠨ ᠤ ᠲᠠᠪᠤᠳᠤᠭᠠᠷ ᠢᠵᠢ ᠠᠴᠠ ᠬᠤᠶᠢᠰᠢ ᠬᠦᠴᠦᠨ ᠦᠭᠡᠢ ᠪᠤᠯᠭᠠᠵᠤ ᠬᠠᠰᠤᠭᠰᠠᠨ ᠶᠤᠮ᠃          ᠨᠢᠭᠡᠲᠦ ᠶᠢᠨ ᠴᠠᠭᠠᠰᠤᠨ ᠵᠣᠭᠤᠰᠤᠨ ᠤ ᠥᠩᠭᠡ ᠪᠤᠳᠤᠭ᠂ ᠵᠢᠷᠤᠭ ᠴᠢᠮᠡᠭᠯᠡᠯ ᠨᠢ ᠣᠯᠠᠨᠲᠠ ᠰᠢᠨᠡᠳᠬᠡᠭᠳᠡᠵᠦ ᠢᠷᠡᠭᠰᠡᠨ ᠪᠠᠶᠢᠳᠠᠭ᠃ ᠲᠡᠭᠡᠭᠦ ᠳᠡᠭᠡᠨ ᠡᠩ ᠤᠨ ︵ᠴᠠᠭᠠᠰᠤᠨ ᠤ︶ ᠶᠡᠭᠡ ᠪᠠᠭ᠎ᠠ ᠶᠢᠨ ᠬᠡᠮᠵᠢᠶ᠎ᠡ ᠨᠢ ᠤᠯᠠᠨ ᠵᠢᠯ ᠬᠤᠶᠠᠷᠲᠤ ᠶᠢᠨ ᠴᠠᠭᠠᠰᠤᠨ ᠵᠣᠭᠤᠰ ᠯᠤᠭ᠎ᠠ ᠠᠳᠠᠯᠢ ᠪᠠᠶᠢᠭᠰᠠᠨ ᠠᠴᠠ ᠪᠠᠨ 1999 ᠣᠨ ᠠᠴᠠ ᠨᠠᠭᠠᠰᠢ ᠠᠷᠠᠢ ᠪᠠᠭ᠎ᠠ ᠰᠢᠭ᠋ ᠡᠩ ᠲᠠᠢ ᠪᠣᠯᠤᠭᠰᠠᠨ  ᠶᠤᠮ᠃          ᠴᠠᠭᠠᠰᠤᠨ ᠵᠣᠭᠤᠰᠤᠨ ᠤ ᠵᠢᠵᠢᠭ ᠵᠣᠭᠤᠰ ︵辅币︶ ᠎ ᠤᠨ ᠵᠦᠢᠯ ᠳᠤ ᠨᠢᠭᠡ ᠮᠥᠩᠭᠦᠲᠦ ︵一分︶ ᠎ ᠠᠴᠠ ᠲᠠᠪᠢᠨ ᠮᠥᠩᠭᠦᠲᠦ ︵五角︶ ᠬᠦᠷᠲᠡᠯᠡᠬᠢ ᠨᠠᠶᠢᠳᠠ 6 ᠵᠦᠢᠯ ᠨᠢ ᠤᠯᠠᠨ ᠵᠢᠯ ᠳᠡᠮᠡᠢ ᠬᠤᠪᠢᠷᠠᠯᠲᠠ ᠦᠭᠡᠢ ᠪᠠᠶᠢᠪᠠ᠃ 1957 ᠣᠨ ᠠᠴᠠ ᠡᠬᠢᠯᠡᠭᠡᠳ ᠤᠷᠢᠳ ᠬᠤᠵᠢᠳ ᠪᠠᠰᠠ ᠨᠢᠭᠡ ᠮᠥᠩᠭᠦ᠂ ᠬᠤᠶᠠᠷ ᠮᠥᠩᠭᠦ ᠪᠣᠯᠣᠨ ᠲᠠᠪᠤᠨ ᠮᠥᠩᠭᠦ ᠭᠡᠬᠦ ᠭᠤᠷᠪᠠᠨ ᠵᠦᠢᠯ ᠤᠨ ᠲᠡᠮᠦᠷᠯᠢᠭ ᠵᠣᠭᠤᠰ ᠲᠠᠷᠬᠠᠭᠠᠭᠳᠠᠵᠤ ᠬᠡᠷᠡᠭᠯᠡᠳᠡᠭ ᠪᠣᠯᠤᠭᠰᠠᠨ ᠶᠤᠮ᠃ ᠭᠡᠪᠡᠴᠦ ᠨᠠᠶᠠᠭᠠᠳ ᠣᠨ ᠠᠴᠠ ᠡᠮᠦᠨ᠎ᠡ ᠬᠥᠳᠡᠭᠡ ᠦᠨᠳᠦᠰᠦᠨ ᠱᠠᠲᠤᠨ ᠳᠤ ᠳᠡᠮᠡᠢ ᠬᠠᠷᠠᠭᠳᠠᠳᠠᠭ ᠦᠭᠡᠢ ᠪᠠᠶᠢᠭᠰᠠᠨ᠃ ᠲᠡᠮᠦᠷᠯᠢᠭ ᠵᠣᠭᠤᠰ ᠢ ᠠᠩᠬᠠᠨ ᠳᠠᠭᠠᠨ ᠴᠥᠮ ᠬᠥᠩᠭᠡᠨ ᠴᠠᠭᠠᠨ ︵铝︶ ᠎ ᠢᠶᠠᠷ ᠬᠢᠳᠡᠭ ᠪᠠᠶᠢᠭᠰᠠᠨ ᠠᠴᠠ ᠪᠠᠨ ᠰᠡᠭᠦᠯᠡᠷ ᠨᠢ ᠬᠠᠲᠠᠭᠤᠯᠢᠭ ᠲᠡᠮᠦᠷ ᠢᠶᠠᠷ ᠬᠢᠳᠡᠭ ᠪᠣᠯᠤᠭᠰᠠᠨ ᠪᠠᠶᠢᠨ᠎ᠠ᠃ ᠨᠢᠭᠤᠷᠳᠠᠬᠤ ᠦᠨ᠎ᠡ ︵面值︶᠎ ᠨᠢ ᠤᠳᠤ ᠵᠦᠪᠭᠡᠨ ᠲᠠᠪᠢᠨ ᠮᠥᠩᠭᠦ ︵五角︶ ᠪᠣᠯᠣᠨ ᠠᠷᠪᠠᠨ ᠮᠥᠩᠭᠦ ︵一角︶ ᠭᠡᠬᠦ ᠬᠤᠶᠠᠷᠬᠠᠨ ᠵᠦᠢᠯ ᠪᠣᠯᠣᠭᠠᠳ ᠪᠤᠰᠤᠳ ᠨᠢᠭᠡᠴᠢ ᠨᠢ ᠬᠠᠰᠤᠭᠳᠠᠭᠰᠠᠨ ᠪᠠᠶᠢᠨ᠎ᠠ᠃ ︵ᠤᠳᠤ分 ᠬᠡᠮᠡᠬᠦ ᠨᠢᠭᠡᠴᠢ ᠪᠠᠶᠢᠬᠤ ᠦᠭᠡᠢ ᠪᠣᠯᠵᠠᠢ︶ ᠲᠡᠶᠢᠮᠤ ᠮᠥᠷᠲᠡᠭᠡᠨ ᠴᠠᠭᠠᠰᠤᠨ ᠵᠢᠵᠢᠭ ︵辅币︶ ᠵᠣᠭᠤᠰ ᠤᠨ ᠲᠠᠷᠬᠠᠯᠲᠠ ᠴᠦ ᠪᠦᠷ ᠡᠴᠦᠰᠯᠡᠭᠡᠳ ᠲᠡᠮᠦᠷᠯᠢᠭ ᠵᠢᠵᠢᠭ ᠵᠣᠭᠤᠰ ᠢᠶᠠᠷ ᠣᠷᠤᠯᠠᠭᠤᠯᠤᠭᠳᠠᠭᠰᠠᠨ ᠪᠠᠶᠢᠨ᠎ᠠ ᠃ 1991 ᠣᠨ ᠠᠴᠠ 2016 ᠣᠨ ᠤ ᠦᠶ᠎ᠡ ᠳᠤ ᠨᠢᠭᠡ ᠲᠥᠭᠦᠷᠢᠭ ᠤᠨ ᠲᠡᠮᠦᠷᠯᠢᠭ ᠵᠣᠭᠤᠰ ᠢ ᠲᠠᠷᠠᠭ᠎ᠠ ᠲᠠᠷᠠᠭ᠎ᠠ ᠪᠠᠷ ᠲᠠᠷᠬᠠᠭᠠᠭᠰᠠᠨ ᠪᠠᠶᠢᠳᠠᠭ ᠶᠤᠮ᠃          ᠲᠡᠭᠡᠪᠡᠯ ᠠᠷᠠᠳ ᠤᠨ ᠵᠣᠭᠤᠰ ᠤᠨ ᠤᠨᠴᠠᠭᠠᠢ ᠲᠡᠮᠳᠡᠭ ᠢᠯᠡᠷᠬᠡᠶᠢᠯᠡᠯ ᠤᠨ ᠬᠠᠯᠠᠭᠳᠠᠯ᠂ ᠬᠤᠪᠢᠷᠠᠯ ᠨᠢ ᠶᠠᠭᠤ ᠪᠤᠢ︖ ᠭᠡᠪᠡᠯ ᠤᠳᠤ ᠬᠥᠮᠥᠰ ᠲᠤ ᠦᠨᠳᠦᠰᠦᠨ ᠳᠡᠭᠡᠨ ᠮᠠᠷᠲᠠᠭᠳᠠᠵᠠᠢ᠃ ᠳᠣᠣᠷᠠᠬᠢ ᠮᠡᠲᠦ ᠬᠡᠳᠦᠨ ᠵᠦᠢᠯ ᠪᠠᠶᠢᠳᠠᠭ᠄          ᠨᠢᠭᠡ ᠨᠢ ᠵᠣᠭᠤᠰ ᠤᠨ ᠨᠢᠭᠡᠴᠢ ᠶᠢᠨ ᠨᠡᠷᠡᠶᠢᠳᠦᠯ ︵ᠳᠠᠭᠤᠳᠠᠯᠭ᠎ᠠ︶ ᠎ ᠳᠤ ᠠᠩᠬᠠᠨ ᠳᠠᠭᠠᠨ ᠨᠢᠭᠡ ᠲᠥᠭᠦᠷᠢᠭ ᠠᠴᠠ ᠳᠡᠭᠡᠭᠰᠢᠬᠢ ᠨᠢᠭᠡᠴᠢ ᠶᠢ ᠲᠦᠮᠡ᠂ ᠠᠷᠪᠠᠨ ᠮᠥᠩᠭᠦ ᠠᠴᠠ ᠳᠡᠭᠡᠭᠰᠢᠬᠢ ᠶᠢ ᠮᠢᠩᠭ᠎ᠠ ᠭᠡᠵᠦ᠂ ᠡᠭᠦᠨ ᠠᠴᠠ ᠪᠠᠭ᠎ᠠ ᠨᠢᠭᠡᠴᠢ ᠶᠢ ᠵᠠᠭᠤ ᠭᠡᠳᠡᠭ ᠪᠠᠶᠢᠪᠠ᠃ ᠵᠢᠱᠢᠶᠡᠯᠡᠪᠡᠯ ᠨᠢᠭᠡ ᠲᠥᠭᠦᠷᠢᠭ ᠢ 10000 ᠲᠥᠭᠦᠷᠢᠭ᠂ ᠲᠠᠪᠢᠨ ᠮᠥᠩᠭᠦ ᠶᠢ 5000 ᠲᠥᠭᠦᠷᠢᠭ᠂ ᠨᠢᠭᠡ ᠮᠥᠩᠭᠦ ︵一分︶ ᠎ ᠶᠢ 100 ᠲᠥᠭᠦᠷᠢᠭ ᠭᠡᠳᠡᠭ ᠪᠠᠶᠢᠵᠠᠢ ᠃ ᠬᠤᠶᠠᠳᠤᠭᠠᠷ ᠢᠵᠢ ᠠᠴᠠ ᠡᠬᠢᠯᠡᠭᠡᠳ ᠤᠳᠤ ᠶᠢᠨ ᠨᠢᠭᠡᠴᠢ ︵ᠳᠠᠭᠤᠳᠠᠯᠭ᠎ᠠ︶ ᠎ ᠲᠠᠢ ᠠᠳᠠᠯᠢ ᠪᠤᠯᠭᠠᠵᠤ ᠳᠦᠷᠢᠮᠵᠢᠭᠦᠯᠦᠭᠰᠡᠨ ᠪᠠᠶᠢᠨ᠎ᠠ᠃          ᠬᠤᠶᠠᠷ ᠨᠢ ᠠᠷᠠᠳ ᠤᠨ ᠵᠣᠭᠤᠰᠤᠨ ᠤ ᠬᠠᠮᠤᠭ ᠠᠩᠬᠠᠨ ᠤ ᠳᠡᠭᠡᠳᠦ ᠮᠥᠷ ᠤᠨ ︽ᠲᠤᠮᠳᠠᠳᠤ ᠤᠯᠤᠰ ᠤᠨ ᠠᠷᠠᠳ ᠤᠨ ᠪᠠᠩᠬᠢ︾ ᠭᠡᠰᠡᠨ ᠢᠯᠡᠷᠬᠡᠶᠢᠯᠡᠯ ᠤᠨ ᠬᠢᠲᠠᠳ ᠪᠢᠴᠢᠯᠭᠡ ᠶᠢ ᠠᠩᠬᠠᠨ ᠳᠠᠭᠠᠨ ᠪᠠᠷᠠᠭᠤᠨ ᠠᠴᠠ ᠵᠡᠭᠦᠨᠰᠢ ᠰᠥᠷᠭᠡᠦ ᠪᠢᠴᠢᠳᠡᠭ ᠪᠠᠶᠢᠵᠠᠢ᠃ ᠮᠥᠨ 1953 ᠣᠨ ᠤ ᠬᠤᠶᠠᠳᠤᠭᠠᠷ ᠢᠵᠢ ᠠᠴᠠ ᠡᠬᠢᠯᠡᠭᠡᠳ ᠵᠡᠭᠦᠨ ᠠᠴᠠ ᠪᠠᠷᠠᠭᠤᠨᠰᠢ ᠪᠠᠶᠢᠷᠢᠯᠠᠭᠤᠯᠵᠤ ᠪᠢᠴᠢᠵᠦ ᠳᠦᠷᠢᠮᠵᠢᠭᠦᠯᠦᠭᠰᠡᠨ ᠪᠠᠶᠢᠨ᠎ᠠ᠃ ᠲᠡᠭᠡᠭᠦ ᠳᠡᠭᠡᠨ ᠴᠠᠭᠠᠰᠤᠨ ᠵᠣᠭᠤᠰ ᠤᠨ ᠡᠮᠦᠨ᠎ᠡ ᠠᠷᠤ ᠬᠤᠶᠠᠷ ᠨᠢᠭᠤᠷ ᠲᠤ ᠠᠳᠠᠯᠢᠬᠠᠨ ᠪᠢᠴᠢᠳᠡᠭ ᠪᠠᠶᠢᠪᠠ᠃ ᠭᠤᠷᠪᠠᠳᠤᠭᠠᠷ ᠢᠵᠢ ᠶᠢᠨ 1965 ᠣᠨ ᠤ ᠬᠡᠪᠯᠡᠯ ᠠᠴᠠ ᠡᠬᠢᠯᠡᠭᠡᠳ ᠡᠮᠦᠨ᠎ᠡ ᠨᠢᠭᠤᠷ ᠲᠤᠨᠢ ᠬᠢᠲᠠᠳ ᠢᠶᠠᠷ ᠪᠢᠴᠢᠵᠦ ᠠᠷᠤ ᠨᠢᠭᠤᠷ ᠎ ᠲᠤᠨᠢ ᠯᠠᠲ᠋ᠢᠨ ᠦᠰᠦᠭ ᠢᠶᠠᠷ ᠪᠢᠴᠢᠳᠡᠭ ᠪᠣᠯᠣᠭᠠᠳ ᠡᠳᠦᠭᠡ ᠪᠣᠯᠤᠭᠰᠠᠨ ᠪᠠᠶᠢᠳᠠᠭ᠃          ᠭᠤᠷᠪᠠ ᠨᠢ ᠠᠷᠠᠳ ᠤᠨ ᠵᠣᠭᠤᠰᠤᠨ ᠳᠡᠭᠡᠷᠡᠬᠢ ᠴᠥᠭᠡᠨ ᠲᠣᠭᠠᠲᠤ ᠦᠨᠳᠦᠰᠦᠲᠡᠨ ᠤ ᠦᠰᠦᠭ ᠪᠢᠴᠢᠭ ᠢ 1953 ᠣᠨ ᠤ ᠬᠤᠶᠠᠳᠤᠭᠠᠷ ᠢᠵᠢ ᠠᠴᠠ ᠡᠬᠢᠯᠡᠵᠦ ᠳᠠᠷᠤᠮᠠᠯᠯᠠᠭᠰᠠᠨ ᠪᠠᠶᠢᠳᠠᠭ᠃ ᠲᠠᠷᠠ ᠨᠢ ᠮᠣᠩᠭᠤᠯ᠂ ᠲᠥᠪᠡᠳ᠂ ᠤᠶᠢᠭᠤᠷ᠂ ᠵᠤᠸᠠᠩ ᠵᠡᠷᠭᠡ ᠲᠦᠷᠪᠡᠨ ᠴᠥᠭᠡᠨ ᠲᠣᠭᠠᠲᠤ ᠦᠨᠳᠦᠰᠦᠲᠡᠨ ᠤ ᠦᠰᠦᠭ ᠪᠠᠶᠢᠳᠠᠭ᠃          ᠳᠥᠷᠪᠡ ᠨᠢ ᠴᠠᠭᠠᠰᠤᠨ ᠵᠣᠭᠤᠰᠤᠨ ᠤ ᠨᠣᠮᠧᠷ ᠤᠨ ᠵᠠᠯᠭᠠᠭᠤᠷ ᠳ᠋ᠤᠭᠠᠷ ︵冠号︶᠎ ᠨᠢ ᠠᠩᠬᠠᠨ ᠳᠠᠭᠠᠨ ᠷᠣᠮᠠᠨᠢᠶ᠎ᠠ ︵罗马尼亚︶ ᠲᠤᠭ᠎ᠠ ᠪᠠᠶᠢᠭᠰᠠᠨ ᠶᠤᠮ᠃ ᠪᠠᠰᠠ ᠠᠷᠪᠠᠢ ᠦᠰᠦᠭ ᠴᠦ ᠭᠡᠳᠡᠭ᠃ ᠭᠤᠷᠪᠠᠳᠤᠭᠠᠷ ᠢᠵᠢ ᠶᠢᠨ ᠨᠠᠶᠠᠭᠠᠳ ᠣᠨ ᠤ ᠬᠡᠪᠯᠡᠯ ᠠᠴᠠ ᠡᠬᠢᠯᠡᠭᠡᠳ ᠯᠠᠲ᠋ᠢᠨ ᠦᠰᠦᠭ ︵ᠠᠩᠭ᠍ᠯᠢ ᠦᠰᠦᠭ ᠴᠦ ᠭᠡᠳᠡᠭ︶ ᠪᠤᠯᠭᠠᠵᠤ ᠰᠢᠨᠡᠳᠬᠡᠭᠰᠡᠨ ᠪᠠᠶᠢᠨ᠎ᠠ᠃          ᠲᠠᠪᠤ ᠨᠢ 1953 ᠣᠨ ᠤ ᠬᠤᠶᠠᠳᠤᠭᠠᠷ ᠢᠵᠢ ᠠᠴᠠ ᠬᠤᠶᠢᠰᠢᠬᠢ ᠶᠢᠨ ᠴᠠᠭᠠᠰᠤᠨ ᠵᠣᠭᠤᠰ ᠴᠥᠮ ᠤᠯᠤᠰ ᠤᠨ ᠰᠦᠯᠳᠡ ᠶᠢᠨ ᠵᠢᠷᠤᠭ ᠲᠠᠢ ᠪᠣᠯᠣᠭᠠᠳ ᠡᠳᠦᠭᠡ ᠪᠣᠯᠤᠭᠰᠠᠨ ᠪᠠᠶᠢᠳᠠᠭ᠃          ᠵᠢᠷᠭᠤᠭ᠎ᠠ ᠨᠢ ᠴᠠᠭᠠᠰᠤᠨ ᠵᠣᠭᠤᠰ ᠤᠨ ᠡᠮᠦᠨ᠎ᠡ ᠨᠢᠭᠤᠷ ᠤᠨ ᠭᠤᠣᠯᠳᠠᠯᠭ᠎ᠠ ᠲᠠᠢ ᠵᠢᠷᠤᠭ ᠨᠢ ᠤᠭ ᠲᠠᠭᠠᠨ ︽ᠦᠨᠳᠦᠰᠦᠲᠡᠨ ᠤ ᠶᠡᠭᠡ ᠪᠦᠯᠬᠦᠮᠳᠡᠯ︾ ᠎ ᠤᠨ ᠵᠢᠷᠤᠭ᠂ ᠠᠵᠢᠯᠴᠢᠨ ᠲᠠᠷᠢᠶᠠᠴᠢᠨ ᠤ ᠵᠢᠷᠤᠭ᠂ ᠵᠠᠷᠢᠮ ᠴᠥᠭᠡᠨ ᠲᠣᠭᠠᠲᠤ ᠦᠨᠳᠦᠰᠦᠲᠡᠨ ᠤ ᠬᠥᠮᠥᠰ ᠤᠨ ᠵᠢᠷᠤᠭ ︵ᠪᠠᠷᠤᠭ ᠨᠢ ᠬᠤᠶᠠᠷ ᠬᠥᠮᠥᠨ ᠪᠠᠶᠢᠳᠠᠭ︶ ᠵᠡᠷᠭᠡ ᠪᠠᠶᠢᠭᠰᠠᠨ ᠶᠤᠮ᠃ ᠳᠥᠷᠪᠡᠳᠦᠭᠡᠷ ᠢᠵᠢ ᠠᠴᠠ ᠡᠬᠢᠯᠡᠭᠡᠳ ᠨᠢᠭᠡᠳᠦᠮᠡᠯ ᠲᠠᠢ ᠪᠠᠷ ᠨᠢᠭᠡ ᠯᠠ ᠮᠠᠤ ᠽᠧ ᠳ᠋ᠦᠩ ᠲᠡᠷᠢᠭᠦᠯᠡᠭᠴᠢ ᠶᠢᠨ ᠲᠥᠪ ᠵᠢᠷᠤᠭ ᠢᠶᠠᠷ ᠰᠣᠯᠢᠵᠤ ᠰᠢᠨᠡᠳᠬᠡᠨ ᠳᠦᠷᠢᠮᠵᠢᠭᠦᠯᠦᠭᠰᠡᠨ ᠶᠤᠮ᠃          ᠡᠶᠢᠨ ᠬᠦ ᠠᠷᠠᠳ ᠤᠨ ᠵᠣᠭᠤᠰ ᠤᠨ ᠨᠢᠭᠤᠷ ᠲᠠᠬᠢ ᠤᠯᠤᠰ ᠤᠨ ᠰᠦᠯᠳᠡ ᠪᠣᠯᠣᠨ ᠮᠠᠤ ᠲᠡᠷᠢᠭᠦᠯᠡᠭᠴᠢ ᠶᠢᠨ ᠵᠢᠷᠤᠭ ᠨᠢ ᠠᠷᠠᠳ ᠤᠨ ᠵᠣᠭᠤᠰ ᠪᠣᠯ ᠮᠠᠨ ᠤ ᠤᠯᠤᠰ ᠤᠨ ︽ᠤᠯᠤᠰ ᠤᠨ ᠨᠡᠷ᠎ᠡ ᠶᠢᠨ ᠬᠠᠭᠤᠳᠠᠰᠤ︾ ︵国家名片︶ ᠪᠣᠯᠵᠤ ᠪᠠᠶᠢᠳᠠᠭ ᠤᠨ ᠬᠠᠮᠤᠭ ᠤᠨ ᠴᠢᠬᠤᠯᠠ ᠲᠥᠪ ᠢᠯᠡᠷᠬᠡᠶᠢᠯᠡᠯ ᠲᠡᠮᠳᠡᠭ ᠪᠠᠶᠢᠭ᠎ᠠ ᠶᠤᠮ᠃ ᠡᠶᠢᠮᠦ ᠤᠴᠢᠷ ᠠᠴᠠ ᠠᠷᠠᠳ ᠤᠨ ᠵᠣᠭᠤᠰ ᠨᠢ ᠦᠨᠳᠦᠰᠦᠲᠡᠨ ᠨᠦᠭᠦᠳ ᠤᠨ ᠠᠷᠠᠳ ᠲᠦᠮᠡᠨ ᠳᠤ ᠮᠠᠰᠢ ᠬᠠᠶᠢᠷᠠᠯᠠᠭᠳᠠᠨ ᠲᠠᠭᠠᠰᠢᠶᠠᠭᠳᠠᠵᠤ ᠢᠷᠡᠭᠰᠡᠨ ᠶᠤᠮ᠃ ᠵᠢᠱᠢᠶᠡᠯᠡᠪᠡᠯ ᠬᠥᠳᠡᠭᠡ ᠶᠢᠨ ᠮᠠᠯᠴᠢᠳ᠂ ᠢᠯᠠᠩᠭᠤᠶ᠎ᠠ ᠠᠬᠠᠮᠠᠳ ᠨᠠᠰᠤᠲᠠᠶᠢᠴᠤᠳ ᠮᠠᠰᠢ ᠤᠬᠠᠮᠰᠠᠷ ᠲᠠᠢ ᠪᠠᠶᠢᠵᠤ᠂ ᠲᠡᠶᠢᠮᠤ ᠵᠢᠷᠤᠭ ᠲᠠᠢ ᠵᠣᠭᠤᠰ ᠢ ᠬᠥᠰᠡᠷ ᠭᠠᠵᠠᠷ ᠲᠤ ᠬᠠᠶᠠᠬᠤ᠂ ᠬᠥᠯ ᠳᠣᠣᠷ᠎ᠠ ᠪᠠᠨ ᠭᠢᠰᠬᠢᠬᠦ ᠪᠠ ᠤᠷᠠᠵᠤ ᠲᠠᠰᠤᠳᠠᠬᠤ ᠠᠴᠠ ᠤᠨᠴᠠᠭᠠᠢ ᠬᠢᠴᠢᠶᠡᠨ ᠴᠡᠭᠡᠷᠯᠡᠳᠡᠭ ᠳᠠᠳᠬᠠᠯ ᠲᠠᠢ ᠪᠠᠶᠢᠳᠠᠭ ᠰᠠᠨ᠃          ᠡ᠊ᠨᠳᠡ ᠳᠠᠭᠠᠯᠳᠤᠭᠤᠯᠤᠨ ᠲᠡᠮᠳᠡᠭᠯᠡᠭᠦᠰᠢᠲᠡᠢ ᠨᠢ ᠭᠤᠷᠪᠠᠳᠤᠭᠠᠷ᠂ ᠳᠥᠷᠪᠡᠳᠦᠭᠡᠷ ᠢᠵᠢ ᠠᠷᠠᠳ ᠤᠨ ᠵᠣᠭᠤᠰ ᠤᠨ ᠬᠥᠮᠥᠨ ᠬᠢᠭᠡᠳ ᠦᠵᠡᠮᠵᠢ ᠶᠢᠨ ᠵᠢᠷᠤᠭ ᠢ ᠪᠦᠲᠦᠭᠡᠭᠴᠢ ᠨᠢ ᠮᠣᠩᠭᠤᠯ ᠦᠨᠳᠦᠰᠦᠲᠡᠨ ᠤ ᠠᠯᠳᠠᠷᠲᠤ ᠵᠢᠷᠤᠭᠴᠢᠨ ᠾᠧᠦ ᠢ ᠮᠢᠨ ︵1930 ᠣᠨ ᠳᠤ ᠾᠧᠪᠧᠢ ᠮᠤᠵᠢ ᠶᠢᠨ ᠭᠤᠤ ᠶᠠᠩ ᠳᠤ ᠲᠦᠷᠦᠵᠡᠢ︶ ᠭᠡᠳᠡᠭ ᠶᠤᠮ          ᠲᠤᠯᠤᠭ᠎ᠠ ᠨᠢ ᠨᠢᠭᠡ᠂ ᠬᠤᠶᠠᠷ᠂ ᠭᠤᠷᠪᠠᠳᠤᠭᠠᠷ ᠢᠵᠢ ᠶᠢᠨ ᠴᠠᠭᠠᠰᠤᠨ ᠵᠣᠭᠤᠰ ᠤᠨ ᠠᠷᠪᠠᠨ ᠮᠥᠩᠭᠦᠲᠦ ︵一 角︶ ᠎ ᠠᠴᠠ ᠳᠡᠭᠡᠭᠰᠢᠬᠢ ᠵᠣᠭᠤᠰ ᠤᠨ ᠨᠢᠭᠤᠷ ᠲᠤ ᠴᠥᠮ ︽ᠪᠠᠩᠬᠢ ᠶᠢᠨ ᠳᠠᠷᠤᠭ᠎ᠠ ᠶᠢᠨ ᠲᠠᠮᠠᠭ᠎ᠠ︾᠂ ︽ᠳᠡᠳ᠋ ᠪᠠᠩᠬᠢ ᠶᠢᠨ ᠳᠠᠷᠤᠭ᠎ᠠ ᠶᠢᠨ ᠲᠠᠮᠠᠭ᠎ᠠ︾ ᠭᠡᠰᠡᠨ ᠬᠤᠶᠠᠷ ᠵᠢᠭᠠᠬᠠᠨ ᠳᠥᠷᠪᠡᠯᠵᠢᠨ ᠬᠢᠲᠠᠳ ᠲᠠᠮᠠᠭ᠎ᠠ ᠲᠠᠢ ᠪᠠᠶᠢᠭᠰᠠᠨ᠃ 1990 ᠣᠨ ᠠᠴᠠ ᠬᠤᠶᠢᠰᠢ ᠨᠢᠭᠡ ᠯᠠ ︽ᠪᠠᠩᠬᠢ ᠶᠢᠨ ᠳᠠᠷᠤᠭ᠎ᠠ ᠶᠢᠨ ᠲᠠᠮᠠᠭ᠎ᠠ︾ ᠎ ᠲᠠᠢ ᠪᠣᠯᠤᠭᠰᠠᠨ ᠶᠤᠮ᠃          ᠨᠠᠢᠮᠠ ᠨᠢ ᠳᠡᠭᠡᠳᠦ ᠵᠠᠭᠤᠨ ᠤ ᠨᠠᠶᠠᠭᠠᠳ ᠣᠨ ᠤ ᠬᠡᠪᠯᠡᠯ ᠠᠴᠠ ᠡᠬᠢᠯᠡᠭᠡᠳ ᠨᠢᠭᠡ ᠲᠥᠭᠦᠷᠢᠭ ᠠᠴᠠ ᠳᠡᠭᠡᠭᠰᠢᠬᠢ ᠨᠢᠭᠡᠴᠢ ᠶᠢᠨ ᠴᠠᠭᠠᠰᠤᠨ ᠵᠣᠭᠤᠰᠤᠨ ᠤ ᠨᠢᠭᠤᠷ ᠲᠤ ᠬᠠᠷᠠᠭ᠎ᠠ ᠦᠭᠡᠢ ᠬᠥᠮᠥᠨ ᠤ ᠪᠢᠴᠢᠭ ︵盲文- ᠰᠣᠬᠤᠷᠴᠤᠳ ᠤᠨ ᠪᠢᠴᠢᠭ ᠴᠤ ᠭᠡᠳᠡᠭ︶ ᠬᠡᠮᠡᠬᠦ ᠲᠡᠮᠲᠡᠷᠢᠵᠦ ᠲᠠᠨᠢᠬᠤ ᠤᠨᠴᠠᠭᠠᠢ ᠲᠡᠮᠳᠡᠭ ︵ᠢᠯᠡᠷᠬᠡᠶᠢᠯᠡᠯ︶ ᠎ ᠲᠠᠢ ᠪᠣᠯᠤᠭᠰᠠᠨ ᠪᠠᠶᠢᠳᠠᠭ᠃          ᠶᠢᠰᠦ ᠨᠢ ᠲᠠᠪᠤᠳᠤᠭᠠᠷ ᠢᠵᠢ ᠶᠢᠨ ᠰᠡᠭᠦᠯᠴᠢ ᠶᠢᠨ ᠬᠡᠪᠯᠡᠯ ᠠᠴᠠ ᠡᠬᠢᠯᠡᠭᠡᠳ ᠲᠠᠪᠢᠲᠤ᠂ ᠵᠠᠭᠤᠲᠤ ᠵᠡᠷᠭᠡ ᠲᠣᠮᠣ ᠨᠢᠭᠡᠴᠢ ᠶᠢᠨ ᠨᠢᠭᠤᠷ ᠲᠤ ᠬᠠᠭᠤᠷᠮᠠᠭ ᠢ ᠰᠡᠷᠭᠡᠶᠢᠯᠡᠬᠦ ᠲᠡᠮᠳᠡᠭ ᠲᠠᠢ ᠪᠤᠯᠭᠠᠵᠤ ᠰᠢᠨᠡᠳᠬᠡᠵᠡᠢ᠃          ᠡ᠊ᠨᠳᠡ ᠪᠠᠰᠠ ᠨᠢᠭᠡ ᠳᠤᠷᠠᠰᠤᠨ ᠲᠡᠮᠳᠡᠭᠯᠡᠭᠦᠰᠢᠲᠡᠢ ᠨᠢ 1951 ᠣᠨ ᠳᠤ ᠬᠡᠪᠯᠡᠭᠳᠡᠭᠰᠡᠨ ︵ᠪᠠᠷᠤᠭ ᠨᠢᠭᠡᠳᠦᠭᠡᠷ ᠢᠵᠢ ᠶᠢᠨ ᠬᠤᠶᠠᠳᠠᠭᠢ ᠪᠤᠶᠤ ᠭᠤᠷᠪᠠᠳᠠᠭᠢ ᠬᠡᠪᠯᠡᠯ ᠪᠤᠯᠤᠯᠳᠠᠢ︶ ᠵᠠᠷᠢᠮ ᠴᠠᠭᠠᠰᠤᠨ ᠵᠣᠭᠤᠰ ᠤᠨ ᠨᠢᠭᠤᠷ ᠤᠨ ᠪᠦᠬᠦᠯᠢ ᠵᠢᠷᠤᠭ ᠴᠢᠮᠡᠭᠯᠡᠯ ᠨᠢ ᠥᠪᠥᠷ ᠮᠣᠩᠭᠤᠯ ᠤᠨ ᠮᠠᠯᠵᠢᠬᠤ ᠣᠷᠣᠨ ᠤ ᠲᠥᠷᠬᠦ ᠶᠢ ᠲᠤᠪᠤᠶᠢᠯᠭᠠᠬᠰᠠᠨ ᠪᠠᠶᠢᠳᠠᠭ ᠨᠢ ᠪᠠᠰᠠ ᠪᠢᠰᠢᠷᠡᠭᠦᠰᠢᠲᠡᠢ ᠬᠠᠷᠠᠭᠳᠠᠳᠠᠭ ᠰᠠᠨ᠃ ᠡᠨᠡ ᠨᠢ ᠲᠠᠷᠠ ᠦᠶ᠎ᠡ ᠳᠤ ᠠᠩᠬᠠᠨ ᠤ ᠠᠷᠠᠳ ᠤᠨ ᠪᠠᠩᠬᠢ ᠪᠠᠶᠢᠭᠤᠯᠵᠤ᠂ ᠠᠷᠠᠳ ᠤᠨ ᠵᠣᠭᠤᠰ ᠲᠠᠷᠬᠠᠭᠠᠭᠰᠠᠨ ᠭᠠᠵᠠᠷ ᠨᠢ ᠥᠪᠥᠷ ᠮᠣᠩᠭᠤᠯ ᠨᠤᠲᠤᠭ ᠢ ᠪᠠᠭᠲᠠᠭᠠᠭᠰᠠᠨ ᠤᠮᠠᠷᠠᠲᠤ ᠣᠷᠣᠨ ᠳᠤ ᠪᠠᠶᠢᠭᠰᠠᠨ ᠠᠴᠠ ᠪᠣᠯᠤᠭᠰᠠᠨ ᠪᠠ ᠲᠤᠬᠠᠢ ᠶᠢᠨ ᠦᠶ᠎ᠡ ᠶᠢᠨ ᠮᠣᠩᠭᠤᠯ ᠨᠤᠲᠤᠭ ᠲᠤ ᠮᠠᠯᠵᠢᠬᠤ ᠣᠷᠣᠨ ᠤ ᠲᠤᠬᠠᠢ ᠨᠠᠮ ᠤᠨ ᠲᠦᠷᠦ ᠶᠢᠨ ᠪᠣᠳᠣᠯᠭ᠎ᠠ ᠶᠢ ᠰᠤᠷᠲᠠᠯᠴᠢᠯᠠᠵᠤ ᠪᠠᠶᠢᠭᠰᠠᠨ ᠨᠢ ᠢᠯᠡᠷᠬᠡᠢ ᠪᠤᠢ᠃          ᠤᠯᠤᠰ ᠤᠨ ᠨᠡᠷ᠎ᠡ ᠲᠡᠮᠳᠡᠭ ᠪᠣᠯᠤᠭᠰᠠᠨ ᠠᠷᠠᠳ ᠤᠨ ᠵᠣᠭᠤᠰ ᠨᠢ          ᠡᠷᠡᠨ ᠴᠠᠭ ᠪᠦᠷᠢ ᠳᠤ ᠠᠷᠠᠳ ᠢᠷᠭᠡᠨ ᠢᠶᠠᠨ ᠪᠠᠶᠠᠵᠢᠭᠤᠯᠲᠤᠭᠠᠢ︕          ᠳᠡᠭᠡᠷᠡᠬᠢ ᠡᠷᠭᠢᠴᠡᠭᠦᠯᠦᠯ ᠨᠢ ᠤᠳᠠᠭᠠᠨ ᠣᠨ ᠤ ᠶᠠᠭᠤᠮ᠎ᠠ ᠪᠣᠯᠬᠤᠷ ᠡᠶᠢᠮᠦ ᠪᠤᠶᠤ ᠲᠡᠶᠢᠮᠤ ᠡ᠊ᠨᠳᠡᠭᠦᠤ ᠲᠠᠰᠢᠶᠠᠷᠠᠯ ᠪᠠᠶᠢᠵᠤ ᠮᠡᠳᠡᠬᠦ ᠲᠤᠯᠠ ᠡᠷᠬᠢᠮ ᠤᠩᠰᠢᠭᠴᠢᠳ ᠵᠠᠯᠠᠷᠠᠭᠤᠯᠤᠨ ᠲᠣᠯᠢᠳᠠᠬᠤ ᠪᠣᠯᠪᠠᠤ︕                    ᠯᠠᠪᠯᠠᠭᠰᠠᠨ ᠮᠠᠲ᠋ᠧᠷᠢᠶᠠᠯ᠄          ① ︽金融辞典︾ ︵1981年版︶          ②2015年12月15日内蒙古日报 ︵汉文版︶          ③2019年 10月24日内蒙古日报 ︵汉文版︶ 等。                    ᠵᠣᠬᠢᠶᠠᠭᠴᠢ ᠶᠢᠨ ᠬᠠᠶ᠋ᠢᠭ᠄ ᠠᠯᠠᠱᠠ ᠠᠶᠢᠮᠠᠭ ᠤᠨ ᠲᠠᠷᠢᠶᠠᠯᠠᠩ ᠤᠨ ᠪᠠᠩᠬᠢ ︵ᠠᠵᠢᠯ ᠠᠴᠠ ᠪᠠᠨ ᠠᠮᠠᠷᠠᠭᠰᠠᠨ ᠺᠠᠳ᠋ᠷ︶
 
ᠢᠷᠡᠯᠲᠡ᠄ ᠠᠯᠠᠱᠠ ᠶᠢᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号